ᠪᠦᠬᠡ ᠱᠠᠯᠪᠢᠩ ︵ᠵᠢᠷᠭᠤᠭ᠎ᠠ︶
ᠨᠡᠶᠢᠲᠡᠯᠡᠭᠰᠡᠨ ᠴᠠᠭ᠄
2021/6/17
             ᠭᠡᠷ ᠤᠨ ᠬᠠᠶᠠᠭ᠎ᠠ ᠪᠠᠷ ᠰᠢᠷᠭᠤᠵᠦ ᠶᠡᠭᠡ ᠲᠦᠭᠰᠢᠬᠦᠷᠢ ᠠᠴᠠ ᠮᠤᠯᠳᠤᠷᠠᠭᠰᠠᠨ       ᠬᠦᠷᠢᠶᠡᠨ ᠠᠴᠠ ᠭᠠᠷᠴᠦ ᠢᠷᠡᠭᠡᠳ ᠱᠠᠯᠪᠢᠩ ᠮᠣᠷᠢ ᠪᠠᠨ ᠵᠡᠯᠡᠨ ᠡᠷᠭᠢᠬᠦᠯᠵᠦ ᠡᠮᠦᠨ᠎ᠡ ᠵᠦᠭ ᠢ ᠴᠢᠭᠯᠡᠨ ᠳᠠᠪᠬᠢᠭᠤᠯᠤᠭᠰᠠᠭᠠᠷ ᠨᠠᠷᠠ ᠵᠢᠷᠭᠠᠬᠤ ᠶᠢᠨ ᠠᠯᠳᠠ ᠪᠠᠷ ᠨᠢᠭᠡ ᠠᠶᠢᠯ ᠳᠤ ᠢᠷᠡᠵᠦ ᠪᠠᠭᠤᠵᠡᠢ᠃ᠲᠡᠷᠡ ᠠᠶᠢᠯ ᠳᠤ ᠵᠢᠷᠠ ᠭᠠᠷᠤᠭᠰᠠᠨ ᠲᠦᠯᠦᠪᠳᠡᠢ ᠭᠠᠭᠴᠠ ᠡᠮᠡᠭᠡᠨ ᠪᠡᠶᠢᠵᠦ ᠭᠡᠨ᠎ᠡ᠃ ᠱᠠᠯᠪᠢᠩ ᠦᠪᠡᠷ ᠢ ᠪᠠᠨ ᠠᠪᠤ ᠡᠵᠢ ᠳᠡᠭᠡᠨ ᠪᠤᠶᠠᠨ ᠬᠢᠵᠦ ᠬᠦᠷᠢᠶᠡᠨ ᠳᠤ ᠮᠦᠷᠭᠦᠭᠡᠳ ᠪᠤᠴᠠᠵᠦ ᠪᠠᠶᠢᠨ᠎ᠡ ᠭᠡᠵᠦ ᠡᠮᠡᠭᠡᠨ ᠳᠤ ᠬᠤᠳᠠᠯ ᠬᠡᠯᠡᠵᠡᠢ᠃       ︽ᠨᠠᠶᠢᠷ ᠰᠠᠶᠢᠬᠠᠨ ᠪᠤᠯᠵᠦ ᠪᠠᠶᠢᠨ᠎ᠠ ᠤᠤ︖ ᠬᠦᠮᠦᠨ ᠬᠠᠷ᠎ᠠ ᠤᠯᠠᠨ ᠪᠠᠶᠢᠨ᠎ᠠ ᠤᠤ︖︾ ᠭᠡᠵᠦ ᠡᠮᠡᠭᠡᠨ ᠠᠰᠠᠭᠤᠭᠰᠠᠨ ᠳᠤ ᠱᠠᠯᠪᠢᠩ᠄ ︽ᠨᠠᠶᠢᠷ ᠰᠠᠶᠢᠬᠠᠨ ᠪᠤᠯᠤᠯ᠎ᠠ᠂ ᠬᠦᠮᠦᠨ ᠠᠴᠠ ᠤᠯᠠᠨ ᠶᠠᠭᠤᠮ᠎ᠠ ᠦᠭᠡᠢ᠂ ᠪᠢ ᠴᠤ ᠲᠡᠭᠡᠭᠡᠳ ᠨᠤᠮ ᠪᠤᠶᠠᠨ ᠤ ᠤᠴᠢᠷ ᠢᠶᠠᠷ ᠶᠠᠪᠤᠵᠦ ᠪᠠᠶᠢᠭ᠎ᠠ ᠪᠤᠯᠬᠤᠷ ᠨᠠᠶᠢᠷ ᠲᠡᠭᠦᠰᠬᠦ ᠢ ᠨᠢ ᠬᠦᠯᠢᠶᠡᠯ ᠦᠭᠡᠢ ᠪᠠᠷ ᠭᠠᠷᠤᠭᠠᠳ ᠢᠷᠡᠯ᠎ᠡ︾ ᠭᠡᠵᠡᠢ᠃       ᠡᠮᠡᠭᠡᠨ ᠤ ᠭᠡᠷ ᠲᠤ ᠱᠠᠯᠪᠢᠩ ᠰᠠᠭᠤᠵᠦ ᠪᠠᠶᠢᠭᠠᠳ ᠨᠢᠭᠡ ᠴᠢᠯᠠᠭᠤᠵᠢᠭᠰᠠᠨ ᠰᠠᠶᠢᠷᠭᠠᠯ ᠴᠢᠯᠠᠭᠤ ᠶᠢ ᠭᠠᠷ  ᠲᠠᠭᠠᠨ ᠪᠠᠷᠢᠵᠦ ᠬᠤᠶᠠᠷ ᠬᠤᠷᠤᠭᠤ ᠪᠠᠷ ᠢᠶᠠᠨ ᠢᠮᠡᠷᠴᠦ ᠰᠦᠢᠷᠡᠭᠦᠯᠪᠡ᠃ ᠲᠡᠷᠡ ᠡᠮᠡᠭᠡᠨ ᠡᠭᠦᠨ ᠢ ᠨᠢ ᠦᠵᠡᠭᠡᠳ ᠴᠢᠬᠢᠭᠳᠡᠢ ᠵᠠᠭ ᠤᠨ ᠰᠠᠯᠠᠭ᠎ᠠ ᠮᠤᠳᠤ ᠶᠢ ᠬᠤᠶᠠᠷ ᠬᠤᠷᠤᠭᠤ ᠪᠠᠷ ᠢᠮᠡᠷᠦᠨ ᠤᠶᠢᠷᠠᠳᠠᠰᠦ ᠪᠤᠯᠭᠠᠭᠠᠳ ᠭᠠᠯ ᠢᠶᠠᠨ ᠨᠤᠴᠤᠭᠠᠵᠦ ᠭᠡᠨ᠎ᠡ᠃       ᠲᠡᠭᠡᠭᠡᠳ ᠲᠡᠷᠡ ᠡᠮᠡᠭᠡᠨ ᠤ ᠬᠢᠵᠦ ᠦᠭᠭᠦᠭᠰᠡᠨ ᠴᠠᠢ ᠪᠤᠳᠠᠭ᠎ᠠ ᠶᠢ ᠨᠢ ᠢᠳᠡᠵᠦ᠂  ᠮᠣᠷᠢ ᠪᠠᠨ ᠴᠢᠳᠤᠷᠯᠠᠵᠦ ᠲᠠᠯᠪᠢᠭᠠᠳ᠂ ᠪᠠᠷᠠᠭᠤᠨ ᠲᠠᠯ᠎ᠠ ᠪᠠᠷ ᠡᠮᠡᠭᠡᠨ ᠤ ᠵᠠᠰᠠᠵᠦ ᠦᠭᠬᠦᠭᠰᠡᠨ ᠤᠷᠤ ᠳᠡᠭᠡᠷ᠎ᠡ ᠨᠢ ᠬᠡᠪᠲᠡᠨ᠂ ᠶᠠᠭ ᠨᠤᠶᠢᠷ ᠨᠢ ᠬᠦᠷᠴᠦ ᠵᠡᠭᠦᠷᠮᠡᠭᠯᠡᠵᠦ ᠪᠠᠶᠢᠳᠠᠯ᠎ᠠ᠂ ᠭᠠᠳᠠᠨ᠎ᠠ ᠮᠣᠷᠢᠨ ᠤ ᠲᠤᠭᠤᠷᠠᠢ ᠶᠢᠨ ᠴᠢᠮᠡᠭᠡ ᠭᠠᠷᠴᠦ᠂ ᠤᠳᠠᠭᠰᠠᠨ ᠦᠭᠡᠢ ᠨᠢᠭᠡ ᠬᠦᠮᠦᠨ ᠡᠭᠦᠳᠡ ᠰᠡᠬᠦᠨ ᠤᠷᠤᠵᠦ ᠢᠷᠡᠵᠡᠢ᠃       ᠱᠠᠯᠪᠢᠩ ᠦᠨᠳᠡᠶᠢᠰᠭᠢᠵᠦ ᠭᠠᠯ ᠤᠨ ᠭᠡᠷᠡᠯ ᠳᠤ ᠠᠵᠢᠭᠯᠠᠨ ᠬᠠᠷᠠᠭᠰᠠᠨ ᠴᠢᠨᠢ᠂ ᠤᠷᠤᠵᠦ ᠢᠷᠡᠭᠰᠡᠨ ᠲᠡᠷᠡ ᠬᠦᠮᠦᠨ ᠨᠢ ᠬᠠᠷᠢᠨ ᠶᠠᠭ ᠰᠠᠶᠢᠬᠠᠨ ᠱᠠᠯᠪᠢᠩ ᠢᠶᠠᠷ ᠴᠤᠬᠢᠭᠤᠯᠤᠭᠰᠠᠨ ᠰᠠᠶᠢᠬᠢ ᠰᠦᠷᠡᠬᠡᠢ ᠬᠡᠦᠬᠡᠨ ᠪᠦᠬᠡ ᠪᠠᠶᠢᠵᠦ ᠭᠡᠨ᠎ᠡ᠃ ᠡᠨᠡ ᠦᠶ᠎ᠡ ᠳᠤ ᠬᠡᠦᠬᠡᠨ ᠪᠦᠬᠡ ᠴᠤ ᠮᠦᠨ ᠱᠠᠯᠪᠢᠩ ᠢ ᠲᠠᠨᠢᠭᠠᠳ᠂ ᠬᠠᠭᠠᠯᠭ᠎ᠠ ᠪᠠᠨ ᠳᠠᠷᠤᠵᠦ ᠬᠦᠢᠲᠡᠨ ᠢᠶᠠᠷ ᠢᠨᠢᠶᠡᠨ᠄ ︽ᠮᠠᠭᠤ ᠵᠤᠯᠢᠭ ᠴᠢ᠂ ᠲᠡᠷᠡ ᠤᠯᠠᠨ ᠤ ᠡᠮᠦᠨ᠎ᠡ ᠮᠢᠨᠦ ᠨᠢᠭᠤᠷ ᠢ ᠤᠷᠠᠵᠦ ᠬᠠᠶᠠᠴᠢᠬᠠᠭᠠᠳ᠂ ᠤᠷᠳᠤ ᠬᠠᠷᠢᠨ ᠪᠠᠰᠠ ᠠᠶᠤᠮᠰᠢᠭ ᠦᠭᠡᠢ ᠪᠠᠷ ᠮᠢᠨᠤ ᠭᠡᠷ ᠲᠤ ᠬᠡᠪᠲᠡᠵᠦ ᠪᠠᠶᠢᠨ᠎ᠠ ᠭᠡᠨ᠎ᠡ ᠤᠤ︖ ᠪᠤᠯᠵᠡᠢ᠂ ᠣᠳᠣ ᠮᠦᠨ ᠲᠡᠭᠡᠭᠡᠳ ᠬᠡᠪᠲᠡᠵᠦ ᠪᠠᠶᠢᠬᠤ ᠪᠠᠷ ᠢᠶᠠᠨ ᠬᠡᠪᠲᠡᠵᠦ ᠪᠠᠢ᠂ ᠦᠨᠦᠳᠦᠷ ᠪᠢᠳᠠ ᠬᠤᠶᠠᠭᠤᠯᠠ ᠥᠷᠢ ᠰᠢᠷᠢ ᠪᠠᠨ ᠪᠤᠳᠤᠵᠦ ᠥᠭᠬᠦ ᠠᠪᠬᠤ ᠪᠠᠨ ᠲᠡᠭᠰᠢᠯᠡᠵᠦ ᠤᠷᠬᠢᠶ᠎ᠠ︕︾ ᠭᠡᠳ ︽ᠡᠵᠢ ᠡ᠂ ᠲᠠ ᠨᠠᠰᠢ ᠢᠷᠡᠭᠡᠳ ᠡᠭᠦᠳᠡ ᠳᠠᠷᠤᠵᠦ ᠪᠠᠶᠢᠭᠳᠤᠨ᠂ ᠡᠨᠡ ᠭᠤᠶᠤᠯᠭᠠᠴᠢᠨ ᠢ ᠪᠢ ᠮᠡᠳᠡᠶ᠎ᠡ︾ ᠭᠡᠵᠦ ᠡᠮᠡᠭᠡᠨ ᠳᠤ ᠬᠡᠯᠡᠭᠰᠡᠨ ᠳᠤ᠂ ᠡᠮᠡᠭᠡᠨ ᠱᠠᠯᠪᠢᠩ ᠤᠷᠤᠭᠤ ᠨᠢᠭᠡ ᠮᠠᠭᠤᠬᠠᠢ ᠬᠠᠷᠠᠵᠦ ᠠᠪᠤᠭᠠᠳ ᠬᠠᠶᠢᠵᠢᠭᠠᠨᠠᠨ ᠪᠤᠰᠴᠦ ᠡᠭᠦᠳᠡ ᠤᠷᠤᠭᠤ ᠤᠴᠢᠵᠦ ᠭᠡᠨ᠎ᠡ᠃       ᠡᠨᠡ ᠬᠤᠭᠤᠷᠤᠨᠳᠤ ᠱᠠᠯᠪᠢᠩ ᠶᠠᠭᠤ ᠬᠠᠢ ᠦᠭᠡᠢ ᠳᠡᠪᠡᠯ ᠢᠶᠠᠨ ᠬᠠᠨᠴᠤᠶᠢᠯᠠᠵᠦ᠂ ᠨᠢᠭᠡᠨᠳᠡ ᠡᠭᠦᠳᠡ ᠪᠠᠷ ᠭᠠᠷᠬᠤ ᠠᠷᠭ᠎ᠠ ᠦᠭᠡᠢ ᠪᠤᠯᠤᠭᠰᠠᠨ ᠲᠤᠯᠠ᠂ ᠭᠡᠨᠡᠳᠲᠡ ᠤᠬᠠᠭ᠎ᠠ ᠠᠪᠤᠨ ᠤᠬᠤᠰᠬᠢᠵᠦ ᠮᠦᠨ ᠰᠠᠭᠤᠭ᠎ᠠ ᠪᠠᠷ ᠢᠶᠠᠨ ᠪᠠᠷᠠᠭᠤᠨ ᠬᠤᠷᠮᠤᠢ ᠳᠠᠬᠢ ᠪᠤᠷᠬᠠᠨ ᠤ ᠭᠦᠩᠭᠠᠷᠠᠪᠠ ᠶᠢ ᠨᠢ ᠡᠭᠦᠳᠡᠨ ᠤ ᠵᠦᠭ ᠴᠢᠯᠠᠭᠤᠳᠠᠵᠦ ᠶᠠᠪᠤᠭᠤᠯᠤᠩᠭᠤᠲᠠ᠂ ᠬᠠᠨ᠎ᠠ ᠶᠢᠨ ᠰᠢᠬᠢᠷ᠎ᠠ ᠠᠴᠠ ᠨᠢ ᠪᠠᠷᠢᠵᠦ ᠳᠡᠭᠡᠭᠰᠢ ᠪᠠᠨ ᠡᠷᠭᠦᠨ ᠳᠤᠯᠤᠭᠠᠢ ᠳᠡᠭᠡᠭᠦᠷ ᠢᠶᠠᠨ ᠬᠤᠶᠢᠰᠢ ᠨᠢ ᠠᠪᠴᠦ ᠴᠤᠬᠤᠶᠢᠭᠠᠳ ᠳᠤᠤᠭᠤᠷ ᠨᠢ ᠰᠢᠷᠭᠤᠨ ᠭᠠᠷᠴᠠᠢ᠃       ᠠᠷᠦ ᠳᠤᠨᠢ ᠥᠨᠥᠬᠢ ᠮᠤᠩᠭᠤᠯ ᠭᠡᠷ ᠨᠢ ᠵᠡᠭᠦᠨ ᠤᠷᠤᠭᠰᠢ ᠪᠠᠨ ᠶᠠᠪᠤᠭᠠᠳ ᠤᠶᠢᠴᠢᠮᠠᠷ ᠶᠠᠩᠵᠤᠳᠠᠢ ᠲᠤᠩᠭᠤᠶᠢᠵᠦ ᠲᠤᠩᠭᠤᠶᠢᠵᠦ᠂ ᠭᠠᠭᠴᠠ ᠬᠦᠯ ᠢᠶᠠᠷ ᠢᠶᠠᠨ ᠵᠤᠭᠰᠤᠭᠰᠠᠨ ᠬᠦᠭᠰᠢᠨ ᠬᠦᠮᠦᠨ ᠰᠢᠭ ᠬᠡᠢ ᠳᠤᠮᠳᠠ ᠨᠠᠰᠢ ᠴᠠᠰᠢ ᠬᠡᠳᠦ ᠬᠠᠶᠢᠪᠠᠭᠠᠨᠠᠵᠦ ᠠᠪᠤᠭᠠᠳ᠂ ᠬᠠᠷᠢᠨ ᠭᠡᠨᠡᠳᠬᠡᠨ ᠫᠠᠳᠬᠢᠵᠦ ᠬᠠᠭᠤᠴᠢᠨ ᠰᠠᠭᠤᠷᠢᠨ ᠳᠠᠭᠠᠨ ᠭᠠᠵᠠᠷ ᠪᠤᠮᠪᠠᠳᠠᠨ ᠵᠤᠭᠰᠤᠵᠤ ᠭᠡᠨ᠎ᠡ᠃       ᠬᠡᠦᠬᠡᠨ ᠤ ᠤᠨᠤᠵᠦ ᠢᠷᠡᠭᠰᠡᠨ ᠮᠤᠷᠢ ᠨᠢ ᠭᠠᠳᠠᠭ᠎ᠠ ᠳᠡᠨᠳᠡ ᠤᠶᠠᠭᠠᠳᠠᠢ ᠵᠤᠭᠰᠤᠵᠤ ᠪᠠᠶᠢᠵᠡᠢ᠃       ᠱᠠᠯᠪᠢᠩ ᠳᠠᠪᠬᠢᠨ ᠢᠷᠡᠵᠦ ᠤᠶᠠᠭ᠎ᠠ ᠶᠢ ᠨᠢ ᠲᠠᠶᠢᠯᠤᠨ ᠮᠤᠷᠳᠠᠭᠠᠳ ᠠᠪᠳᠠᠯ᠎ᠠ᠂ ᠬᠡᠦᠬᠡᠨ ᠪᠦᠬᠡ ᠪᠠᠰᠠ ᠵᠠᠪᠳᠤᠨ ᠨᠡᠬᠡᠵᠦ ᠢᠷᠡᠭᠡᠳ ᠱᠠᠯᠪᠢᠩ ᠤᠨ ᠠᠷᠤ ᠬᠤᠷᠮᠤᠢ ᠠᠴᠠ ᠨᠢ ᠵᠠᠭᠤᠷᠠᠭᠠᠳ ᠠᠪᠴᠡᠢ᠃ ᠭᠡᠪᠡᠴᠦ ᠬᠡᠦᠬᠡᠨ ᠱᠠᠯᠪᠢᠩ ᠢ ᠪᠠᠷᠢᠵᠦ ᠴᠢᠳᠠᠭᠰᠠᠨ ᠦᠭᠡᠢ ᠵᠦᠪᠬᠡᠨ ᠬᠤᠷᠮᠤᠢ ᠠᠴᠠ ᠨᠢ ᠨᠢᠭᠡᠨ ᠬᠡᠰᠡᠭ ᠳᠠᠰᠤᠳᠠᠵᠦ ᠠᠪᠴᠡᠢ᠃ ᠬᠠᠷᠠᠩᠭᠤᠢ ᠶᠢᠨ ᠳᠤᠮᠳᠠᠭᠤᠷ ᠲᠠᠴᠢᠭᠢᠨᠠᠨ ᠬᠤᠯᠠᠳᠬᠤ ᠤᠷᠢᠨ ᠲᠤᠭᠤᠷᠠᠢ ᠶᠢᠨ ᠴᠢᠮᠡᠭᠡ ᠶᠢ ᠲᠠᠨᠡᠭᠷᠡᠨ ᠴᠢᠩᠨᠠᠭᠰᠠᠭᠠᠷ ᠭᠠᠶᠢᠬᠠᠯ ᠪᠤᠯᠤᠨ ᠬᠤᠴᠤᠷᠴᠦ ᠭᠡᠨ᠎ᠡ᠃
 
ᠢᠷᠡᠯᠲᠡ᠄ ᠠᠯᠠᠱᠠ ᠪᠦᠬᠡ ᠱᠠᠯᠪᠢᠩ ᠤᠨ ᠨᠠᠮᠳᠠᠷ ᠳᠣᠮᠤᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号