ᠠᠭᠸᠠᠩᠳᠠᠨᠳᠠᠷ ︵ᠬᠤᠶᠠᠷ︶
ᠨᠡᠶᠢᠲᠡᠯᠡᠭᠰᠡᠨ ᠴᠠᠭ᠄
2021/5/12
     ᠠᠭᠸᠠᠩᠳᠠᠨᠳᠠᠷ ᠯᠾᠷᠠᠮᠪᠠ ᠬᠠᠷ᠎ᠠ ᠪᠠᠭ᠎ᠠ ᠠᠴᠠ ᠪᠠᠨ ᠰᠦᠮ᠎ᠡ ᠬᠡᠶᠢᠳ ᠲᠤ ᠱᠠᠪᠢᠯᠠᠨ ᠰᠠᠭᠤᠵᠦ᠂ ᠭᠠᠳᠠᠷ ᠳᠤᠳᠤᠷ ᠮᠡᠷᠭᠡᠵᠢᠬᠦᠢ ᠶᠢᠨ ᠤᠷᠤᠨ ᠤ ᠡᠷᠳᠡᠮ ᠢ ᠰᠤᠷᠴᠦ ᠪᠤᠯᠪᠠᠰᠤᠷᠠᠬᠤ᠂ ᠶᠠᠪᠤᠳᠠᠯ ᠦᠢᠯᠡ ᠪᠠᠨ ᠰᠠᠨᠸᠠᠷ ᠤᠨ ᠶᠤᠰᠤᠭᠠᠷ ᠠᠷᠢᠭᠤᠨ ᠠᠪᠴᠦ ᠶᠠᠪᠤᠬᠤ᠂ ᠦᠢᠯᠡᠳᠦᠭᠰᠡᠨ ᠪᠤᠶᠠᠨ ᠤ ᠰᠠᠶᠢᠨ ᠦᠷ᠎ᠠ ᠪᠤᠯᠪᠠᠰᠤᠷᠠᠯ ᠪᠦᠬᠦᠨ ᠢᠶᠠᠨ ᠬᠠᠮᠤᠭ ᠠᠮᠢᠲᠠᠨ ᠤ ᠲᠤᠰᠠ ᠳᠤ ᠵᠤᠷᠢᠭᠤᠯᠬᠤ ᠭᠡᠳᠡᠭ ︽ᠮᠡᠷᠭᠡᠨ᠂ ᠠᠷᠢᠭᠤᠨ᠂ ᠰᠠᠶᠢᠨ︾ ᠭᠤᠷᠪᠠ ᠳᠤ ᠬᠤᠷᠢᠶᠠᠩᠭᠤᠶᠢᠯᠠᠭᠰᠠᠨ ᠰᠢᠷ᠎ᠠ ᠶᠢᠨ ᠱᠠᠰᠢᠨᠲᠠᠨ ᠤ ᠪᠠᠷᠢᠮᠵᠢᠶ᠎ᠠ ᠶᠢ ᠴᠢᠩᠳᠠ ᠵᠢᠷᠤᠮᠯᠠᠵᠦ᠂ ︽ᠨᠤᠮᠯᠠᠬᠤᠢ ᠳᠤ ᠴᠢᠳᠠᠮᠠᠭᠠᠢ︾ ︽ᠮᠠᠷᠭᠤᠯᠳᠤᠬᠤᠢ ᠳᠤ ᠭᠠᠷᠮᠠᠭᠠᠢ︾ ︽ᠵᠤᠬᠢᠶᠠᠬᠤᠢ ᠳᠤ ᠪᠤᠯᠪᠠᠰᠤᠷᠤᠩᠭᠤᠢ︾ ᠨᠤᠮ ᠤᠨ ᠰᠤᠷᠤᠯᠴᠠᠭᠠᠨ ᠤ ᠭᠤᠷᠪᠠᠨ ᠱᠠᠭᠠᠷᠳᠠᠯᠭ᠎ᠠ ᠶᠢ ᠬᠦᠴᠦᠯᠡᠨ ᠪᠡᠶᠡᠯᠡᠬᠦᠯᠵᠦ᠂ ᠤᠶᠤᠨ ᠤ ᠲᠤᠯᠬᠢᠶ᠎ᠠ ᠴᠠᠯᠭᠢᠯᠠᠭᠰᠠᠨ ᠡᠷᠳᠡᠮ ᠤᠨ ᠳᠠᠯᠠᠢ ᠳᠤ ᠱᠤᠩᠪᠠᠵᠦ᠂ ᠪᠢᠯᠢᠭ ᠤᠨ ᠭᠢᠯᠪᠠᠭ᠎ᠠ ᠤᠴᠢᠯᠠᠭᠰᠠᠨ ᠵᠤᠬᠢᠶᠠᠯ ᠪᠦᠲᠦᠭᠡᠯ ᠲᠤᠭᠤᠷᠪᠢᠵᠦ ᠪᠠᠶᠢᠭᠠᠳ ᠨᠢᠭᠡ ᠨᠠᠰᠤ ᠪᠠᠨ ᠦᠩᠭᠡᠷᠡᠬᠦᠯᠵᠡᠢ᠃ ᠲᠡᠷᠡ ᠤᠯᠠᠨ ᠲᠠᠯ᠎ᠠ ᠶᠢᠨ ᠤᠬᠠᠭᠠᠨ ᠳᠤ ᠮᠡᠷᠭᠡᠵᠢᠨ ᠦᠷᠭᠡᠨ ᠬᠦᠷᠢᠶ᠎ᠠ ᠴᠠᠷ᠎ᠠ ᠶᠢ ᠬᠠᠮᠤᠷᠤᠭᠰᠠᠨ ᠬᠦᠨ ᠰᠤᠳᠤᠯᠭᠠᠨ ᠲᠠᠢ ᠪᠦᠲᠦᠭᠡᠯ ᠢᠶᠠᠨ ᠦᠯᠡᠳᠡᠭᠡᠭᠡᠳ᠂ ᠮᠤᠩᠭᠤᠯ ᠦᠨᠳᠦᠰᠦᠲᠡᠨ ᠤ ᠰᠤᠶᠤᠯ ᠤᠨ ᠰᠠᠩ ᠳᠤ ᠦᠨᠡᠲᠦ ᠡᠷᠳᠡᠨᠢ ᠨᠡᠮᠡᠷᠢᠯᠡᠵᠦ᠂ ᠲᠦᠪᠡᠳ ᠮᠤᠩᠭᠤᠯ ᠤᠷᠤᠨ ᠳᠤ ᠠᠯᠳᠠᠷ ᠨᠡᠷ᠎ᠡ ᠪᠠᠨ ᠳᠠᠭᠤᠷᠢᠰᠬᠠᠨ ᠠᠯᠠᠱᠠ ᠨᠤᠲᠤᠭ ᠤᠨ ᠠᠷᠠᠳ ᠲᠠᠭᠠᠨ ᠤᠮᠤᠭ ᠪᠠᠭ᠋ᠠᠳᠤᠯ ᠪᠤᠯᠤᠭᠰᠠᠨ ᠪᠠᠶᠢᠨ᠎ᠠ᠃      ᠲᠡᠷᠡ ᠣᠳᠥ ᠠᠴᠠ170 ᠵᠢᠯ ᠤᠨ ᠡᠮᠦᠨ᠎ᠡ ︽ᠮᠤᠩᠭᠤᠯ ᠦᠰᠦᠭ ᠤᠨ ᠶᠤᠰᠤᠨ ᠢ ᠰᠠᠶᠢᠳᠤᠷ ᠨᠤᠮᠯᠠᠭᠰᠠᠨ ᠬᠡᠯᠡᠨ ᠤ ᠴᠢᠮᠡᠭ ᠬᠡᠮᠡᠭᠳᠡᠬᠦ ᠤᠷᠤᠰᠢᠪᠡᠢ︾ ᠭᠡᠳᠡᠭ ᠢᠶᠠᠨ ᠨᠡᠶᠢᠲᠡᠯᠡᠬᠦᠯᠦᠭᠰᠡᠨ ᠨᠢ ᠠᠯᠠᠱᠠ ᠨᠤᠲᠤᠭ ᠢᠶᠠᠷ ᠵᠤᠭᠰᠤᠬᠤ ᠦᠭᠡᠢ᠂ ᠪᠡᠭᠡᠵᠢᠩ ᠵᠡᠷᠭᠡ ᠭᠠᠵᠠᠷ ᠲᠤ ᠮᠤᠳᠤᠨ ᠪᠠᠷ ᠤᠨ ᠬᠡᠪᠯᠡᠯ ᠢᠶᠠᠷ ᠰᠡᠶᠢᠯᠦᠭᠳᠡᠭᠰᠡᠨ ᠢᠶᠠᠷ ᠳᠠᠮᠵᠢᠨ ᠪᠦᠬᠦ ᠮᠤᠩᠭᠤᠯᠴᠤᠳ ᠤᠨ ᠳᠤᠮᠳᠠ ᠲᠠᠷᠬᠠᠵᠦ᠂ ᠰᠤᠶᠤᠯ ᠬᠤᠴᠤᠷᠤᠭᠳᠠᠮᠠᠯ᠂ ᠰᠤᠷᠭᠠᠭᠤᠯᠢ ᠪᠠᠶᠢᠬᠤ ᠦᠭᠡᠢ᠂ ᠰᠤᠷᠬᠤ ᠪᠢᠴᠢᠭ ᠤᠯᠳᠠᠬᠤ ᠦᠭᠡᠢ ᠪᠠᠶᠢᠭᠰᠠᠨ ᠲᠤᠬᠠᠢ ᠶᠢᠨ ᠦᠶ᠎ᠠ ᠶᠢᠨ ᠪᠠᠶᠢᠳᠠᠯ ᠳᠤ ᠮᠤᠩᠭᠤᠯ ᠪᠢᠴᠢᠭ ᠢᠶᠠᠨ ᠰᠤᠷᠬᠤ ᠪᠠᠷ ᠬᠦᠰᠡᠭᠴᠢᠳ ᠤᠨ ᠳᠤᠮᠳᠠ ᠡᠷᠳᠡᠮ ᠰᠤᠶᠤᠯ ᠤᠨ ᠦᠷ᠎ᠠ ᠶᠢ ᠰᠤᠶᠤᠭᠠᠯᠠᠭᠤᠯᠵᠦ ᠪᠠᠶᠢᠭᠰᠠᠨ ᠢ ᠰᠠᠨᠠᠪᠠᠴᠦ ᠮᠡᠳᠡᠵᠦ ᠪᠤᠯᠤᠨ᠎ᠠ᠃ ᠡᠭᠦᠨ ᠤ ᠨᠢᠭᠡᠨ ᠪᠠᠷᠢᠮᠳᠠ ᠪᠤᠯᠤᠮᠠᠷ ᠤᠴᠢᠷ ᠭᠡᠪᠡᠯ ᠠᠯᠠᠱᠠ ᠮᠤᠩᠭᠤᠯᠴᠤᠳ ᠦᠶ᠎ᠠ ᠶᠢᠨ ᠦᠶ᠎ᠠ ᠪᠤᠯᠲᠠᠯ᠎ᠠ ︽ᠬᠡᠯᠡᠨ ᠤ ᠴᠢᠮᠡᠭ — ᠬᠡᠯᠡ ᠵᠦᠢ︾ ᠭᠡᠰᠡᠨ ᠤᠶᠢᠯᠠᠭᠠᠯᠲᠠ ᠲᠠᠢ ᠪᠠᠶᠢᠭᠰᠠᠨ ᠢ ᠳᠤᠷᠠᠳᠴᠦ ᠪᠤᠯᠤᠮᠠᠷ᠃ ᠡᠶᠢᠮᠦ ᠨᠢᠭᠡᠨ ᠮᠤᠩᠭᠤᠯ ᠢᠶᠠᠷ ᠪᠢᠴᠢᠭᠳᠡᠭᠰᠡᠨ ᠵᠤᠬᠢᠶᠠᠯ ᠨᠢ ᠠᠭᠸᠠᠩᠳᠠᠨᠳᠠᠷ ᠢ ᠮᠤᠩᠭᠤᠯ ᠰᠤᠶᠤᠯ ᠤᠨ ᠠᠪᠤᠷᠭᠤ ᠵᠢᠳᠬᠦᠯᠳᠡᠨ ᠪᠣᠯᠬᠤ ᠪᠡᠶᠢᠷᠢᠨ ᠳᠤ ᠬᠦᠷᠦᠭᠦᠯᠦᠭᠰᠡᠨ ᠪᠠᠶᠢᠨ᠎ᠠ᠃ ᠡᠭᠦᠨ ᠤ ᠬᠠᠮᠲᠤ ᠲᠡᠭᠦᠨ ᠤ ᠨᠠᠶᠠᠨ ᠨᠠᠰᠤᠨ ᠳᠡᠭᠡᠷ᠎ᠡ ᠪᠠᠨ ᠨᠠᠶᠢᠷᠠᠭᠤᠯᠵᠦ ᠨᠡᠶᠢᠲᠡᠯᠡᠭᠦᠯᠦᠭᠰᠡᠨ ᠲᠦᠮᠡ ᠤᠷᠴᠢᠮ ᠲᠤᠯᠤᠭᠠᠢ ᠦᠰᠦᠭ ᠲᠠᠢ ︽ᠨᠡᠷ᠎ᠡ ᠤᠳᠬ᠎ᠠ ᠶᠢ ᠳᠤᠳᠤᠳᠬᠠᠭᠴᠢ ᠰᠠᠷᠠᠨ ᠤ ᠭᠡᠷᠡᠯ ᠭᠡᠮᠡᠭᠳᠡᠬᠦ ᠳᠤᠬᠢᠶᠠᠨ ᠤ ᠪᠢᠴᠢᠭ ᠤᠷᠤᠰᠢᠪᠠᠢ︾ ᠭᠡᠭᠴᠢ ᠲᠦᠪᠡᠳ ᠮᠤᠩᠭᠤᠯ ᠲᠤᠯᠢ ᠪᠢᠴᠢᠭ ᠨᠢ ︽ᠢᠯᠭᠠᠯ ᠢ ᠤᠨᠤᠭᠤᠯᠤᠭᠴᠢ︾ ︽ᠮᠡᠷᠭᠡᠳ ᠭᠠᠷᠬᠤ ᠶᠢᠨ ᠤᠷᠤᠨ︾ ︽ᠲᠠᠪᠤᠨ ᠵᠦᠢᠯ ᠤᠨ ᠦᠰᠦᠭ ᠢᠶᠠᠷ ᠬᠠᠪᠰᠤᠷᠤᠭᠰᠠᠨ ᠮᠠᠨᠵᠦ ᠦᠭᠡᠨ ᠤ ᠲᠤᠯᠢ ᠪᠢᠴᠢᠭ︾ ᠵᠡᠷᠭᠡ ᠠᠯᠳᠠᠷᠲᠦ ᠲᠤᠯᠢ ᠪᠢᠴᠢᠭ ᠤᠳ ᠤᠨ ᠵᠦᠢᠯ ᠬᠤᠪᠢᠶᠠᠨ ᠨᠠᠶᠢᠷᠠᠭᠤᠯᠳᠠᠭ ᠬᠡᠯᠪᠡᠷᠢ ᠶᠢ ᠳᠠᠪᠠᠨ ᠭᠠᠷᠴᠦ᠂ ᠴᠠᠭᠠᠨ ᠲᠤᠯᠤᠭᠠᠢ ᠪᠠᠷ ᠵᠢᠭᠰᠠᠭᠠᠳᠠᠭ ᠤᠷᠴᠢᠨ ᠦᠶ᠎ᠡ ᠶᠢᠨ ᠲᠤᠯᠢ ᠪᠢᠴᠢᠭ ᠤᠨ ᠵᠢᠭᠰᠠᠭᠠᠯᠲᠠ ᠶᠢᠨ ᠳᠦᠷᠢᠮ ᠢ ᠬᠡᠷᠡᠭᠯᠡᠭᠰᠡᠨ ᠢᠶᠠᠷ ᠪᠠᠷᠠᠬᠤ ᠦᠭᠡᠢ᠂ ᠠᠮᠢᠳᠤᠷᠠᠯ ᠤᠨ ᠦᠭᠡ ᠶᠢ ᠰᠤᠩᠭᠤᠨ ᠤᠷᠤᠭᠤᠯᠤᠭᠰᠠᠨ᠂ ᠤᠷᠴᠢᠭᠤᠯᠭ᠎ᠠ ᠨᠢ ᠤᠨᠤᠪᠴᠢᠲᠠᠢ ᠪᠤᠯᠤᠭᠰᠠᠨ ᠵᠡᠷᠭᠡ ᠲᠠᠯ᠎ᠠ ᠪᠠᠷ ᠲᠡᠭᠦᠨ ᠠᠴᠠ ᠡᠮᠦᠨ᠎ᠡ ᠭᠠᠷᠤᠭᠰᠠᠨ ︽ᠮᠢᠩᠭᠠᠨ ᠨᠠᠷᠠᠨ ᠤ ᠭᠡᠷᠡᠯ︾ ᠮᠡᠲᠦ ᠶᠢᠨ ᠠᠳᠠᠯᠢ ᠲᠦᠷᠦᠯ ᠤᠨ ᠪᠦᠲᠦᠭᠡᠯ ᠢ ᠳᠠᠪᠠᠨ ᠭᠠᠷᠤᠭᠰᠠᠨ ᠪᠠ ᠡᠳᠦᠭᠡ ᠪᠤᠯᠲᠠᠯ᠎ᠠ ᠲᠡᠭᠦᠨ ᠢ ᠳᠠᠪᠠᠭᠰᠠᠨ ᠲᠦᠪᠡᠳ ᠮᠤᠩᠭᠤᠯ ᠦᠭᠡᠰ ᠤᠨ ᠲᠤᠯᠢ ᠴᠤ ᠬᠠᠷᠠᠬᠠᠨ ᠭᠠᠷᠤᠭᠠᠳᠦᠢ ᠪᠠᠶᠢᠭᠰᠠᠭᠠᠷ ᠪᠢᠯᠡ᠃       ᠠᠭᠸᠠᠩᠳᠠᠨᠳᠠᠷ ᠤᠯᠠᠩᠬᠢ ᠵᠤᠬᠢᠶᠠᠯ ᠢᠶᠠᠨ ᠪᠦᠷ ᠲᠦᠪᠡᠳ ᠢᠶᠠᠷ ᠲᠤᠭᠤᠷᠪᠢᠭᠰᠠᠨ ᠪᠦᠭᠡᠳ ᠲᠡᠷᠡ ᠨᠢ ᠰᠢᠷ᠎ᠠ ᠶᠢᠨ ᠱᠠᠰᠢᠨ ᠤ ᠵᠢᠷᠭᠤᠭᠠᠨ ᠳᠤᠮᠤ ᠬᠡᠶᠢᠳ ᠤᠨ ᠨᠢᠭᠡ ᠨᠢ ᠪᠣᠯᠬᠤ ᠬᠦᠬᠡᠨᠠᠭᠤᠷ ᠤᠨ ᠭᠦᠮᠪᠦᠮ ᠬᠡᠶᠢᠳ ᠲᠤ ᠮᠤᠳᠤᠨ ᠪᠠᠷ ᠤᠨ ᠬᠡᠪᠯᠡᠯ ᠢᠶᠠᠷ ᠰᠡᠶᠢᠯᠦᠭᠳᠡᠨ ᠬᠠᠳᠠᠭᠠᠯᠠᠭᠳᠠᠵᠠᠢ᠃ ᠡᠨᠡ ᠬᠡᠷᠡᠭ ᠤᠨ ᠲᠤᠰ ᠪᠡᠶ᠎ᠡ ᠨᠢ ᠠᠭᠸᠠᠩᠳᠠᠨᠳᠠᠷ ᠤᠨ ᠵᠤᠬᠢᠶᠠᠯ ᠤᠨ ᠬᠢᠷᠢ ᠬᠡᠮᠵᠢᠶ᠎ᠠ ᠶᠢ ᠠᠮᠳᠤᠤ ᠲᠦᠪᠡᠳ ᠤᠨ ᠪᠦᠳ᠋ᠳ᠋ᠾᠠ ᠶᠢᠨ ᠤᠬᠠᠭᠠᠨᠳᠠᠨ ᠠᠴᠠ ᠵᠦᠪᠰᠢᠶᠡᠷᠡᠨ ᠨᠤᠲᠠᠯᠠᠭᠰᠠᠨ ᠢ ᠬᠠᠷᠠᠭᠤᠯᠵᠡᠢ ᠭᠡᠬᠦ ᠳᠤ ᠠᠬᠠᠳᠠᠬᠤ ᠪᠠᠷ ᠦᠭᠡᠢ ᠪᠠᠶᠢᠬ᠎ᠠ᠃ ᠠᠭᠸᠠᠩᠳᠠᠨᠳᠠᠷ ᠤᠨ ᠵᠤᠬᠢᠶᠠᠯ ᠤᠨ ᠦᠨᠳᠦᠷ ᠲᠦᠪᠰᠢᠨ᠂ ᠬᠦᠨ ᠠᠭᠤᠯᠭ᠎ᠠ᠂ ᠭᠤᠶᠢᠲᠠ ᠰᠠᠶᠢᠠᠬᠨ ᠢ ᠠᠮᠳᠤᠤ ᠲᠦᠪᠡᠳ ᠳᠠᠶᠠᠭᠠᠷ ᠪᠢᠰᠢᠷᠡᠵᠦ᠂ ᠠᠩᠬᠠᠷᠤᠨ ᠠᠰᠢᠭᠯᠠᠵᠤ ᠢᠷᠡᠭᠰᠡᠨ ᠪᠢᠯᠡ᠃  ᠡᠨᠡ ᠲᠤᠬᠠᠢ ᠬᠤᠯᠠ ᠶᠢ ᠳᠤᠷᠠᠳᠬᠤ ᠦᠭᠡᠢ᠂ ᠤᠷᠴᠢᠮ ᠤᠨ ᠶᠠᠪᠤᠳᠠᠯ ᠢᠶᠠᠷ ᠵᠢᠱᠢᠶᠡᠯᠡᠨ ᠬᠡᠯᠡᠪᠡᠯ᠂ ᠪᠡᠭᠡᠵᠢᠩ ᠤᠨ ᠬᠤᠸᠠᠩᠰᠧ ᠳᠤ ᠠᠷᠪᠠᠳᠤᠭᠠᠷ ᠳᠦᠷᠢ ᠶᠢᠨ ᠪᠠᠨᠴᠢᠨ ᠡᠷᠳᠡᠨᠢ ᠶᠢᠨ ᠪᠡᠶ᠎ᠡ ᠪᠠᠷ ᠢᠶᠠᠨ ᠡᠷᠬᠢᠯᠡᠨ ᠪᠠᠶᠢᠭᠤᠯᠤᠭᠰᠠᠨ ᠲᠦᠪᠡᠳ ᠬᠡᠯᠡᠨ ᠤ ᠰᠠᠯᠪᠤᠷᠢ ᠶᠢᠨ ᠦᠨᠳᠦᠷ ᠵᠡᠷᠭᠡ ᠶᠢᠨ ᠪᠦᠳ᠋ᠳ᠋ᠾᠠ ᠶᠢᠨ ᠱᠠᠰᠢᠨ ᠤ ᠳᠡᠭᠡᠳᠦ ᠰᠤᠷᠭᠠᠭᠤᠯᠢ ᠶᠢᠨ ᠰᠤᠷᠬᠤ ᠪᠢᠴᠢᠭ ︽ᠴᠠᠰᠦᠲᠦ ᠤᠷᠤᠨ ᠤ ᠵᠠᠭᠤᠨ ᠤᠬᠠᠭᠠᠨ ᠤ ᠡᠬᠦᠳᠡ ᠶᠢ ᠨᠡᠭᠡᠭᠡᠭᠴᠢ ᠲᠦᠯᠬᠢᠬᠦᠷ︾ ᠭᠡᠮᠡᠬᠦ ᠴᠤᠪᠤᠷᠠᠯ ᠤᠨ ᠵᠢᠷᠭᠤᠳᠤᠭᠠᠷ ᠳᠡᠪᠲᠡᠷ ᠲᠤ ᠠᠭᠸᠠᠩᠳᠠᠨᠳᠠᠷ ᠤᠨ ᠪᠡᠭᠡᠵᠢᠩ ᠤᠨ ᠶᠦᠩ ᠡᠾᠧ ᠭᠦᠩ ᠳᠤ ᠰᠠᠭᠤᠵᠦ ᠵᠤᠬᠢᠶᠠᠭᠰᠠᠨ ᠬᠤᠶᠠᠳᠤᠭᠠᠷ ᠳᠠᠯᠠᠢ ᠪᠯᠠᠮ᠎ᠠ ᠬᠡᠨᠳᠦᠨᠵᠠᠮᠰᠦ ᠶᠢᠨ ︽ᠴᠠᠢ ᠶᠢᠨ ᠲᠠᠬᠢᠯ︾ ᠭᠡᠬᠦ ᠰᠢᠯᠦᠭ ᠤᠨ ᠳᠠᠶᠢᠯᠪᠤᠷᠢ ︽ᠰᠠᠶᠢᠨ ᠦᠭᠡᠲᠦ ᠡᠷᠳᠡᠨᠢ ᠶᠢᠨ ᠡᠷᠢᠬᠡ︾ ᠭᠡᠭᠴᠢ ᠵᠤᠬᠢᠶᠠᠯ ᠢ ᠰᠤᠩᠭᠤᠨ ᠤᠷᠤᠭᠤᠯᠵᠦ ᠳᠡᠭᠡᠳᠦ ᠳᠡᠰ ᠤᠨ ᠱᠠᠰᠢᠨ ᠤ ᠴᠢᠳᠠᠪᠤᠷᠢᠲᠠᠨ ᠤ ᠡᠷᠭᠡᠪᠰᠢ ᠰᠤᠷᠬᠤ ᠵᠤᠬᠢᠶᠠᠯ ᠤᠨ ᠨᠢᠭᠡ ᠪᠤᠯᠭᠠᠭᠰᠠᠨ ᠪᠠᠶᠢᠨ᠎ᠠ᠃ ᠲᠤᠰ ᠵᠤᠬᠢᠶᠠᠯ ᠤᠨ ᠱᠠᠰᠢᠨ ᠤ ᠲᠠᠯ᠎ᠠ ᠶᠢᠨ ᠠᠭᠤᠯᠭ᠎ᠠ ᠶᠢ ᠲᠦᠷ ᠦᠬᠦᠯᠡᠬᠦ ᠦᠭᠡᠢ᠂ ᠴᠠᠢ ᠶᠢᠨ ᠲᠡᠦᠬᠡ ᠶᠢ ᠳᠤᠷᠠᠳᠤᠭᠰᠠᠨ ᠢ ᠠᠪᠴᠦ ᠦᠵᠡᠭᠰᠡᠨ ᠴᠦ ᠶᠡᠭᠡ ᠰᠤᠨᠢᠷᠬᠠᠯ ᠲᠠᠢ ᠪᠠᠶᠢᠳᠠᠭ᠃ ᠲᠤᠰ ᠵᠤᠬᠢᠶᠠᠯ ᠳᠤ ᠳᠡᠮᠳᠡᠭᠯᠡᠭᠰᠡᠨ ᠨᠢ ᠠᠳᠢᠱᠠ ︵982 —1054︶ ᠡᠨᠡᠳᠭᠡᠭ ᠠᠴᠠ ᠲᠦᠪᠡᠳ ᠤᠨ ᠠᠷᠠᠢ ᠤᠷᠤᠨ ᠳᠤ ᠠᠩᠬ᠎ᠠ ᠮᠤᠷᠢᠯᠡᠨ ᠢᠷᠡᠬᠦ ᠳᠤ ᠴᠠᠢ ᠠᠶᠠᠭᠠᠯᠠᠵᠦ ᠪᠠᠷᠢᠭᠰᠠᠨ ᠳᠤ ︽ᠡᠨᠡ ᠤᠮᠳᠠᠭᠠᠨ ᠤ ᠨᠡᠷ᠎ᠡ ᠨᠢ ᠶᠠᠭᠤ ᠭᠡᠳᠡᠭ ᠪᠤᠢ︖︾ ᠭᠡᠵᠦ ᠠᠰᠠᠭᠤᠵᠡᠢ ᠭᠡᠨ᠎ᠡ᠂ ︽ᠴᠠᠢ ᠭᠡᠳᠡᠭ︾ ᠭᠡᠵᠦ ᠬᠠᠷᠢᠭᠤᠯᠤᠭᠰᠠᠨ ᠳᠤ ︽ᠲᠦᠪᠡᠳ ᠤᠨ ᠳᠤᠶᠢᠳ ᠨᠠᠷ ᠤᠨ ᠪᠤᠶᠠᠨ ᠢᠶᠠᠷ ᠪᠦᠲᠦᠭᠰᠡᠨ ᠶᠠᠭᠤᠮ᠎ᠠ ᠪᠤᠢ ‍ᠶ᠎ᠠ︾ ᠭᠡᠵᠦ ᠠᠶᠢᠯᠠᠳᠴᠡᠢ᠃ ᠢᠩᠬᠢᠬᠡᠳ ᠦᠵᠡᠬᠦᠯᠡᠷ ᠲᠡᠷᠡ ᠦᠶ᠎ᠡ ᠳᠤ ᠡᠨᠡᠳᠭᠡᠭ ᠲᠤ ᠴᠠᠢ ᠪᠠᠶᠢᠭᠠᠳᠤᠢ ᠭᠡᠵᠦ ᠠᠭᠸᠠᠩᠳᠠᠨᠳᠠᠷ ᠦᠵᠡᠭᠰᠡᠨ ᠪᠠᠶᠢᠨ᠎ᠠ᠃ ᠵᠠᠯᠭᠠᠭᠠᠳ ᠲᠡᠷᠡ ᠬᠢᠲᠠᠳ ᠤᠨ ᠰᠠᠨ ᠬᠤᠸᠠᠩ ᠡᠦ ᠳ᠋ᠢ ︵三皇五帝︶ ᠶᠢᠨ ᠳᠤᠳᠤᠷᠠᠬᠢ ᠰᠢᠨ ᠭᠦᠩ ᠬᠠᠭᠠᠨ ᠲᠡᠵᠢᠬᠡᠬᠦᠢ ᠤᠬᠠᠭᠠᠨ ᠤ ᠵᠤᠬᠢᠶᠠᠯ ᠠᠷᠪᠢᠨ ᠵᠤᠬᠢᠶᠠᠭᠰᠠᠨ ᠪᠠ ᠲᠡᠷᠡ ᠦᠶ᠎ᠡ ᠳᠤ ᠴᠠᠢ ᠶᠢᠨ ᠨᠡᠷ᠎ᠡ ᠳᠤ ︽ᠵᠢᠶᠠ ︵槚︶᠂ ᠴᠠ ︵茶︶᠂ ᠮᠢᠩ ︵茗︶᠂ ᠴᠦᠸᠠᠨ ︵荈︶︾ ᠭᠡᠬᠦ ᠨᠡᠷ᠎ᠡ  ᠲᠠᠢ ᠪᠠᠶᠢᠭᠰᠠᠨ ᠭᠡᠵᠦ ᠳᠤᠷᠠᠳᠤᠭᠰᠠᠨ ᠪᠦᠭᠡᠳ ᠲᠡᠭᠦᠨ ᠠᠴᠠ ᠠᠪᠤᠭᠠᠳ ᠵᠸᠦ ᠤᠯᠤᠰ ᠤᠨ ᠦᠶ᠎ᠠ ᠪᠤᠯᠳᠠᠯ᠎ᠠ ᠴᠠᠢ ᠶᠢ ᠡᠮ ᠪᠤᠯᠭᠠᠵᠦ ᠪᠠᠶᠢᠭᠰᠠᠨ ᠠᠴᠠ ᠪᠤᠰᠤ ᠤᠮᠳᠠᠭᠠᠨ ᠪᠤᠯᠭᠠᠨ ᠡᠳ᠋ᠯᠡᠵᠦ ᠪᠠᠶᠢᠭᠠᠳᠤᠢ᠂  ᠬᠤᠵᠢᠮ ᠨᠢ ᠭᠠᠷᠤᠭᠰᠠᠨ      ︽ᠡᠯ ᠶᠠ ︵尔雅︶︾ ᠪᠢᠴᠢᠭ ᠲᠤ ᠰᠠᠶ᠋ᠢ ᠴᠠᠢ ᠪᠤᠯᠤᠨ ᠠᠷᠢᠬᠢ ᠶᠢ ᠡᠳ᠋ᠯᠡᠬᠦ ᠶᠤᠰᠤ ᠶᠢ ᠪᠢᠴᠢᠭᠰᠡᠨ ᠵᠦᠢᠯ ᠬᠠᠷᠠᠭᠳᠠᠳᠠᠭ᠃ ᠬᠢᠲᠠᠳ ᠲᠤ ᠴᠠᠢ ᠶᠢᠨ ᠲᠤᠬᠠᠢ ᠵᠤᠬᠢᠶᠠᠯ ᠮᠠᠰᠢ ᠳᠡᠯᠭᠡᠷᠡᠩᠭᠦᠢ ᠪᠦᠭᠡᠳ ᠤᠯᠠᠨ ᠪᠠᠶᠢᠳᠠᠭ᠂ ᠲᠦᠪᠡᠳ ᠬᠡᠯᠡᠨ ᠤ ︽ཇ︾ ᠪᠠ ᠮᠤᠩᠭᠤᠯ ᠬᠡᠯᠡᠨ ᠤ ︽ᠴᠠᠢ︾ ᠭᠡᠳᠡᠭ ᠳᠠᠭᠤᠳᠠᠯᠭ᠎ᠠ ᠴᠤ ᠲᠤᠰ ᠲᠤᠰ ᠬᠢᠲᠠᠳ ᠬᠡᠯᠡᠨ ᠤ ︽ᠵᠢᠶᠠ︾ ︵槚︶ ᠪᠤᠯᠤᠨ ︽ᠴᠠ︾ ︵茶︶ ᠠᠴᠠ ᠢᠷᠡᠭᠰᠡᠨ ᠠᠴᠠ ᠪᠤᠰᠤ ᠵᠢᠩᠬᠢᠨᠢ ᠲᠦᠪᠡᠳ ᠦᠭᠡ ᠪᠠ ᠮᠤᠩᠭᠤᠯ ᠦᠭᠡ ᠪᠢᠰᠢ ᠪᠤᠯᠠᠢ ᠭᠡᠵᠦ ᠦᠭᠦᠯᠡᠭᠰᠡᠨ ᠪᠠᠶᠢᠨ᠎ᠠ᠃      ᠠᠭᠸᠠᠩᠳᠠᠨᠳᠠᠷ ᠤᠨ ︽ᠰᠦᠮᠳᠠᠭ ᠤᠨ ᠲᠠᠶᠢᠯᠪᠤᠷᠢ ᠬᠤᠪᠢᠲᠠᠨ ᠤ ᠰᠡᠳᠬᠢᠯ ᠤᠨ ᠪᠠᠳᠮ᠎ᠠ ᠶᠢ ᠨᠡᠬᠡᠬᠡᠭᠴᠢ ᠬᠡᠷᠡᠯ ᠤᠨ ᠰᠠᠩ︾᠂ ᠲᠦᠪᠡᠳ ᠮᠤᠩᠭᠤᠯ ᠬᠠᠪᠰᠤᠷᠭᠠᠭᠰᠠᠨ ᠲᠤᠯᠢ ᠪᠢᠴᠢᠭ ︽ᠰᠠᠷᠠᠨ ᠤ ᠭᠡᠭᠡᠨ ᠭᠡᠷᠡᠯ︾᠂       ︽ᠰᠢᠨ᠎ᠡ ᠬᠠᠭᠤᠴᠢᠨ ᠲᠤᠬᠢᠶᠠᠨ ᠤ ᠨᠤᠮᠯᠠᠯ ᠰᠠᠷᠠᠭᠤᠯ ᠤᠶᠤᠳᠠᠳ ᠤᠨ ᠬᠤᠭᠤᠯᠠᠢ ᠶᠢᠨ ᠴᠢᠮᠡᠭ︾᠂ ︽ᠵᠦᠪ ᠪᠢᠴᠢᠬᠦᠢ ᠶᠢᠨ ᠶᠤᠰᠤᠨ ᠦᠷ ᠤᠨ ᠰᠢᠨᠡᠬᠡᠨ ᠭᠡᠭᠡᠨ︾᠂ ︽ᠦᠰᠦᠭ ᠤᠨ ᠨᠤᠮᠯᠠᠯ ᠮᠡᠷᠭᠡᠳ ᠤᠨ ᠠᠮᠠᠨ ᠤ ᠴᠢᠮᠡᠭ︾ ᠵᠡᠷᠭᠡ ᠲᠠᠪᠤᠨ ᠵᠤᠬᠢᠶᠠᠯ ᠨᠢ ᠲᠦᠪᠡᠳ ᠤᠨ ᠠᠯᠳᠠᠷᠲᠦ ᠬᠡᠯᠡ ᠰᠢᠨᠵᠢᠯᠡᠯ ᠤᠨ ᠭᠤᠤᠯ ᠰᠤᠷᠪᠤᠯᠵᠢ ᠪᠢᠴᠢᠭ ᠲᠤ ᠵᠢᠭᠰᠠᠭᠠᠭᠳᠠᠵᠤ ᠪᠠᠶᠢᠳᠠᠭ᠃ ᠲᠤᠰ ᠲᠠᠪᠤᠨ ᠵᠤᠬᠢᠶᠠᠯ ᠢ ᠣᠳᠣ ᠶᠢᠨ ᠬᠡᠯᠡᠨ ᠤ ᠰᠢᠨᠵᠢᠯᠡᠯ ᠤᠨ ᠡᠭᠦᠳᠡᠨ ᠠᠴᠠ ᠦᠵᠡᠪᠡᠯ᠂ ᠨᠢᠭᠡᠳᠦᠭᠡᠷ ᠨᠢ ᠬᠡᠯᠡ ᠵᠦᠢ᠂ ᠬᠤᠶᠠᠳᠤᠭᠠᠷ ᠨᠢ ᠲᠤᠯᠢ ᠪᠢᠴᠢᠭ᠂ ᠭᠤᠷᠪᠠᠳᠤᠭᠠᠷ ᠨᠢ ᠦᠭᠡᠰ ᠤᠨ ᠰᠠᠩ᠂ ᠲᠦᠷᠪᠡᠳᠦᠭᠡᠷ ᠨᠢ ᠦᠰᠦᠭ ᠪᠢᠴᠢᠭ᠂ ᠲᠠᠪᠤᠳᠤᠭᠠᠷ ᠨᠢ ᠠᠪᠢᠶᠠᠨ ᠵᠦᠢ ᠵᠡᠷᠭᠡ ᠶᠢᠨ ᠠᠭᠤᠯᠭ᠎ᠠ ᠭᠤᠤᠯᠯᠠᠭᠰᠠᠨ ᠵᠤᠬᠢᠶᠠᠯ ᠤᠳ ᠭᠡᠵᠦ ᠦᠵᠡᠮᠡᠷ᠃      ᠡᠶᠢᠮᠦ ᠠᠴᠠ ᠠᠭᠸᠠᠩᠳᠠᠨᠳᠠᠷ ᠪᠤᠯ ᠶᠠᠭᠤᠨ ᠤ ᠤᠷᠢᠳ ᠰᠢᠯᠭᠠᠷᠠᠭᠰᠠᠨ ᠬᠡᠯᠡ ᠰᠢᠨᠵᠢᠯᠡᠯᠲᠡᠨ ᠪᠣᠯᠬᠤ ᠨᠢ ᠳᠠᠮᠵᠢᠭ ᠦᠭᠡᠢ᠃ ᠬᠡᠯᠡᠯᠭᠡᠨ ᠦᠭᠡᠢ ᠲᠡᠭᠦᠨ ᠤ ᠭᠤᠴᠢᠨ ᠵᠢᠷᠭᠤᠭᠠᠨ ᠵᠤᠬᠢᠶᠠᠯ ᠤᠨ ᠤᠯᠠᠩᠬᠢ ᠨᠢ ᠪᠦᠳ᠋ᠳ᠋ᠾᠠ ᠶᠢᠨ ᠤᠬᠠᠭᠠᠨ᠂ ᠰᠢᠯᠭᠠᠳᠠᠭ ᠤᠨ ᠤᠨᠤᠯ᠂ ᠵᠤᠬᠢᠰᠲᠦ ᠠᠶᠠᠯᠭᠤ᠂ ᠠᠯᠳᠠᠷᠲᠦ ᠵᠤᠬᠢᠶᠠᠯ ᠤᠨ ᠳᠠᠶᠢᠯᠪᠤᠷᠢ᠂ ᠮᠠᠭᠳᠠᠭᠠᠯ᠂ ᠰᠤᠷᠭᠠᠯ ᠵᠡᠷᠭᠡ ᠪᠤᠯᠤᠨ᠎ᠠ᠃ ︵ᠦᠷᠬᠦᠯᠵᠢᠯᠡᠯ ᠪᠣᠢ︶
 
ᠢᠷᠡᠯᠲᠡ᠄ ᠠᠯᠠᠱᠠ ᠮᠡᠷᠭᠡᠳ ᠤᠨ ᠴᠢᠭᠤᠯᠭᠠᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号