ᠠᠭᠸᠠᠩᠳᠠᠨᠳᠠᠷ ( ᠭᠤᠷᠪᠠ︶
ᠨᠡᠶᠢᠲᠡᠯᠡᠭᠰᠡᠨ ᠴᠠᠭ᠄
2021/5/14
     ᠠᠭᠸᠠᠩᠳᠠᠨᠳᠠᠷ ᠤᠯᠠᠩᠬᠢ ᠵᠤᠬᠢᠶᠠᠯ ᠢᠶᠠᠨ ᠲᠦᠪᠡᠳ ᠢᠶᠠᠷ ᠪᠢᠴᠢᠭᠰᠡᠨ ᠪᠠᠶᠢᠨ᠎ᠠ᠃ ᠲᠡᠷᠡ ᠲᠦᠪᠡᠳ ᠬᠡᠯᠡ ᠪᠠᠷ ᠵᠤᠬᠢᠶᠠᠭᠰᠠᠨ ᠭᠤᠴᠢᠨ ᠵᠢᠷᠭᠤᠭᠠᠨ ᠡᠬᠢᠲᠦ ᠵᠤᠬᠢᠶᠠᠯ ᠤᠨ ᠢᠶᠠᠨ ᠡᠬᠡ ᠨᠤᠤᠷᠠᠭ ᠢ ᠰᠡᠶᠢᠷᠡᠬᠦᠯᠦᠨ ᠪᠢᠴᠢᠭᠡᠳ ᠬᠦᠬᠡᠨᠠᠭᠤᠷ ᠮᠤᠵᠢ ᠶᠢᠨ ᠬᠦᠮᠪᠤᠮ ᠬᠡᠶᠢᠳ ᠲᠤ ᠲᠤᠰᠢᠶᠠᠵᠦ ᠲᠦᠪᠡᠳ ᠨᠤᠮ ᠢ ᠬᠡᠪᠯᠡᠬᠦ ᠭᠠᠵᠠᠷ ᠲᠤ ᠦᠭᠴᠦ ᠮᠤᠳᠤᠨ ᠪᠠᠷ ᠲᠤ ᠰᠡᠶᠢᠯᠦᠭᠦᠯᠵᠦ ᠬᠠᠳᠠᠭᠠᠯᠠᠭᠤᠯᠵᠡᠢ᠃ ᠡᠨᠡ ᠨᠢ ᠤᠳᠤ ᠶᠢᠨ ᠭᠦᠮᠪᠤᠮ ᠬᠡᠶᠢᠳ ᠲᠤ ᠬᠡᠪᠯᠡᠵᠦ ᠪᠠᠶᠢᠭ᠎ᠠ ᠠᠭᠸᠠᠩᠳᠠᠨᠳᠠᠷ ᠯᠾᠠᠷᠠᠮᠪᠠ ᠶᠢᠨ ᠪᠦᠷᠢᠨ ᠵᠤᠬᠢᠶᠠᠯ ᠬᠡᠮᠡᠬᠦ ᠰᠦᠩᠪᠤᠮ ᠢ ᠵᠢᠭᠠᠵᠦ ᠪᠤᠢ᠃ ᠪᠦᠷᠢᠨ ᠵᠤᠬᠢᠶᠠᠯ ᠭᠡᠮᠡᠬᠦ ᠭᠤᠴᠢᠨ ᠵᠢᠷᠭᠤᠭᠠᠨ ᠡᠬᠢᠲᠦ ᠨᠤᠮ ᠢ ᠵᠤᠬᠢᠶᠠᠨ ᠨᠠᠶᠢᠷᠠᠭᠤᠯᠬᠤ ᠳᠠᠭᠠᠨ ᠭᠤᠤᠯᠳᠠᠭᠤ ᠭᠤᠷᠪᠠᠨ ᠲᠦᠷᠦᠯ ᠢᠶᠠᠷ ᠬᠤᠪᠢᠶᠠᠵᠦ ᠡᠮᠬᠢᠳᠭᠡᠨ ᠲᠤᠭᠤᠷᠪᠢᠵᠡᠢ᠃      ᠨᠢᠭᠡ᠂ ᠬᠦᠨ ᠤᠬᠠᠭᠠᠨ ᠤ ᠲᠤᠬᠠᠢ ᠵᠤᠬᠢᠶᠠᠯ ᠤᠳ      ︽ᠠᠳᠢᠰ ᠤᠨ ᠶᠤᠰᠤ ᠠᠴᠠ ᠦᠨᠳᠦᠰᠦᠯᠡᠨ ᠠᠪᠤᠭᠰᠠᠨ ᠦᠭᠡᠰ ᠤᠨ ᠬᠦᠰᠡᠯ ᠢ ᠬᠠᠩᠭᠠᠭᠴᠢ ᠡᠷᠳᠡᠨᠢ ᠶᠢᠨ ᠬᠤᠮᠬ᠎ᠠ ᠭᠡᠮᠡᠬᠦ ᠤᠷᠦᠰᠢᠪᠡᠢ︾᠂ ︽ᠪᠤᠷᠬᠠᠨ ᠱᠠᠭᠢᠮᠤᠨᠢ ᠶᠢ ᠢᠲᠡᠭᠡᠮᠵᠢ ᠲᠦᠷᠦᠯᠲᠡᠨ ᠭᠡᠮᠡᠭᠰᠡᠨ ᠦᠭᠡᠰ ᠤᠨ ᠲᠡᠭᠦᠰ ᠠᠮᠤᠭᠤᠯᠠᠩᠲᠦ ᠠᠰᠠᠷ ᠪᠤᠰᠬᠠᠬᠤ ᠡᠷᠳᠡᠨᠢ ᠶᠢᠨ ᠱᠠᠲᠤ ᠤᠷᠤᠰᠢᠪᠡᠢ︾᠂ ︽ᠤᠴᠢᠷ ᠰᠢᠯᠲᠠᠭᠠᠨ ᠤ ᠤᠬᠠᠭᠠᠨ ᠲᠠᠬᠢ ᠪᠡᠷᠬᠡ ᠤᠳᠬ᠎ᠠ ᠶᠢ ᠤᠨᠤᠬᠤᠢ ᠳᠤᠷ ᠦᠯᠦ ᠮᠠᠷᠳᠠᠬᠤ ᠶᠢᠨ ᠲᠤᠰᠠᠳᠠ ᠪᠢᠴᠢᠭᠰᠡᠨ ᠰᠢᠨ᠎ᠡ ᠨᠤᠮᠯᠠᠯ ᠨᠠᠷᠠᠨ ᠤ ᠭᠡᠷᠡᠯ ᠤᠷᠤᠰᠢᠪᠡᠢ︾᠂ ︽ᠡᠰᠡ ᠤᠨᠤᠭᠴᠢ ᠦᠭᠡᠰ ᠤᠨ ᠤᠴᠢᠷ ᠰᠢᠯᠲᠠᠭᠠᠨ ᠢ ᠬᠤᠷᠢᠶᠠᠩᠭᠤᠢ ᠦᠭᠦᠯᠡᠬᠦ ᠢᠨᠦ︾᠂      ︽ᠯᠤᠪᠤᠨ ᠴᠤᠭᠯᠠᠩ ᠤᠨ ᠵᠤᠬᠢᠶᠠᠭᠰᠠᠨ ᠵᠦᠪ ᠪᠤᠷᠤᠭᠤ ᠶᠢ ᠳᠤᠳᠤᠳᠬᠠᠬᠤ ᠬᠦᠰᠦᠨᠤᠭ᠌ ᠤᠨ ᠬᠦᠷᠳᠦᠨ ᠬᠡᠮᠡᠭᠳᠡᠬᠦᠢ ᠱᠠᠰᠲᠢᠷ ᠤᠨ ᠲᠤᠳᠤᠷᠬᠠᠢ ᠦᠵᠡᠬᠦᠯᠦᠭᠴᠢ ᠡᠷᠳᠡᠨᠢ ᠶᠢᠨ ᠵᠤᠯᠠ︾᠂ ︽ᠨᠡᠶᠢᠲᠡᠯᠢᠭ ᠴᠢᠨᠠᠷ ᠬᠢᠭᠡᠳ ᠦᠪᠡᠷᠮᠢᠴᠡ ᠴᠢᠨᠠᠷ ᠤᠨ ᠲᠤᠬᠠᠢ ᠪᠢᠴᠢᠭᠳᠡᠵᠦ ᠲᠡᠭᠦᠰᠦᠭᠡᠳᠦᠢ ᠦᠭᠦᠯᠡᠯ︾᠂ ︽ᠯᠤᠪᠤᠨ ᠴᠤᠶᠢᠵᠢᠳᠠᠭᠪᠠ ᠶᠢᠨ ᠵᠤᠬᠢᠶᠠᠭᠰᠠᠨ ᠰᠡᠳᠬᠢᠬᠦᠢ ᠶᠢ ᠰᠢᠡᠵᠢᠭᠴᠢ ᠰᠢᠯᠦᠭᠯᠡᠯ ᠬᠡᠮᠡᠬᠦ ᠵᠤᠬᠢᠶᠠᠯ ᠤᠨ ᠲᠠᠶᠢᠯᠪᠤᠷᠢ ᠬᠢᠭᠡᠳ ᠰᠤᠪᠤᠳ ᠡᠷᠢᠬᠡ︾᠂ ︽ᠯᠤᠪᠤᠨ ᠴᠤᠶᠢᠵᠢᠳᠠᠭᠪᠠ ᠶᠢᠨ ᠵᠤᠬᠢᠶᠠᠭᠰᠠᠨ ᠪᠤᠰᠤᠳ ᠲᠤᠷ ᠦᠢᠯᠡᠳᠬᠦᠢ ᠬᠡᠮᠡᠭᠳᠡᠬᠦ ᠱᠠᠰᠲᠢᠷ ᠤᠨ ᠲᠠᠶᠢᠯᠪᠤᠷᠢ ᠮᠡᠷᠭᠡᠳ ᠤᠨ ᠰᠡᠳᠬᠢᠯ ᠢ ᠪᠤᠯᠢᠶᠠᠭᠴᠢ ᠤᠷᠤᠰᠢᠪᠠᠢ︾᠂ ︽ᠪᠡᠯᠭᠡ ᠪᠢᠯᠢᠭ ᠤᠨ ᠣᠬᠢ ᠤᠨᠤᠯ ᠤᠨ ᠳᠠᠶᠢᠯᠪᠤᠷᠢ ᠤᠳᠬ᠎ᠠ ᠶᠢ ᠳᠤᠳᠤᠷᠠᠭᠤᠯᠤᠭᠴᠢ ᠴᠢᠨᠳᠠᠮᠤᠨᠢ ᠡᠷᠳᠡᠨᠢ ᠶᠢᠨ ᠭᠡᠷᠡᠯ︾᠂ ︽ᠪᠤᠭᠳᠠ ᠽᠤᠩᠺᠠᠸ᠎ᠠ ᠪᠠᠷ ᠠᠭᠸᠠᠩᠳᠠᠭᠪᠠ ᠳᠤᠷ ᠵᠤᠬᠢᠶᠠᠨ ᠠᠶᠢᠯᠠᠳᠤᠭᠰᠠᠨ ᠮᠦᠷ ᠤᠨ ᠭᠤᠷᠪᠠᠨ ᠡᠷᠢᠬᠡᠨ ᠤ ᠳᠠᠶᠢᠯᠪᠤᠷᠢ ᠬᠦᠰᠡᠯ ᠢ ᠬᠠᠩᠭᠠᠭᠴᠢ ᠭᠠᠯᠪᠠᠷᠠᠨᠽᠠ︾᠂ ︽ᠰᠢᠲᠦᠨ ᠪᠠᠷᠢᠯᠳᠤᠬᠤ ᠮᠠᠭᠳᠠᠭᠠᠯ ᠤᠨ ᠬᠦᠴᠢᠷ ᠦᠭᠦᠯᠡᠪᠦᠷᠢ ᠠᠴᠠ ᠦᠨᠳᠦᠰᠦᠯᠡᠭᠰᠡᠨ ᠤᠳᠬ᠎ᠠ ᠶᠢᠨ ᠳᠠᠶᠢᠯᠪᠤᠷᠢ ᠡᠷᠳᠡᠨᠢ ᠶᠢᠨ ᠡᠷᠢᠬᠡ ᠭᠡᠮᠡᠬᠦ ᠤᠷᠤᠰᠢᠪᠡᠢ︾ ︵1830 ᠣᠨ73 ᠨᠠᠰᠤᠨ ᠳᠠᠭᠠᠨ ᠵᠤᠬᠢᠶᠠᠪᠠ︶᠂ ︽ᠪᠢ ᠬᠡᠮᠡᠨ ᠪᠠᠷᠢᠮᠲᠠᠯᠠᠬᠤ  ᠨᠢᠭᠡ ᠪᠤᠯᠤᠨ ᠤᠯᠠᠨ ᠤᠳᠠᠭ᠎ᠠ ᠬᠠᠭᠠᠴᠠᠬᠤ ᠶᠢᠨ ᠲᠤᠬᠠᠢ ᠦᠬᠦᠯᠡᠯ︾᠂ ︽ᠠᠩᠭᠡᠲᠡ ᠲᠤᠨᠢᠯᠠᠭᠴᠢ ᠶᠢᠨ ᠰᠠᠨᠸᠠᠷ ᠢ ᠬᠦᠷᠲᠡᠭᠡᠬᠦ ᠵᠠᠩ ᠦᠢᠯᠡ ᠶᠢᠨ ᠨᠡᠮᠡᠯᠲᠡ ᠲᠤᠰᠠᠯᠠᠮᠵᠢ︾᠂ ︽ᠦᠨ᠎ᠡ ᠦᠷᠲᠡᠭ ᠦᠭᠬᠦᠯ ᠦᠭᠡᠢ ᠪᠠᠷ ᠠᠪᠤᠭᠴᠢ ᠶᠢᠨ ᠬᠢᠷᠢ ᠬᠡᠮᠵᠢᠶ᠎ᠠ ᠶᠢᠨ ᠲᠤᠬᠠᠢ ᠦᠬᠦᠯᠡᠬᠦ ᠢᠨᠦ︾᠃      ᠬᠤᠶᠠᠷ᠂ ᠤᠳᠬ᠎ᠠ ᠤᠶᠠᠩᠭ᠎ᠠ ᠶᠢᠨ ᠲᠤᠬᠠᠢ ᠵᠤᠬᠢᠶᠠᠯ ᠤᠳ      ︽ᠪᠤᠷᠬᠠᠨ ᠪᠠᠭᠰᠢ ᠶᠢᠨ ᠨᠤᠮᠯᠠᠯ ᠵᠠᠷᠢᠮ ᠰᠢᠯᠦᠭ ᠦᠭᠡᠰ ᠤᠨ ᠳᠠᠶᠢᠯᠪᠤᠷᠢ︾᠂ ︽ᠪᠠᠽᠠᠷᠪᠠᠳᠠᠷᠠᠨ᠎ᠠ ᠶᠢᠨ ᠲᠤᠭᠲᠠᠭᠠᠯ — ᠸᠴᠢᠷ ᠢᠶᠠᠷ ᠰᠠᠶᠢᠳᠤᠷ ᠡᠪᠳᠡᠯᠦᠭᠴᠢ ᠲᠤᠭᠳᠠᠭᠠᠯ ᠤᠨ ᠳᠠᠶᠢᠯᠪᠤᠷᠢ︾᠂ ︽ᠴᠠᠢ ᠶᠢᠨ ᠲᠠᠬᠢᠯ ᠡᠷᠬᠦᠬᠦ ᠶᠢᠨ ᠲᠠᠶᠢᠯᠪᠤᠷᠢ︾᠂ ︽ᠬᠠᠶᠢᠷᠤᠪ ᠴᠤᠶᠢᠷᠵᠢ ᠶᠢᠨ ᠬᠡᠭᠡᠨ ᠲᠠᠨ ᠠᠴᠠ ᠪᠤᠭᠳᠠ ᠽᠤᠩᠺᠠᠸ᠎ᠠ ᠶᠢ ᠮᠠᠭᠳᠠᠭᠰᠠᠨ ᠵᠤᠬᠢᠶᠠᠯ ᠰᠦᠰᠦᠭ ᠤᠨ ᠴᠡᠩᠭᠡᠭᠴᠢ ᠳᠠᠯᠠᠢ ᠶᠢᠨ ᠳᠠᠶᠢᠯᠪᠤᠷᠢ︾᠂ ︽ᠤᠶᠤᠨ ᠪᠢᠯᠢᠭ ᠢ ᠰᠤᠳᠤᠯᠬᠤᠢ ᠳᠤᠯᠤᠭᠠᠨ ᠤᠳᠬᠠᠲᠤ ᠶᠢᠨ ᠴᠢᠬᠤᠯᠠ ᠬᠠᠪᠰᠤᠷᠤᠮᠵᠢ︾᠂ ︽ᠨᠤᠮᠯᠠᠬᠤ᠂ ᠬᠡᠯᠡᠯᠴᠡᠬᠦ᠂ ᠲᠤᠭᠤᠷᠪᠢᠬᠤ ᠮᠡᠷᠭᠡᠳ ᠤᠨ ᠭᠤᠷᠪᠠᠨ ᠶᠠᠪᠤᠳᠠᠯ ᠤᠨ ᠲᠤᠬᠠᠢ ᠦᠭᠦᠯᠡᠬᠦ ᠢᠨᠦ︾᠂ ︽ᠦᠯᠢᠭᠡᠷ ᠤᠨ ᠤᠶᠠᠩᠭᠠᠯᠠᠯ ᠢᠶᠠᠷ ᠪᠯᠠᠮ᠎ᠠ ᠶᠤᠭᠠᠨ ᠮᠠᠭᠲᠠᠬᠤ ᠲᠤᠬᠠᠢ︾᠂ ︽ᠳ᠋ᠾᠠᠷ᠎ᠠ ᠡᠬᠡ ᠶᠢᠨ ᠮᠠᠭᠲᠠᠭᠠᠯ ᠰᠠᠶᠢᠨ ᠵᠢᠷᠦᠬᠠᠶᠢᠲᠦ ᠶᠢᠨ ︵ᠮᠡᠷᠭᠡᠳ ᠤᠨ︶ ᠵᠣᠯᠢ ᠶᠢᠨ ᠴᠢᠮᠡᠭ ᠤᠨ ᠲᠠᠶᠢᠨ ᠨᠤᠮᠯᠠᠯ ᠮᠡᠷᠭᠡᠳ ᠤᠨ ᠤᠷᠤᠢ ᠳᠠᠬᠢ ᠡᠷᠳᠡᠨᠢ ᠰᠢᠭᠡᠳᠭᠡᠭᠰᠡᠨ ᠴᠢᠮᠡᠭ︾ ︵1835 ᠣᠨ᠂ 77 ᠨᠠᠰᠤᠲᠠᠢ ᠳᠠᠭᠠᠨ ᠵᠤᠬᠢᠶᠠᠪᠠ︶᠂ ︽ᠬᠡᠩᠰᠢᠭᠦᠦ ᠶᠢᠨ ᠦᠨᠦᠷ ᠢᠶᠠᠷ ᠦᠭᠯᠢᠭᠡ ᠦᠭᠬᠦ ᠨᠤᠮ ᠤᠨ ᠰᠡᠵᠢᠭ ᠢ ᠲᠠᠶᠢᠯᠤᠨ ᠠᠳᠡᠬᠦᠷᠡᠯ ᠢ ᠲᠡᠪᠴᠢᠵᠦ᠂ ᠲᠠᠭᠠᠯᠠᠯ ᠢ ᠰᠠᠶᠢᠳᠤᠷ ᠲᠤᠳᠤᠷᠬᠠᠶᠢᠯᠠᠬᠤ ᠢᠨᠦ︾᠂ ︽ᠬᠦᠮᠦᠨ ᠤ ᠨᠤᠮ ᠤᠨ ᠪᠠᠶᠠᠷ ᠬᠤᠷᠢᠮ︾ ︵1829 ᠣᠨ᠂ 72 ᠨᠠᠰᠤᠨ ᠳᠠᠭᠠᠨ ᠵᠤᠬᠢᠶᠠᠪᠠ︶᠂ ︽ᠪᠤᠰᠤᠳ ᠬᠡᠰᠡᠭ ᠪᠤᠰᠠᠭ ᠳᠤᠪᠬᠢᠮᠠᠯ ᠤᠳ︾᠃      ᠭᠤᠷᠪᠠ᠂ ᠬᠡᠯᠡᠨ ᠤ ᠰᠢᠨᠵᠢᠯᠡᠯ ᠤᠨ ᠲᠤᠬᠠᠢ ᠵᠤᠬᠢᠶᠠᠯ ᠤᠳ      ︽ᠭᠤᠮᠪᠤᠯᠦ᠋ᠳᠦᠪ ᠠᠴᠠ ᠱᠠᠪᠢ ᠳᠠᠭᠠᠨ ᠢᠯᠡᠭᠡᠭᠰᠡᠨ ᠰᠤᠷᠭᠠᠯ ᠤᠨ ᠳᠠᠶᠢᠯᠪᠤᠷᠢ︾᠂ ︽ᠦᠰᠦᠭ ᠤᠨ ᠴᠠᠭᠠᠨ ᠲᠤᠯᠤᠭᠠᠢ ᠬᠢᠭᠡᠳ ᠴᠢᠭ ᠲᠡᠮᠳᠡᠭ ᠤᠨ ᠤᠳᠬ᠎ᠠ ᠶᠢ ᠮᠡᠳᠡᠬᠦᠢ ᠳᠤᠷ ᠬᠢᠯᠪᠠᠷ ᠬᠤᠷᠢᠶᠠᠩᠭᠤᠢ ᠦᠭᠦᠯᠡᠯ︾᠂         ︽ᠦᠰᠦᠭ ᠤᠨ ᠨᠤᠮᠯᠠᠯ ᠮᠡᠷᠭᠡᠳ ᠤᠨ ᠠᠮᠠᠨ ᠤ ᠴᠢᠮᠡᠭ︾᠂ ︽ᠦᠰᠦᠭ ᠢ ᠴᠡᠪᠡᠷᠵᠢᠭᠦᠯᠦᠭᠰᠡᠨ ᠶᠡᠭᠡ ᠬᠡᠷᠡᠭᠲᠦ ᠲᠤᠪᠴᠢ ᠠᠳᠡᠬᠦᠷᠡᠯ ᠢ ᠲᠡᠪᠴᠢᠬᠦ ᠢᠨᠦ︾᠂ ︽ᠲᠠᠷᠰ ᠤᠨ ᠪᠠᠭᠰᠢ ᠯᠤᠪᠤᠨ ᠶᠦᠭᠪᠠᠵᠠᠨ ᠤ ᠵᠤᠬᠢᠶᠠᠭᠰᠠᠨ ᠶᠤᠭᠲᠠᠯᠠᠯ ᠦᠭᠡᠰ ᠤᠨ ︵ᠵᠤᠬᠢᠰᠲᠦ ᠠᠶᠠᠯᠭᠤᠨ ᠤ︶ ᠲᠤᠯᠢ ᠶᠢᠨ ᠭᠤᠷᠪᠠᠳᠤᠭᠠᠷ ᠪᠦᠯᠦᠭ ᠳᠠᠬᠢ ᠦᠯᠢᠭᠡᠷ ᠢ ᠦᠭᠦᠯᠡᠬᠦ ᠢᠨᠦ︾᠂︽ᠰᠢᠨ᠎ᠡ ᠬᠠᠭᠤᠴᠢᠨ ᠦᠭᠡᠰ ᠤᠨ ᠳᠠᠶᠢᠯᠪᠤᠷᠢ ᠰᠠᠷᠠᠭᠤᠯ ᠤᠶᠤᠳᠠᠳ ᠤᠨ ᠬᠤᠭᠤᠯᠠᠢ ᠶᠢᠨ ᠴᠢᠮᠡᠭ︾᠂           ︽ᠶᠤᠭᠲᠠᠯᠠᠯ ᠦᠭᠡᠰ ᠤᠨ ︵ᠵᠤᠬᠢᠰᠲᠦ ᠠᠶᠠᠯᠭᠤᠨ ᠤ︶ ᠲᠤᠯᠢ ᠶᠢᠨ ᠬᠤᠶᠠᠳᠤᠭᠠᠷ ᠪᠦᠯᠦᠭ ᠤᠨ ᠤᠳᠬ᠎ᠠ ᠶᠢ ᠲᠤᠳᠤᠷᠬᠠᠶᠢᠯᠠᠬᠤ ᠠᠨᠤ︾᠂ ︽ᠪᠢᠴᠢᠭ ᠵᠠᠬᠢᠳᠠᠯ ᠢᠯᠡᠭᠡᠬᠦ ᠶᠢᠨ ᠶᠤᠰᠤᠨ ᠤ ᠲᠦᠷᠦᠯ ᠵᠦᠢᠯ ᠤᠳ︾᠂          ︽ᠦᠭᠡᠰ ᠤᠨ ᠬᠢᠵᠠᠭᠠᠷ ᠢ ᠰᠢᠨᠵᠢᠯᠡᠨ ᠠᠳᠡᠬᠦᠷᠡᠯ ᠤᠨ ᠭᠬᠢᠷ ᠪᠤᠳᠤᠩᠭᠤᠢ ᠶᠢ ᠠᠷᠢᠯᠭᠠᠭᠴᠢ ᠠᠷᠢᠭᠤᠨ ᠶᠤᠰᠤᠨ︾᠂ ︽ᠲᠠᠶᠢᠨ ᠲᠠᠶᠢᠯᠪᠤᠷᠢᠯᠠᠬᠤ ᠤᠳᠬ᠎ᠠ ᠶᠢᠨ ᠪᠢᠴᠢᠵᠦ ᠲᠡᠭᠦᠰᠦᠭᠡᠳᠦᠢ ᠵᠤᠬᠢᠶᠠᠯ︾᠂ ︽ᠪᠢᠴᠢᠭ ᠢᠯᠡᠭᠡᠬᠦ ᠶᠢᠨ ᠶᠤᠰᠤᠨ ᠢ ᠰᠠᠶᠢᠳᠤᠷ ᠦᠬᠦᠯᠡᠬᠦ ᠢᠨᠦ︾᠃      ᠡᠭᠦᠨ  ᠠᠴᠠ ᠭᠠᠳᠠᠨ᠎ᠠ ᠪᠠᠰᠠ ᠮᠤᠩᠭᠤᠯ ᠲᠦᠪᠡᠳ ᠲᠤᠯᠢ᠂ ᠲᠦᠪᠡᠳ ᠮᠤᠩᠭᠤᠯ ᠲᠤᠯᠢ ᠵᠡᠷᠭᠡ ᠠᠷᠪᠠᠭᠠᠳ ᠵᠤᠬᠢᠶᠠᠯ ᠪᠤᠢ ᠭᠡᠳᠡᠭ᠂ ᠭᠡᠳᠡᠯ᠎ᠠ ᠮᠠᠨ  ᠤ ᠭᠠᠷ  ᠲᠤ ᠪᠦᠷᠢᠨ ᠦᠭᠡᠢ ᠪᠠᠶᠢᠭᠰᠠᠭᠠᠷ᠃ ᠪᠠᠶᠢᠬᠤ ᠬᠡᠰᠡᠭ ᠢ ᠵᠢᠭᠰᠠᠭᠠᠪᠠᠰᠤ᠄      ︽ᠮᠤᠩᠭᠤᠯ ᠦᠰᠦᠭ ᠤᠨ ᠶᠤᠰᠤᠨ ᠢ ᠰᠠᠶᠢᠳᠤᠷ ᠨᠤᠮᠯᠠᠭᠰᠠᠨ ᠬᠡᠯᠡᠨ ᠤ ᠴᠢᠮᠡᠭ ᠬᠡᠮᠡᠭᠳᠡᠬᠦ ᠰᠤᠳᠤᠷ ᠤᠷᠤᠰᠢᠪᠠ︾ ︵1828 ᠣᠨ ᠳᠤ 71 ᠨᠠᠰᠤᠨ ᠳᠠᠭᠠᠨ ᠵᠤᠬᠢᠶᠠᠪᠠ︶᠂ ᠵᠤᠬᠢᠰᠲᠦ ᠠᠶᠠᠯᠭᠤᠨ ᠤ ᠲᠤᠯᠢ ᠶᠢᠨ ᠭᠤᠷᠪᠠᠳᠤᠭᠠᠷ ᠪᠦᠯᠦᠭ ᠤᠨ ᠵᠢᠱᠢᠶ᠎ᠡ ᠰᠢᠯᠦᠭ ᠳᠤᠳᠤᠷᠬᠠᠢ ᠤᠶᠤᠲᠦ ᠶᠢᠨ ᠬᠤᠭᠤᠯᠠᠢ ᠶᠢᠨ ᠴᠢᠮᠡᠭ ᠦᠵᠡᠰᠭᠦᠯᠡᠩᠲᠦ ᠰᠤᠪᠤᠳ ᠡᠷᠢᠬᠡ︾ ︵1829 ᠣᠨ ᠳᠤ72  ᠨᠠᠰᠤᠨ ᠳᠠᠭᠠᠨ ᠵᠤᠬᠢᠶᠠᠪᠠ︶᠂ ︽ᠦᠯᠢᠭᠡᠷ ᠤᠨ ᠴᠢᠮᠡᠭ ᠤᠨ ᠡᠭᠦᠳᠡᠨ ᠠᠴᠠ ᠪᠠᠭᠰᠢ ᠪᠠᠨ ᠮᠠᠭᠲᠠᠬᠤ᠂ ᠡᠷᠳᠡᠮ ᠤᠨ ᠳᠠᠯᠠᠢ ᠤᠷᠤᠭᠤ ᠤᠷᠤᠰᠬᠤ ᠰᠦᠵᠢᠭ ᠤᠨ ᠮᠦᠷᠡᠨ ᠬᠡᠮᠡᠭᠳᠡᠭᠴᠢ︾᠂ ︽ᠵᠤᠬᠢᠰᠲᠦ ᠠᠶᠠᠯᠭᠤᠨ ᠤ ᠲᠤᠯᠢ ᠶᠢᠨ ᠬᠤᠶᠠᠳᠤᠭᠠᠷ ᠪᠦᠯᠦᠭ ᠤᠨ ᠠᠳᠠᠯᠢᠳᠬᠠᠨ ᠬᠡᠶᠢᠬᠦᠯᠬᠦ ᠦᠭᠡᠰ ᠤᠨ ᠦᠨᠳᠦᠰᠦ ᠠᠴᠠ ᠦᠪᠡᠷ ᠤᠨ ᠪᠠᠭᠰᠢ ᠶᠢ ᠮᠠᠭᠲᠠᠨ ᠠᠳᠢᠰᠳᠤ ᠶᠢ ᠤᠷᠢᠬᠤ ᠡᠭᠡᠰᠢᠭ ᠢᠷᠠᠭᠤ ᠴᠡᠩᠭᠡᠯ︾ ︵1830 ᠣᠨ ᠳᠤ 73 ᠨᠠᠰᠤᠨ ᠳᠠᠭᠠᠨ ᠵᠤᠬᠢᠶᠠᠪᠠ︶᠂ ︽ᠠᠷᠢᠭᠤᠳᠬᠠᠭᠰᠠᠨ ᠦᠰᠦᠭ ᠢ ᠲᠡᠪᠴᠢᠬᠦ ᠰᠠᠶᠢᠨ ᠨᠤᠮᠯᠠᠯ ᠦᠷ ᠤᠨ ᠡᠬᠢᠨ ᠤ ᠲᠤᠶᠠᠭ᠎ᠠ︾᠂ ︽ᠰᠠᠮᠠᠨᠳᠠᠪᠠᠷ᠎ᠠ ᠶᠢᠨ ᠬᠦᠷᠳᠦ︾᠂ ︽ᠮᠠᠭᠲᠠᠭᠠᠯ ᠡᠷᠳᠡᠮ ᠤᠨ ᠳᠠᠯᠠᠢ ᠳᠤ ᠴᠢᠳᠬᠤᠨ ᠣᠷᠤᠬᠤ ᠰᠦᠨ ᠮᠦᠷᠡᠨ︾᠂ ︽ᠮᠠᠭᠳᠠᠭᠠᠯ ᠦᠭᠡ ᠴᠡᠴᠡᠭᠡᠨ ᠡᠷᠢᠭᠡᠰ ᠤᠨ ᠴᠢᠮᠡᠭ︾᠂ ︽ᠨᠡᠷ᠎ᠡ ᠤᠳᠬ᠎ᠠ ᠶᠢ ᠳᠤᠳᠤᠳᠬᠠᠭᠴᠢ ᠰᠠᠷᠠᠨ ᠤ ᠭᠡᠭᠡᠨ ᠭᠡᠷᠡᠯ ᠬᠡᠮᠡᠭᠳᠡᠬᠦ ᠲᠤᠬᠢᠶᠠᠨ ᠤ ᠪᠢᠴᠢᠭ ᠤᠷᠤᠰᠢᠪᠡ︾ ︵1838 ᠣᠨ ᠳᠤ 80 ᠨᠠᠰᠤᠲᠠᠢ ᠳᠠᠭᠠᠨ ᠵᠤᠬᠢᠶᠠᠭᠰᠠᠨ ᠲᠦᠪᠡᠳ ᠮᠤᠩᠭᠤᠯ ᠲᠤᠯᠢ︶      ᠠᠭᠸᠠᠩᠳᠠᠨᠳᠠᠷ ᠨᠢᠭᠡ ᠨᠠᠰᠤᠨ ᠳᠤ ᠪᠠᠨ ᠰᠢᠷᠭᠠᠭᠤ ᠴᠢᠷᠮᠠᠶᠢᠯᠭ᠎ᠠ ᠨᠢᠮᠪᠠᠢ ᠰᠤᠳᠤᠯᠤᠯᠲᠠ ᠪᠠᠷ ᠳᠠᠮᠵᠢᠨ ᠬᠡᠯᠡ ᠰᠢᠨᠵᠢᠯᠡᠯ᠂ ᠮᠤᠩᠭᠤᠯ᠂ ᠲᠦᠪᠡᠳ᠂ ᠰᠠᠨᠰᠺᠷᠢᠲ ᠬᠡᠯᠡ ᠵᠦᠢ᠂ ᠤᠷᠠᠨ ᠵᠤᠬᠢᠶᠠᠯ᠂ ᠤᠷᠠᠨ ᠵᠤᠬᠢᠶᠠᠯ ᠤᠨ ᠤᠨᠤᠯ᠂ ᠢᠷᠠᠭᠤ ᠨᠠᠶᠢᠷᠠᠭ᠂ ᠡᠨᠡᠳᠭᠡᠭ ᠲᠦᠪᠡᠳ᠂ ᠲᠦᠪᠡᠳ ᠮᠤᠩᠭᠤᠯ ᠤᠷᠴᠢᠭᠤᠯᠭ᠎ᠠ ᠳᠤ ᠨᠡᠪᠲᠡᠷᠡᠭᠰᠡᠨ ᠢᠶᠠᠷ ᠪᠠᠷᠠᠬᠤ ᠦᠭᠡᠢ᠂ ᠨᠠᠶᠢᠷᠠᠭᠤᠯᠵᠦ ᠲᠤᠭᠤᠷᠪᠢᠬᠤ ᠲᠠᠯ᠎ᠠ ᠶᠢᠨ ᠮᠡᠳᠡᠯᠭᠡ ᠳᠤ ᠴᠠᠭᠠᠷᠠᠨ ᠮᠡᠷᠭᠡᠰᠢᠵᠦ᠂ ᠰᠤᠳᠤᠷ ᠲᠠᠷᠨᠢ ᠶᠢᠨ ᠭᠦᠨ ᠤᠬᠠᠭᠠᠨ ᠨᠤᠭᠤᠳ ᠢ ᠨᠡᠪᠲᠡᠷᠬᠡᠢ ᠰᠤᠷᠤᠯᠴᠠᠵᠦ᠂ ᠪᠢᠯᠢᠭ ᠤᠨ ᠴᠢᠨᠠᠲᠦ ᠳᠤ ᠬᠦᠷᠴᠦ᠂ ᠬᠤᠭᠤᠰᠤᠨ ᠴᠢᠨᠠᠷ ᠤᠨ ᠬᠤᠷᠢᠨ ᠨᠢᠭᠡᠨ ᠡᠬᠢ ᠤᠬᠠᠭᠠᠨ ᠵᠢᠴᠢ ᠸᠴᠢᠷ ᠤᠪᠠᠳᠢᠰ ᠢᠶᠠᠷ ᠠᠶᠢᠮᠠᠭ ᠰᠠᠪᠠ ᠶᠢᠷᠲᠢᠨᠴᠦ ᠶᠢ ᠡᠷᠬᠡᠰᠢᠶᠡᠬᠦ ᠤᠨᠤᠯ ᠳᠤ ᠴᠤ ᠨᠡᠪᠲᠡᠷᠡᠭᠰᠡᠨ ᠢᠶᠠᠷ᠂ ᠮᠤᠩᠭᠤᠯ ᠦᠨᠳᠦᠰᠦᠲᠡᠨ ᠤ ᠰᠤᠶᠤᠯ ᠬᠡᠬᠡᠷᠡᠯ ᠤᠨ ᠦᠢᠯᠡᠰ ᠲᠤ ᠪᠠᠯᠠᠷᠠᠰᠢ ᠦᠭᠡᠢ ᠬᠤᠪᠢ ᠨᠡᠮᠡᠷᠢ ᠦᠵᠡᠬᠦᠯᠦᠭᠰᠡᠨ ᠪᠦᠭᠡᠳ ᠳᠡᠯᠡᠬᠡᠢ ᠶᠢᠨ ᠰᠤᠶᠤᠯ ᠰᠤᠳᠤᠯᠭᠠᠨ ᠤ ᠲᠠᠯ᠎ᠠ ᠳᠤ ᠴᠦ ᠵᠤᠬᠢᠬᠤ ᠤᠷᠤᠨ ᠵᠠᠢ ᠲᠠᠢ ᠪᠤᠯᠵᠦ᠂ ᠤᠯᠠᠮ ᠤᠯᠠᠮ ᠠᠯᠳᠠᠷᠰᠢᠭᠰᠠᠭᠠᠷ ᠪᠠᠶᠢᠨ᠎ᠠ᠃
 
ᠢᠷᠡᠯᠲᠡ᠄ ᠠᠯᠠᠱᠠ ᠮᠡᠷᠭᠡᠳ ᠤᠨ ᠴᠢᠭᠤᠯᠭᠠᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号