︽ᠠᠯᠠᠱᠠ ᠠᠶᠢᠮᠠᠭ ᠤᠨ ᠨᠡᠶᠢᠭᠡᠮ ᠤᠨ ᠠᠪᠤᠷᠠᠨ ᠳᠣᠰᠠᠯᠠᠯᠳᠠ ᠪᠠ ᠪᠠᠲᠤᠯᠠᠭ᠎ᠠ ᠶᠢᠨ ᠪᠠᠷᠢᠮᠵᠢᠶ᠎ᠠ ᠶᠢ ᠪᠠᠷᠠᠭᠠᠨ ᠤ ᠦᠨ᠎ᠡ ᠶᠢᠨ ᠥᠰᠥᠯᠲᠡ ᠲᠠᠢ ᠬᠤᠯᠪᠣᠭᠳᠠᠭᠤᠯᠬᠤ ᠬᠠᠮᠳᠣᠷᠠᠨ ᠬᠥᠳᠡᠯᠦᠯᠴᠡᠬᠦ ᠲᠣᠭᠲᠠᠴᠠ ᠶᠢ ᠬᠡᠷᠡᠭᠵᠢᠭᠦᠯᠬᠦ ᠲᠥᠰᠦᠯ︾ ᠤᠨ ᠲᠥᠷᠥ ᠶᠢᠨ ᠪᠣᠳᠣᠯᠭ᠎ᠠ ᠶᠢᠨ ᠲᠠᠶᠢᠯᠤᠮᠵᠢ
ᠨᠡᠶᠢᠲᠡᠯᠡᠭᠰᠡᠨ ᠴᠠᠭ᠄
2021/5/19
     ᠨᠢᠭᠡ᠂ ︽ᠬᠡᠷᠡᠭᠵᠢᠭᠦᠯᠬᠦ ᠲᠥᠰᠦᠯ︾ ᠢ ᠨᠡᠶᠢᠲᠡᠯᠡᠭᠰᠡᠨ ᠠᠬᠤᠶ ᠪᠠᠶᠢᠳᠠᠯ      ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠲᠢᠩᠬᠢᠮ ᠤᠨ            ︽ᠨᠡᠶᠢᠭᠡᠮ ᠤᠨ ᠠᠪᠣᠷᠠᠨ ᠳᠣᠰᠠᠯᠠᠯᠳᠠ ᠪᠠ ᠪᠠᠲᠤᠯᠠᠭ᠎ᠠ ᠶᠢᠨ ᠪᠠᠷᠢᠮᠵᠢᠶ᠎ᠠ ᠶᠢ ᠪᠠᠷᠠᠭᠠᠨ ᠤ ᠦᠨ᠎ᠡ ᠶᠢᠨ ᠥᠰᠥᠯᠲᠡ  ᠲᠠᠢ ᠬᠤᠯᠪᠣᠭᠳᠠᠭᠤᠯᠬᠤ ᠬᠠᠮᠲᠤᠷᠠᠨ ᠬᠥᠳᠡᠯᠦᠯᠴᠡᠬᠦ ᠲᠣᠭᠲᠠᠴᠠ ᠶᠢ ᠤᠯᠠᠮ ᠨᠢᠭᠡ ᠠᠯᠬᠤᠮ ᠲᠡᠭᠦᠯᠳᠡᠷᠵᠢᠭᠦᠯᠬᠦ ᠲᠤᠬᠠᠶ ᠮᠡᠳᠡᠭᠳᠡᠯ︾ ︵ᠥᠪᠥᠷ ᠵᠠᠰᠠᠭ ᠠᠯᠪᠠᠨ ᠲᠠᠷᠬᠠᠭᠠᠭᠰᠠᠨ 〔2021〕6 ᠳ᠋ᠤᠭᠠᠷ ᠲᠣᠭᠠᠲᠤ︶ ᠤᠨ ᠵᠣᠷᠢᠭ ᠰᠠᠨᠠᠭ᠎ᠠ ᠶᠢ ᠦᠨᠳᠦᠰᠦᠯᠡᠨ᠂ ᠮᠠᠨ ᠤ ᠠᠶᠢᠮᠠᠭ ᠤᠨ ᠪᠣᠳᠠᠲᠤ ᠪᠠᠶᠢᠳᠠᠯ ᠲᠠᠢ ᠤᠶᠠᠯᠳᠤᠭᠤᠯᠵᠤ᠂ ᠠᠶᠢᠮᠠᠭ ᠤᠨ ᠵᠠᠬᠢᠷᠭ᠎ᠠ ︽ᠠᠯᠠᠱᠠ ᠠᠶᠢᠮᠠᠭ ᠤᠨ ᠨᠡᠶᠢᠭᠡᠮ ᠤᠨ ᠠᠪᠣᠷᠠᠨ ᠳᠣᠰᠠᠯᠠᠯᠳᠠ ᠪᠠ ᠪᠠᠲᠤᠯᠠᠭ᠎ᠠ ᠶᠢᠨ ᠪᠠᠷᠢᠮᠵᠢᠶ᠎ᠠ ᠶᠢ ᠪᠠᠷᠠᠭᠠᠨ ᠤ ᠦᠨ᠎ᠡ ᠶᠢᠨ ᠥᠰᠥᠯᠲᠡ ᠲᠠᠢ ᠬᠤᠯᠪᠣᠭᠳᠠᠭᠤᠯᠬᠤ ᠬᠠᠮᠲᠤᠷᠠᠨ ᠬᠥᠳᠡᠯᠦᠯᠴᠡᠬᠦ ᠲᠣᠭᠲᠠᠴᠠ ᠶᠢ ᠬᠡᠷᠡᠭᠵᠢᠭᠦᠯᠬᠦ ᠲᠥᠰᠦᠯ︾ ᠢ ᠲᠣᠭᠲᠠᠭᠠᠪᠠ᠃ ᠲᠥᠰᠦᠯ ᠳᠤ ᠶᠡᠷᠦᠩᠬᠡᠶ ᠵᠠᠷᠴᠢᠮ᠂ ᠬᠠᠮᠲᠤᠷᠠᠨ ᠬᠥᠳᠡᠯᠦᠯᠴᠡᠬᠦ ᠲᠣᠭᠲᠠᠴᠠ ᠶᠢ ᠡᠬᠢᠯᠡᠭᠦᠯᠬᠦ ᠪᠠ ᠵᠣᠭᠰᠣᠭᠠᠬᠤ᠂ ᠨᠦᠬᠦᠪᠦᠷᠢ ᠣᠯᠭᠤᠬᠤ ᠡᠲᠡᠭᠡᠳ ᠵᠢᠴᠢ ᠬᠡᠪᠴᠢᠶ᠎ᠡ᠂ ᠨᠥᠬᠦᠪᠥᠷᠢ ᠥᠭᠬᠦ ᠪᠠᠷᠢᠮᠵᠢᠶ᠎ᠠ᠂ ᠪᠡᠯᠡ ᠮᠥᠩᠭᠦ ᠶᠢᠨ ᠢᠷᠡᠯᠲᠡ᠂ ᠨᠥᠬᠦᠪᠥᠷᠢ ᠥᠭᠬᠦ ᠠᠷᠭ᠎ᠠ ᠮᠠᠶ᠋ᠢᠭ᠂ ᠠᠵᠢᠯ ᠤᠨ ᠲᠣᠭᠲᠠᠴᠠ᠂ ᠠᠵᠢᠯ ᠤᠨ ᠱᠠᠭᠠᠷᠳᠠᠯᠭ᠎ᠠ ᠵᠡᠷᠭᠡ ᠠᠭᠤᠯᠭ᠎ᠠ ᠶᠢ ᠪᠠᠭᠳᠠᠭᠠᠵᠠᠢ᠃      ᠬᠤᠶᠠᠷ᠂ ︽ᠬᠡᠷᠡᠭᠵᠢᠭᠦᠯᠬᠦ ᠲᠥᠰᠦᠯ︾ ᠢ ᠨᠡᠶᠢᠲᠡᠯᠡᠭᠰᠡᠨ ᠵᠣᠷᠢᠯᠭ᠎ᠠ      ᠤᠯᠤᠰ᠂ ᠥᠪᠡᠷᠲᠡᠭᠡᠨ ᠵᠠᠰᠠᠬᠤ ᠣᠷᠣᠨ ᠵᠢᠴᠢ ᠠᠶᠢᠮᠠᠭ ᠤᠨ ᠨᠠᠮ ᠤᠨ ᠬᠤᠷᠢᠶ᠎ᠠ ᠵᠠᠬᠢᠷᠭ᠎ᠠ ᠶᠢᠨ ᠬᠡᠷᠡᠭᠯᠡᠭᠡᠨ ᠤ ᠦᠨ᠎ᠡ ᠬᠠᠩᠰᠢ ᠶᠢᠨ ᠶᠡᠷᠦᠩᠬᠡᠶ ᠳᠦᠪᠰᠢᠨ ᠢ ᠲᠣᠭᠲᠠᠪᠤᠷᠢᠵᠢᠭᠤᠯᠤᠨ ᠬᠦᠴᠢᠷᠳᠡᠯᠲᠡᠶ ᠣᠯᠠᠨ ᠲᠦᠮᠡᠨ ᠤ ᠦᠨᠳᠦᠰᠦᠨ ᠠᠮᠢᠳᠤᠷᠠᠯ ᠢ ᠪᠠᠲᠤᠯᠠᠬᠤ ᠵᠡᠷᠭᠡ ᠲᠥᠷᠥ ᠶᠢᠨ ᠪᠣᠳᠣᠯᠭ᠎ᠠ ᠶᠢᠨ ᠠᠷᠭ᠎ᠠ ᠬᠡᠮᠵᠢᠶ᠎ᠡ ᠶᠢ ᠪᠦᠬᠦ ᠲᠠᠯ᠎ᠠ ᠪᠠᠷ  ᠨᠠᠶᠢᠳᠠᠪᠣᠷᠢᠵᠢᠭᠤᠯᠵᠦ᠂ ᠪᠦᠬᠦ ᠠᠶᠢᠮᠠᠭ ᠤᠨ ᠨᠡᠶᠢᠭᠡᠮ ᠤᠨ ᠠᠪᠤᠷᠠᠨ ᠳᠣᠰᠠᠯᠠᠯᠳᠠ ᠪᠠ ᠪᠠᠲᠤᠯᠠᠭ᠎ᠠ ᠶᠢᠨ ᠪᠠᠷᠢᠮᠵᠢᠶ᠎ᠠ ᠶᠢ ᠪᠠᠷᠠᠭ᠎ᠠ ᠶᠢᠨ ᠦᠨ᠎ᠡ ᠶᠢᠨ ᠥᠰᠥᠯᠲᠡ ᠲᠠᠢ ᠬᠤᠯᠪᠣᠭᠳᠠᠭᠤᠯᠬᠤ ᠬᠠᠮᠲᠤᠷᠠᠨ ᠬᠥᠳᠡᠯᠦᠯᠴᠡᠬᠦ ᠲᠣᠭᠲᠠᠴᠠ ︵ᠳᠣᠷᠣᠭᠰᠢ ᠬᠠᠮᠲᠤᠷᠠᠨ ᠬᠥᠳᠡᠯᠦᠯᠴᠡᠬᠦ ᠲᠣᠭᠲᠠᠴᠠ ᠭᠡᠵᠦ ᠲᠣᠪᠴᠢᠯᠠᠨ᠎ᠠ︶ ᠶᠢ ᠪᠠᠶᠢᠭᠤᠯᠵᠦ᠂ ᠦᠨ᠎ᠡ ᠬᠠᠩᠰᠢ ᠶᠢᠨ ᠲᠦᠷ ᠴᠠᠭ ᠤᠨ ᠬᠥᠳᠡᠯᠦᠩᠭᠦᠶ ᠨᠥᠬᠦᠪᠥᠷᠢ ᠶᠢ ᠬᠡᠷᠡᠭᠵᠢᠭᠦᠯᠦᠨ᠂ ᠬᠦᠴᠢᠷᠳᠡᠯᠲᠡᠶ ᠣᠯᠠᠨ ᠲᠦᠮᠡᠨ ᠤ ᠥᠭᠡᠷᠡᠴᠢᠯᠡᠯᠲᠡ ᠬᠥᠭᠵᠢᠯᠲᠡ ᠶᠢᠨ ᠦᠷ᠎ᠡ ᠪᠦᠲᠦᠭᠡᠯ ᠢ ᠬᠦᠷᠲᠡᠬᠦ ᠶᠢ ᠪᠠᠲᠤᠯᠠᠵᠤ᠂ ᠦᠨ᠎ᠡ ᠬᠠᠩᠰᠢ ᠶᠢᠨ ᠥᠰᠥᠯᠲᠡ ᠠᠴᠠ ᠪᠣᠯᠵᠤ ᠬᠦᠴᠢᠷᠳᠡᠯᠲᠡᠶ ᠣᠯᠠᠨ ᠲᠦᠮᠡᠨ ᠤ ᠦᠨᠳᠦᠰᠦᠨ ᠠᠮᠢᠳᠤᠷᠠᠯ ᠤᠨ ᠳᠦᠪᠰᠢᠨ ᠵᠣᠬᠢᠬᠤ ᠬᠡᠮᠵᠢᠶ᠎ᠡ ᠪᠠᠷ ᠪᠠᠭᠤᠷᠠᠬᠤ ᠥᠬᠡᠶ ᠪᠠᠶᠢᠬᠤ ᠶᠢ ᠦᠨᠡᠨᠬᠦ ᠪᠠᠳᠣᠯᠠᠨ᠎ᠠ᠃       ᠭᠤᠷᠪᠠ᠂ ᠬᠠᠮᠲᠤᠷᠠᠨ ᠬᠥᠳᠡᠯᠦᠯᠴᠡᠬᠦ ᠲᠣᠭᠲᠠᠴᠠ ᠶᠢ ᠡᠬᠢᠯᠡᠭᠦᠯᠬᠦ ᠪᠠ ᠵᠣᠭᠰᠣᠭᠠᠬᠤ ᠨᠥᠬᠦᠴᠡᠯ     ᠪᠦᠬᠦ ᠠᠶᠢᠮᠠᠭ ᠤᠨ ᠰᠠᠭᠤᠭᠠᠯᠢ ᠠᠷᠠᠳ ᠤᠨ ᠬᠡᠷᠡᠭᠯᠡᠭᠡᠨ ᠤ ᠦᠨ᠎ᠡ ᠬᠠᠩᠰᠢ ᠶᠢᠨ ᠵᠢᠭᠠᠯᠲᠠ ᠲᠤᠭ᠎ᠠ ︵CPI︶ ᠶᠢᠨ ᠳᠠᠩ ᠰᠠᠷ᠎ᠠ ᠶᠢᠨ ᠠᠳᠠᠯᠢ ᠬᠤᠭᠤᠴᠠᠭᠠᠨ ᠤ ᠬᠢ ᠠᠴᠠ ᠥᠰᠦᠭᠰᠡᠨ ᠬᠡᠮᠵᠢᠶ᠎ᠡ ᠨᠢ 3 % ᠪᠤᠶᠤ ᠪᠦᠬᠦ ᠠᠶᠢᠮᠠᠭ ᠤᠨ CPI ᠳᠠᠬᠢ ᠢᠳᠡᠭᠡᠨ ᠤ ᠵᠦᠢᠯ ᠤᠨ ᠦᠨ᠎ᠡ ᠬᠠᠩᠰᠢ ᠶᠢᠨ ᠳᠠᠩ ᠰᠠᠷ᠎ᠠ ᠶᠢᠨ ᠠᠳᠠᠯᠢ ᠬᠤᠭᠤᠴᠠᠭᠠᠨ ᠤ ᠬᠢ ᠠᠴᠠ ᠥᠰᠦᠭᠰᠡᠨ ᠬᠡᠮᠵᠢᠶ᠎ᠡ ᠨᠢ 6 % ᠳᠤ ᠬᠦᠷᠪᠡᠯ᠂ ᠪᠦᠬᠦ ᠠᠶᠢᠮᠠᠭ ᠤᠨ ᠬᠠᠮᠳᠣᠷᠠᠨ ᠬᠥᠳᠡᠯᠦᠯᠴᠡᠬᠦ ᠲᠣᠭᠲᠠᠴᠠ ᠶᠢ ᠡᠬᠢᠯᠡᠬᠦᠯᠦᠨ᠎ᠡ︔ ᠲᠣᠰ ᠰᠠᠷ᠎ᠠ ᠠᠴᠠ ᠢᠯᠡᠬᠦᠦ ᠬᠤᠭᠤᠴᠠᠭᠠᠨ ᠳᠤ ᠡᠬᠢᠯᠡᠭᠦᠯᠬᠦ ᠨᠥᠬᠦᠴᠡᠯ ᠢ ᠴᠥᠮ ᠬᠠᠩᠭᠠᠵᠤ ᠳᠡᠶᠢᠯᠬᠦ ᠥᠬᠡᠶ ᠪᠣᠯ ᠬᠠᠮᠳᠣᠷᠠᠨ ᠬᠦᠳᠡᠯᠦᠯᠴᠡᠬᠦ ᠲᠣᠭᠲᠠᠴᠠ ᠶᠢ ᠵᠣᠭᠰᠣᠭᠠᠵᠤ᠂ ᠦᠨ᠎ᠡ ᠬᠠᠩᠰᠢ ᠶᠢᠨ ᠲᠦᠷ ᠴᠠᠭ ᠤᠨ ᠨᠥᠬᠦᠪᠥᠷᠢ ᠣᠯᠭᠤᠬᠤ ᠶᠢ ᠵᠣᠭᠰᠣᠭᠠᠨ᠎ᠠ᠃      ᠳᠥᠷᠪᠡ᠂ ᠠᠵᠢᠯ ᠤᠨ ᠲᠣᠭᠲᠠᠴᠠ     ᠠᠶᠢᠮᠠᠭ ᠤᠨ ᠬᠥᠭᠵᠢᠭᠦᠯᠦᠯᠲᠡ ᠥᠭᠡᠷᠡᠴᠢᠯᠡᠯᠲᠡ ᠶᠢᠨ ᠵᠥᠪᠯᠡᠯ ᠲᠦᠷᠦᠭᠦᠯᠡᠨ᠂ ᠤᠯᠤᠰ ᠤᠨ ᠲᠤᠭ᠎ᠠ ᠪᠦᠷᠢᠳᠬᠡᠯ ᠤᠨ ᠲᠣᠪᠴᠢᠶ᠎ᠠ ᠶᠢᠨ ᠠᠯᠠᠱᠠ ᠶᠢᠨ ᠪᠠᠶᠢᠴᠠᠭᠠᠯᠲᠠ ᠶᠢᠨ ᠠᠩᠭᠢ᠂ ᠠᠶᠢᠮᠠᠭ ᠤᠨ ᠡᠳ᠋ ᠤᠨ ᠵᠠᠰᠠᠭ ᠤᠨ ᠲᠣᠪᠴᠢᠶ᠎ᠠ᠂ ᠬᠥᠮᠦᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠲᠣᠪᠴᠢᠶ᠎ᠠ᠂ ᠠᠷᠠᠳ ᠤᠨ ᠶᠠᠪᠤᠳᠠᠯ ᠤᠨ ᠲᠣᠪᠴᠢᠶ᠎ᠠ᠂ ᠴᠡᠷᠢᠭ ᠠᠴᠠ ᠬᠠᠯᠠᠭᠳᠠᠭᠰᠠᠳ ᠤᠨ ᠶᠠᠪᠤᠳᠠᠯ ᠤᠨ ᠲᠣᠪᠴᠢᠶ᠎ᠠ᠂ ᠰᠤᠷᠭᠠᠨ ᠬᠥᠮᠦᠵᠢᠯ ᠪᠡᠶ᠎ᠡ ᠶᠢᠨ ᠲᠠᠮᠢᠷ ᠤᠨ ᠲᠣᠪᠴᠢᠶ᠎ᠠ᠂ ᠠᠯᠠᠱᠠ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ ᠬᠠᠮᠳᠣ ᠪᠠᠷ ᠣᠷᠣᠯᠴᠠᠨ ᠬᠠᠷᠢᠭᠤᠴᠠᠭᠰᠠᠨ ᠬᠤᠯᠪᠣᠭᠠᠯᠠᠨ ᠵᠥᠪᠳᠡᠯᠴᠡᠵᠦ ᠬᠦᠢᠴᠡᠳᠬᠡᠬᠦ ᠠᠵᠢᠯ ᠤᠨ ᠲᠣᠭᠲᠠᠴᠠ ᠶᠢ ᠪᠠᠶᠢᠭᠤᠯᠤᠨ᠎ᠠ︔ ᠲᠣᠭᠲᠠᠮᠠᠯ ᠬᠤᠭᠤᠴᠠᠭ᠎ᠠ ᠲᠠᠢ ᠪᠠᠷ ᠵᠥᠪᠳᠡᠯᠴᠡᠵᠦ᠂ ᠬᠦᠴᠢᠷᠳᠡᠯᠲᠡᠶ ᠣᠯᠠᠨ ᠲᠦᠮᠡᠨ ᠤ ᠦᠨᠳᠦᠰᠦᠨ ᠠᠮᠢᠳᠤᠷᠠᠯ ᠳᠤ ᠦᠵᠡᠭᠦᠯᠬᠦ ᠪᠠᠷᠠᠭᠠᠨ ᠤ ᠦᠨ᠎ᠡ ᠶᠢᠨ ᠥᠰᠥᠯᠲᠡ ᠶᠢᠨ ᠨᠥᠯᠥᠭᠡ ᠶᠢ ᠳᠡᠬᠡᠳᠦ ᠬᠡᠮᠵᠢᠶ᠎ᠡ ᠪᠠᠷ ᠠᠩᠬᠠᠷᠴᠤ᠂ ᠬᠠᠮᠲᠤᠷᠠᠨ ᠬᠥᠳᠡᠯᠦᠯᠴᠡᠬᠦ ᠲᠣᠭᠲᠠᠴᠠ ᠶᠢ ᠡᠬᠢᠯᠡᠭᠦᠯᠬᠦ ᠪᠤᠶᠤ ᠵᠣᠭᠰᠣᠭᠠᠬᠤ ᠶᠢ ᠰᠣᠳᠣᠯᠵᠦ᠂ ᠦᠨ᠎ᠡ ᠬᠠᠩᠰᠢ ᠶᠢᠨ ᠲᠦᠷ ᠴᠠᠭ ᠤᠨ ᠨᠥᠬᠦᠪᠥᠷᠢ ᠣᠯᠭᠤᠬᠤ ᠲᠥᠷᠥ ᠶᠢᠨ ᠪᠣᠳᠣᠯᠭ᠎ᠠ ᠶᠢ ᠨᠠᠶᠢᠳᠠᠪᠤᠷᠢᠵᠢᠭᠤᠯᠤᠨ᠂ ᠬᠠᠮᠢᠶ᠎ᠠ ᠪᠥᠬᠦᠶ ᠠᠵᠢᠯ ᠤᠨ ᠪᠠᠶᠢᠳᠠᠯ ᠢ ᠰᠤᠳᠤᠯᠤᠨ  ᠳ᠋ᠦᠩᠨᠡᠵᠦ ᠮᠡᠳᠡᠬᠦᠯᠦᠨ᠎ᠡ᠃     ᠬᠠᠮᠢᠶ᠎ᠠ ᠪᠦᠬᠦᠢ ᠪᠢᠴᠢᠭ ᠮᠠᠲ᠋ᠧᠷᠢᠶᠠᠯ ᠤᠨ ᠬᠤᠯᠪᠣᠭᠠᠰᠣ
 
ᠢᠷᠡᠯᠲᠡ᠄ ᠠᠯᠠᠱᠠ ᠠᠶᠢᠮᠠᠭ ᠤᠨ ᠵᠠᠬᠢᠷᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号