ᠠᠭᠸᠠᠩᠳᠠᠨᠳᠠᠷ ︵ᠨᠢᠬᠡ︶
ᠨᠡᠶᠢᠲᠡᠯᠡᠭᠰᠡᠨ ᠴᠠᠭ᠄
2021/5/12
     ᠠᠭᠸᠠᠩᠳᠠᠨᠳᠠᠷ ᠲᠡᠭᠷᠢ ᠲᠡᠳᠬᠦᠭᠴᠢ ᠶᠢᠨ ᠬᠤᠷᠢᠨ ᠭᠤᠷᠪᠠᠨ ᠣᠨ ︵1758 ᠣᠨ︶ ᠳᠤ ᠠᠯᠠᠱᠠ ᠬᠤᠱᠤᠳ ᠬᠤᠰᠢᠭᠤᠨ ᠤ ᠪᠠᠶᠠᠨᠨᠢᠷᠤᠭᠤᠨ ᠪᠠᠭ ᠲᠤ ᠮᠠᠯᠴᠢᠨ ᠭᠠᠷᠤᠯ   ᠲᠠᠢ᠂ ᠦᠶ᠎ᠡ ᠤᠯᠠᠷᠢᠨ ᠳᠠᠷᠬᠠᠯᠠᠭᠳᠠᠭᠰᠠᠨ ᠳᠠᠶᠢᠨ ᠤ ᠭᠠᠪᠢᠶᠠᠲᠠᠨ ᠨᠡᠷ᠎ᠡ ᠲᠠᠢ ᠪᠠᠶᠢᠭᠰᠠᠨ ᠶᠡᠭᠡ ᠬᠤᠶᠢᠳ ᠤᠪᠤᠭ ᠤᠨ ᠢᠨᠠᠢ ᠶᠢᠨ ᠬᠤᠶᠠᠳᠤᠭᠠᠷ ᠬᠦᠪᠡᠬᠦᠨ ᠪᠤᠯᠤᠨ ᠵᠠᠶᠠᠭᠠᠵᠡᠢ᠃      ᠠᠭᠸᠠᠩᠳᠠᠨᠳᠠᠷ ᠪᠤᠯ ᠳᠡᠯᠡᠬᠡᠢ ᠳᠤ ᠠᠯᠳᠠᠷᠰᠢᠭᠰᠠᠨ ᠮᠤᠩᠭᠤᠯ ᠬᠡᠯᠡ ᠪᠢᠴᠢᠭ ᠤᠨ ᠤᠬᠠᠭᠠᠨ ᠤ ᠰᠢᠯᠭᠠᠷᠠᠭᠰᠠᠨ ᠡᠷᠳᠡᠮᠳᠡᠨ ᠪᠣᠯᠬᠤ ᠪᠠᠷ ᠪᠠᠷᠠᠬᠤ ᠦᠭᠡᠢ ᠲᠥᠪᠡᠳ᠂ ᠰᠠᠨᠰᠺᠷᠢᠲ ᠬᠡᠯᠡᠨ ᠤ ᠡᠷᠳᠡᠮᠳᠡᠨ ᠪᠣᠯᠬᠤ ᠶᠤᠮ᠃ ᠲᠡᠷᠡ ᠨᠠᠰᠤᠨ ᠲᠤᠷᠰᠢ ᠲᠥᠪᠡᠳ᠂ ᠮᠤᠩᠭᠤᠯ ᠬᠡᠯᠡ ᠪᠢᠴᠢᠭ ᠤᠨ ᠡᠷᠳᠡᠮ ᠢ ᠰᠢᠰᠲ᠋ᠧᠮ ᠲᠠᠢ ᠪᠠᠷ ᠰᠤᠷᠤᠯᠴᠠᠨ ᠰᠤᠳᠤᠯᠤᠭᠰᠠᠨ ᠠᠴᠠ ᠮᠤᠩᠭᠤᠯ ᠲᠥᠪᠡᠳ ᠤᠨ ᠰᠤᠶᠤᠯ ᠤᠨ ᠲᠡᠦᠬᠡᠨ ᠳᠤ ᠦᠯᠡᠮᠵᠢ ᠤᠯᠠᠨ ᠵᠤᠬᠢᠶᠠᠯ ᠪᠦᠲᠦᠭᠡᠯ ᠢᠶᠠᠨ ᠦᠯᠡᠳᠡᠭᠡᠵᠦ᠂ ᠲᠦᠷᠦ ᠭᠡᠷᠡᠯᠲᠦ ᠶᠢᠨ ᠬᠤᠷᠢᠳᠤᠭᠠᠷ ᠣᠨ ︵1840 ᠣᠨ︶ ᠳᠤ ᠪᠠᠶᠠᠨᠭᠤᠤᠯ     ︵ᠵᠡᠬᠦᠨ ᠬᠡᠶᠢᠳ︶ ᠳᠤ 82 ᠨᠠᠰᠤᠲᠠᠢ ᠨᠠᠰᠦ ᠪᠠᠷᠠᠪᠠ᠃      ᠲᠡᠭᠦᠨ ᠢ ᠬᠡᠦᠬᠡᠳ ᠪᠠᠶᠢᠬᠤ ᠳᠤᠨᠢ ᠡᠴᠢᠬᠡ ᠡᠬᠡ ᠨᠢ ᠪᠤᠷᠬᠠᠨ ᠱᠠᠰᠢᠨ ᠤ ᠳᠠᠩᠰᠠᠨ ᠳᠤ ᠪᠤᠷᠰᠠᠩ ᠬᠤᠸᠠᠷᠠᠭ ᠤᠨ ᠨᠡᠷ᠎ᠡ ᠲᠡᠮᠳᠡᠭᠯᠡᠬᠦᠯᠵᠦ᠂ ᠪᠤᠶᠠᠨ ᠢ ᠠᠷᠪᠢᠳᠬᠠᠭᠴᠢ ᠰᠦᠮ᠎ᠡ ᠳᠤ ᠪᠠᠭᠰᠢ ᠵᠠᠯᠠᠨ ᠱᠠᠪᠢ ᠤᠷᠤᠭᠤᠯᠵᠡᠢ᠃ ᠲᠡᠷᠡ ᠪᠠᠭ᠎ᠠ ᠠᠴᠠ ᠪᠠᠨ ᠬᠤᠷᠴᠠ ᠰᠡᠷᠭᠦᠯᠡᠩ ᠬᠡᠦᠬᠡᠳ ᠪᠠᠶᠢᠭᠰᠠᠨ ᠪᠤᠯᠬᠤᠷ ᠼᠠᠨᠨᠢᠳ ᠳ᠋ᠠᠰᠠᠩ ︵ᠬᠦᠨ ᠤᠬᠠᠭᠠᠨ ᠤ ᠯᠤᠭᠢᠭ ᠤᠨ ᠬᠦᠷᠢᠶᠡᠯᠡᠩ︶ ᠳᠤ ᠰᠤᠷᠤᠯᠴᠠᠨ᠂ ᠴᠤᠶᠢᠷ᠎ᠠ ᠶᠢᠨ ᠤᠬᠠᠭᠠᠨ ᠤ ᠲᠠᠪᠤᠨ ᠪᠤᠳᠢ ᠶᠢᠨ ᠠᠩᠬ᠎ᠠ ᠵᠡᠷᠭᠡ ᠶᠢᠨ ᠤᠯᠠᠨ ᠰᠢᠯᠭᠠᠯᠲᠠ ᠳᠤ ᠣᠨᠴᠠ ᠳ᠋ᠦᠩ ᠲᠠᠢ ᠦᠩᠭᠡᠷᠡᠭᠡᠵᠡᠢ᠃ ᠲᠤᠬᠠᠢ ᠶᠢᠨ ᠦᠶ᠎ᠡ ᠶᠢᠨ ᠠᠯᠠᠱᠠ ᠳᠠᠬᠢ ᠱᠠᠰᠢᠨ ᠤ ᠨᠤᠮ ᠤᠨ ᠰᠤᠷᠭᠠᠭᠤᠯᠢ ᠶᠢᠨ ᠳᠦᠷᠢᠮ ᠵᠠᠩᠰᠢᠯ ᠶᠤᠰᠤᠭᠠᠷ ᠲᠡᠭᠷᠢ ᠲᠡᠳᠬᠦᠭᠴᠢ ᠶᠢᠨ ᠲᠦᠴᠢᠨ ᠨᠢᠭᠡᠳᠦᠭᠡᠷ ᠣᠨ ︵1776 ᠣᠨ︶ ᠳᠤ ᠲᠡᠭᠦᠨ ᠢ 19 ᠨᠠᠰᠤᠲᠠᠢ ᠪᠠᠶᠢᠬᠤ ᠳᠤᠨᠢ ᠪᠠᠷᠠᠭᠤᠨ ᠵᠤᠤ ᠶᠢᠨ ᠤᠷᠤᠨ ᠳᠤ ᠰᠤᠳᠤᠷ ᠲᠠᠷᠨᠢ ᠶᠢᠨ ᠶᠤᠰᠤᠨ ᠳᠤ ᠴᠠᠭᠠᠷᠠᠭᠤᠯᠬᠤ ᠪᠠᠷ ᠶᠠᠪᠤᠭᠤᠯᠪᠠ᠃ ᠠᠭᠸᠠᠩᠳᠠᠨᠳᠠᠷ ᠲᠦᠷᠦᠭᠰᠡᠨ ᠨᠤᠲᠤᠭ ᠠᠴᠠ ᠪᠠᠨ ᠰᠠᠯᠤᠭᠰᠠᠨ ᠤ ᠳᠠᠷᠠᠭ᠎ᠠ᠂ ᠬᠠᠳᠠᠭᠤᠵᠢᠯ ᠢ ᠪᠠᠷᠢᠵᠦ ᠵᠦᠢᠯ ᠵᠦᠢᠯ ᠤᠨ ᠵᠤᠪᠠᠭᠤᠷᠢ ᠵᠦᠳᠡᠭᠦᠷᠢ ᠶᠢ ᠢᠯᠡᠨ ᠳᠠᠪᠠᠭᠠᠳ᠂ ᠪᠠᠷᠠᠶᠢᠪᠦ᠋ᠩ ᠬᠡᠶᠢᠳ ᠤᠨ ᠶᠡᠭᠡ ᠯᠠᠮᠠ᠂ ᠲᠠᠪᠤᠨ ᠤᠬᠠᠭᠠᠨ ᠳᠤ ᠭᠡᠭᠡᠷᠡᠨ ᠨᠡᠪᠲᠡᠷᠡᠭᠰᠡᠨ ᠯᠤᠩᠳᠤᠯ ᠷᠢᠮᠪᠦᠴᠢ ᠠᠭᠸᠠᠩᠯᠣᠪᠰᠠᠩ ᠢᠶᠠᠷ ᠪᠠᠭᠰᠢ ᠰᠢᠲᠦᠵᠦ᠂ ᠭᠤᠮᠠᠩ ᠳᠢᠭᠯᠢᠮ ᠤᠨ ᠶᠤᠰᠤᠭᠠᠷ ᠬᠤᠷᠢᠨ ᠲᠦᠷᠪᠡᠨ ᠵᠢᠯ ᠰᠢᠮᠳᠠᠨ ᠰᠤᠷᠤᠯᠴᠠᠵᠦ᠂ ᠴᠤᠶᠢᠷ᠎ᠠ ᠶᠢᠨ ᠤᠬᠠᠭᠠᠨ ᠢ ᠰᠢᠰᠲ᠋ᠧᠮ ᠲᠠᠢ ᠡᠵᠡᠮᠰᠢᠭᠰᠡᠨ ᠢᠶᠠᠷ ᠯᠾᠠᠰᠠ ᠮᠤᠯᠤᠮ ᠳᠤ ᠯᠾᠠᠷᠠᠮᠪᠠ ᠶᠢᠨ ᠮᠢᠩᠳᠠᠭ ︵ᠴᠤᠯᠠ︶ ᠰᠢᠷᠠᠵᠦ᠂ ᠨᠡᠶᠢᠬᠡᠮ ᠳᠠᠶᠠᠭᠠᠷ ᠲᠤ ᠠᠯᠳᠠᠷᠳᠠᠢ ᠯᠾᠠᠷᠠᠮᠪᠠ ᠪᠤᠯᠵᠡᠢ᠃ ᠳᠡᠨᠳᠡ ᠠᠴᠠ ᠰᠠᠶᠢᠰᠢᠶᠠᠯᠲᠦ ᠢᠷᠦᠭᠡᠯᠲᠦ ᠶᠢᠨ ᠲᠠᠪᠤᠳᠤᠭᠠᠷ ᠣᠨ ︵1800 ᠣᠨ︶ ᠳᠤ 43 ᠨᠠᠰᠤᠲᠠᠢ ᠬᠤᠰᠢᠭᠤᠨ ᠳᠠᠭᠠᠨ ᠬᠠᠷᠢᠵᠦ ᠢᠷᠡᠪᠡ᠃ ᠲᠤᠬᠠᠢ ᠶᠢᠨ ᠦᠶ᠎ᠠ ᠳᠤ ᠲᠤᠶᠢᠨ ᠯᠤᠪᠰᠠᠩᠳᠠᠮᠪᠢᠭᠤᠮᠪᠤ ︵ᠠᠯᠠᠱᠠ ᠬᠤᠰᠢᠭᠤᠨ ᠤ ᠭᠤᠷᠪᠠᠳᠤᠭᠠᠷ ᠥᠶ᠎ᠡ ᠶᠢᠨ ᠸᠠᠩ ᠯᠤᠪᠰᠠᠩᠳᠤᠷᠵᠢ ᠶᠢᠨ ᠬᠦᠪᠡᠭᠦᠨ ᠭᠡᠯᠡᠭᠫᠢᠯ︶ ᠤᠨ ᠡᠷᠡᠮᠯᠡᠵᠡᠯᠭᠡ ᠪᠠᠷ ᠤᠤᠯ ᠤᠨ ᠪᠠᠶᠢᠭᠰᠠᠨ ᠼᠠᠨᠨᠢᠳ ᠳ᠋ᠠᠰᠠᠩ ᠢ ᠪᠤᠶᠠᠨ ᠢ ᠠᠷᠪᠢᠳᠬᠠᠭᠴᠢ ᠰᠦᠮ᠎ᠡ ᠠᠴᠠ ᠰᠠᠯᠭᠠᠵᠦ᠂ ᠬᠤᠶᠢᠲᠦ ᠪᠠᠭᠤᠷᠠᠢ ᠳᠤ ᠢᠷᠡᠵᠦ᠂ ᠲᠠᠬᠢᠨ ᠳᠡᠨᠳᠡ ᠠᠴᠠ ᠠᠯᠠᠱᠠ ᠠᠭᠤᠯᠠ ᠶᠢᠨ ᠪᠠᠶᠠᠨᠭᠤᠤᠯ ᠭᠡᠳᠡᠭ ᠭᠠᠵᠠᠷ ᠲᠤ ᠵᠡᠬᠦᠨ ᠬᠡᠶᠢᠳ ︵ᠪᠤᠶᠠᠨ ᠢ ᠦᠨᠳᠦᠰᠦᠯᠡᠭᠴᠢ ᠰᠦᠮ᠎ᠡ︶ ᠢ ᠪᠠᠶᠢᠭᠤᠯᠤᠭᠰᠠᠨ ᠪᠡᠶᠢᠵᠡᠢ᠃      ᠠᠭᠸᠠᠩᠳᠠᠨᠳᠠᠷ ᠯᠾᠠᠰᠠ ᠠᠴᠠ ᠢᠷᠡᠮᠡᠭᠴᠡ ᠲᠤᠰ ᠬᠡᠶᠢᠳ ᠤᠨ ᠯᠾᠠᠷᠠᠮᠪᠠ ᠶᠢᠨ ᠰᠠᠭᠤᠳᠠᠯ ᠳᠤ ᠰᠠᠭᠤᠭᠰᠠᠨ ᠪᠤᠯᠪᠠᠴᠦ ᠲᠡᠷᠡ ᠶᠡᠷᠦᠨᠢ ᠦᠪᠡᠷ ᠢ ᠪᠠᠨ ᠪᠢᠴᠢᠭ ᠡᠷᠳᠡᠮ ᠤᠨ ᠳᠤᠶᠢᠯ ᠳᠤ ᠬᠦᠷᠦᠭᠰᠡᠨ ᠢᠶᠠᠷ ᠦᠵᠡᠭᠰᠡᠨ ᠦᠭᠡᠢ ᠬᠠᠷᠢᠨ ᠪᠦᠬᠦ ᠤᠶᠤᠨ ᠤᠬᠠᠭᠠᠨ ᠢᠶᠠᠨ ᠰᠢᠪᠬᠠᠵᠦ᠂ ᠠᠮᠳᠤᠤ ᠶᠢᠨ ᠭᠦᠮᠪᠤᠨ᠂ ᠯᠠᠪᠷᠤᠩ ᠵᠡᠷᠭᠡ ᠠᠯᠳᠠᠷᠲᠦ ᠰᠦᠮ᠎ᠡ ᠬᠡᠶᠢᠳ ᠪᠠ ᠠᠷᠤ ᠪᠤᠭᠳᠠ ᠶᠢᠨ ᠬᠦᠷᠢᠶ᠎ᠠ ᠲᠡᠷᠢᠬᠦᠳᠡᠨ ᠭᠠᠵᠠᠷ ᠤᠷᠤᠨ ᠢᠶᠠᠷ ᠲᠤᠭᠤᠷᠢᠨ ᠶᠠᠪᠤᠵᠦ᠂ ᠰᠠᠮᠺᠠᠷᠳᠠ ᠬᠡᠯᠡ᠂ ᠰᠢᠯᠦᠭ ᠳᠠᠭᠤᠯᠠᠯ ᠤᠨ ᠲᠡᠦᠭᠡ᠂ ᠨᠡᠶᠢᠬᠡᠮ ᠤᠨ ᠦᠵᠡᠭᠳᠡᠯ᠂ ᠰᠤᠶᠤᠯ ᠤᠨ ᠠᠵᠢᠯᠯᠠᠭ᠎ᠠ ᠬᠢᠭᠡᠳ ᠶᠢᠷᠲᠢᠨᠴᠦ ᠶᠢᠨ ᠠᠮᠢᠳᠤᠷᠠᠯ ᠳᠤ ᠬᠦᠨᠵᠡᠭᠡᠢ ᠰᠤᠳᠤᠯᠤᠯᠲᠠ ᠬᠢᠵᠦ᠂ ᠲᠡᠭᠦᠨ ᠤ ᠰᠢᠮ᠎ᠡ ᠱᠦᠯᠳᠦ ᠪᠠᠷ ᠤᠶᠤᠨ ᠤᠬᠠᠭᠠᠨ ᠢᠶᠠᠨ ᠳᠡᠵᠢᠭᠡᠵᠦ᠂ ᠦᠨᠳᠦᠰᠦᠲᠡᠨ ᠤ ᠪᠠᠨ ᠰᠤᠶᠤᠯ ᠤᠨ ᠦᠢᠯᠡᠰ ᠲᠤ ᠠᠯᠢᠪᠠ ᠪᠠᠨ ᠵᠤᠷᠢᠭᠤᠯᠤᠭᠰᠠᠨ ᠪᠠᠶᠢᠨ᠎ᠠ᠃        ︵ᠦᠷᠭᠦᠯᠵᠢᠯᠡᠯ ᠪᠤᠢ︶
 
ᠢᠷᠡᠯᠲᠡ᠄ ᠠᠯᠠᠱᠠ ᠮᠡᠷᠭᠡᠳ ᠤᠨ ᠴᠢᠭᠤᠯᠭᠠᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号