ᠰᠡᠳᠬᠢᠯ ᠵᠦᠢ ᠶᠢᠨ ᠳᠠᠰᠬᠠᠯᠵᠢᠭᠤᠯᠤᠭᠴᠢᠳ
ᠨᠡᠶᠢᠲᠡᠯᠡᠭᠰᠡᠨ ᠴᠠᠭ᠄
2021/12/9
    ᠮᠡᠷᠭᠡᠵᠢᠯ ᠤᠨ ᠲᠠᠮᠢᠷᠴᠢᠳ ᠢ ᠰᠫᠣᠷᠲ ᠳᠠᠭᠠᠨ ᠪᠦᠷᠢᠨ ᠠᠩᠬᠠᠷᠤᠯ ᠢᠶᠠᠨ ᠲᠥᠪᠯᠡᠷᠡᠭᠦᠯᠬᠦ ᠳᠤ ᠲᠤᠰᠠᠯᠠᠳᠠᠭ ᠰᠡᠳᠬᠢᠯ ᠵᠦᠢ ᠶᠢᠨ ᠳᠠᠰᠬᠠᠯᠵᠢᠭᠤᠯᠤᠭᠴᠢᠳ ᠭᠡᠵᠦ ᠪᠠᠶᠢᠳᠠᠭ ᠃ ᠲᠡᠳᠡᠭᠡᠷ ᠬᠥᠮᠥᠰ ᠬᠠᠷᠢᠭᠤᠴᠠᠭᠰᠠᠨ ᠲᠠᠮᠢᠷᠴᠢᠳ ᠢᠶᠠᠷ ᠢᠶᠠᠨ ᠲᠥᠷᠥᠯ ᠪᠦᠷᠢ ᠶᠢᠨ ᠰᠡᠳᠬᠢᠯ ᠵᠦᠢ ᠶᠢᠨ ᠳᠠᠰᠬᠠᠯ ᠬᠢᠯᠭᠡᠵᠦ ᠂ ᠥᠪᠡᠷ ᠤᠨ ᠢᠶᠠᠨ ᠪᠡᠶ᠎ᠡ ᠪᠢᠯᠳᠠᠷ ᠤᠨ ᠬᠦᠴᠦ ᠶᠢ 100 ᠬᠤᠪᠢ ᠭᠠᠷᠭᠠᠬᠤ ᠳᠤ ᠨᠢ ᠲᠤᠰᠠᠯᠠᠨ᠎ᠠ ᠃ ᠭᠡᠬᠦ ᠳᠤ ᠪᠠᠨ ᠲᠡᠳᠡᠭᠡᠷ ᠠᠷᠭ᠎ᠠ ᠨᠤᠭᠤᠳ ᠢ ᠡᠩ ᠤᠨ ᠬᠥᠮᠥᠰ ᠴᠦ ᠭᠡᠰᠡᠨ ᠡᠳᠦᠷ ᠲᠤᠲᠤᠮ ᠤᠨ ᠠᠮᠢᠳᠤᠷᠠᠯ ᠳᠤ ᠪᠠᠨ ᠨᠡᠪᠲᠡᠷᠡᠭᠦᠯᠦᠭᠰᠡᠨ ᠢᠶᠠᠷ ᠣᠯᠠᠨ ᠳᠠᠪᠠᠭᠤ ᠲᠠᠯ᠎ᠠ ᠨᠤᠭᠤᠳ ᠢ ᠣᠯᠵᠤ ᠴᠢᠳᠠᠬᠤ ᠶᠤᠮ ᠃     1. ᠠᠩᠬᠠᠷᠤᠯ ᠲᠥᠪᠯᠡᠷᠡᠭᠦᠯᠦᠯᠲᠡ ᠶᠢ ᠰᠠᠶᠢᠵᠢᠷᠠᠭᠤᠯᠬᠤ ᠶᠡᠬᠡᠩᠬᠢ ᠲᠠᠮᠢᠷᠴᠢᠳ ᠠᠩᠬᠠᠷᠤᠯ ᠢᠶᠠᠨ ᠲᠥᠪᠯᠡᠷᠡᠭᠦᠯᠬᠦ ᠴᠢᠳᠠᠪᠤᠷᠢᠲᠠᠢ ᠪᠠᠶᠢᠳᠠᠭ ᠴᠦ ᠪᠤᠷᠤᠭᠤ ᠵᠦᠢᠯᠡᠰ ᠲᠤ ᠠᠩᠬᠠᠷᠴᠤ ᠂ ᠴᠢᠬᠤᠯᠠ ᠵᠦᠢᠯ ᠢᠶᠠᠨ ᠮᠠᠷᠲᠠᠬᠤ ᠨᠢ ᠡᠯᠪᠡᠭ ᠃ ᠲᠤᠬᠠᠶᠢᠯᠠᠪᠠᠯ ᠲᠠᠮᠢᠷᠴᠢᠨ ᠲᠡᠮᠡᠴᠡᠭᠡᠨ ᠤ ᠡᠴᠦᠰ ᠤᠨ ᠦᠷ᠎ᠡ ᠳ᠋ᠦᠩ ᠳᠤ ᠬᠡᠲᠦ ᠲᠥᠪᠯᠡᠷᠡᠭᠰᠡᠨ ᠢᠶᠠᠷ ᠣᠳᠣ ᠶᠢᠨ ᠨᠥᠬᠦᠴᠡᠯ ᠪᠠᠶᠢᠳᠠᠯ ᠢᠶᠠᠨ ᠮᠠᠷᠲᠠᠳᠠᠭ ᠃     2. ᠦᠪᠡᠷ ᠲᠡᠭᠡᠨ ᠢᠲᠡᠭᠡᠬᠦ ᠢᠲᠡᠭᠡᠯ ᠢ ᠨᠡᠮᠡᠭᠳᠡᠭᠦᠯᠬᠦ ᠡᠷᠡᠭᠡᠯᠵᠡᠭᠡ ᠪᠣᠯ ᠢᠲᠡᠭᠡᠯ ᠤᠨ ᠡᠰᠡᠷᠭᠦ ᠵᠦᠢᠯ ᠶᠤᠮ ᠃ ᠬᠡᠷᠪᠡ ᠲᠣᠭᠯᠠᠯᠲᠠ ᠶᠢᠨ ᠡᠮᠦᠨ᠎ᠡ ᠡᠰᠡᠪᠡᠯ ᠲᠣᠭᠯᠠᠯᠲᠠ ᠶᠢᠨ ᠦᠶ᠎ᠡ ᠪᠠᠷ ᠣᠯᠠᠨ ᠵᠦᠢᠯ ᠳᠤ ᠡᠷᠡᠭᠡᠯᠵᠡᠵᠦ ᠪᠠᠶᠢᠭ᠎ᠠ ᠪᠣᠯ ᠡᠨᠡ ᠨᠢ ᠦᠪᠡᠷ ᠲᠡᠭᠡᠨ ᠢᠲᠡᠭᠡᠬᠦ ᠢᠲᠡᠭᠡᠯ ᠪᠠᠭ᠎ᠠ ᠲᠠᠢ ᠪᠠᠶᠢᠭ᠎ᠠ ᠶᠢ ᠬᠠᠷᠠᠭᠤᠯᠤᠨ᠎ᠠ ᠃ ᠦᠪᠡᠷ ᠲᠡᠭᠡᠨ ᠢᠲᠡᠭᠡᠬᠦ ᠢᠲᠡᠭᠡᠯ ᠪᠣᠯ ᠲᠠᠮᠢᠷᠴᠢᠨ ᠬᠥᠮᠥᠨ ᠤ ᠦᠨᠳᠦᠰᠦᠨ ᠤᠷ᠎ᠠ ᠴᠢᠳᠠᠪᠤᠷᠢ ᠭᠡᠵᠦ ᠨᠡᠷᠡᠯᠡᠭᠳᠡᠳᠡᠭ ᠪᠥᠭᠡᠳ ᠡᠭᠦᠨ ᠦᠭᠡᠢ ᠪᠠᠷ ᠪᠤᠰᠤᠳ ᠴᠢᠳᠠᠪᠤᠷᠢ ᠨᠤᠭᠤᠳ ᠦᠭᠡᠢ ᠪᠣᠯᠳᠠᠭ ᠃     3. ᠠᠯᠳᠠᠭ᠎ᠠ ᠪᠠᠨ ᠳᠠᠪᠠᠨ ᠲᠤᠭᠤᠯᠬᠤ ᠴᠢᠳᠠᠪᠤᠷᠢ ᠶᠢ ᠬᠥᠭᠵᠢᠭᠦᠯᠬᠦ ᠰᠡᠳᠬᠢᠯ ᠬᠥᠳᠡᠯᠦᠯ ᠢ ᠬᠢᠨᠠᠬᠤ ᠴᠢᠳᠠᠪᠤᠷᠢ ᠰᠠᠭᠤᠵᠤ ᠪᠠᠶᠢᠵᠤ ᠪᠦᠷᠢᠨ ᠲᠥᠪᠯᠡᠷᠡᠵᠦ ᠴᠢᠳᠠᠳᠠᠭ ᠪᠣᠯᠣᠨ᠎ᠠ ᠃ ᠮᠠᠰᠢ ᠥᠨᠳᠥᠷ ᠬᠦᠯᠢᠶᠡᠯᠲᠡ ᠲᠠᠢ ᠲᠠᠮᠢᠷᠴᠢᠳ ᠰᠫᠣᠷᠲ ᠤᠨ ᠶᠢᠷᠲᠢᠨᠴᠦ ᠳᠤ ᠭᠠᠷᠴᠤ ᠪᠣᠯᠬᠤ ᠵᠢᠵᠢᠭ ᠠᠯᠳᠠᠭ᠎ᠠ ᠨᠤᠭᠤᠳ ᠢ ᠰᠢᠢᠳᠪᠦᠷᠢᠯᠡᠬᠦ ᠲᠠᠯ᠎ᠠ ᠳᠡᠭᠡᠷ᠎ᠡ ᠮᠠᠷᠠᠭᠤᠬᠠᠨ ᠪᠠᠶᠢᠳᠠᠭ ᠃ ᠲᠡᠶᠢᠮᠦ ᠠᠴᠠ ᠲᠡᠷᠡᠬᠦ ᠵᠢᠵᠢᠭ ᠵᠦᠢᠯᠡᠰ ᠳᠡᠭᠡᠷ᠎ᠡ ᠨᠢᠭᠡ ᠪᠦᠷᠢ ᠪᠠᠷ ᠨᠢ ᠲᠦᠪᠯᠡᠷᠡᠵᠦ ᠰᠤᠷᠬᠤ ᠨᠢ ᠮᠠᠰᠢ ᠴᠢᠬᠤᠯᠠ ᠃     4. ᠥᠪᠡᠷ ᠤᠨ ᠰᠫᠣᠷᠲ ᠳᠤ ᠲᠣᠬᠢᠷᠠᠭᠰᠠᠨ ᠲᠦᠪᠰᠢᠨ ᠳᠤ ᠲᠥᠪᠯᠡᠷᠡᠵᠦ ᠰᠤᠷᠬᠤ ᠮᠡᠳᠡᠭᠡᠵᠢ ᠬᠡᠷᠡᠭ ᠰᠫᠣᠷᠲ ᠪᠦᠷᠢ ᠠᠳᠠᠯᠢ ᠦᠭᠡᠢ ᠲᠤᠯᠠ ᠵᠠᠷᠢᠮ ᠨᠢ ᠪᠠᠶᠢᠩᠭᠤ ᠥᠨᠳᠥᠷ ᠲᠦᠪᠰᠢᠨ ᠳᠤ ᠬᠤᠷᠳᠤ ᠬᠦᠴᠦ ᠪᠠᠨ ᠵᠠᠷᠤᠴᠠᠭᠤᠯᠬᠤ ᠂ ᠵᠠᠷᠢᠮ ᠨᠢ ᠤᠳᠠᠭᠠᠨ ᠲᠥᠪᠯᠡᠷᠡᠵᠦ ᠪᠠᠶᠢᠭᠠᠳ ᠨᠢᠭᠡ ︽ᠲᠡᠰᠦᠷᠡᠬᠦ ︾ ᠭᠡᠬᠦ ᠮᠡᠲᠦ ᠢᠯᠭᠠᠭ᠎ᠠ ᠲᠠᠢ ᠃ ᠲᠡᠶᠢᠮᠦ ᠠᠴᠠ ᠲᠤᠬᠠᠢ ᠶᠢᠨ ᠬᠢᠬᠦ ᠵᠦᠢᠯ ᠳᠤ ᠪᠠᠨ ᠬᠢᠷᠢ ᠵᠡᠷᠭᠡ ᠠᠩᠬᠠᠷᠤᠯ ᠬᠠᠨᠳᠤᠭᠤᠯᠬᠤ ᠶᠣᠰᠣᠲᠠᠢ ᠪᠤᠢ ᠭᠡᠳᠡᠭ ᠢᠶᠠᠨ ᠲᠣᠭᠠᠴᠠᠭᠠᠯᠠᠬᠤ ᠨᠢ ᠴᠢᠬᠤᠯᠠ ᠶᠤᠮ ᠃     5. ᠬᠠᠷᠢᠯᠴᠠᠭᠠᠨ ᠤ ᠤᠷ᠎ᠠ ᠴᠢᠳᠠᠪᠤᠷᠢ ᠰᠫᠣᠷᠲ ᠤᠨ ᠰᠡᠳᠬᠢᠯ ᠵᠦᠢ ᠂ ᠰᠡᠳᠬᠢᠴᠡ ᠶᠢᠨ ᠰᠤᠷᠭᠠᠯᠲᠠ ᠶᠢᠨ ᠭᠤᠣᠯ ᠬᠡᠰᠡᠭ ᠨᠢ ᠪᠠᠭ ᠤᠳ ᠤᠨ ᠡᠪ ᠨᠢᠭᠡᠳᠦᠯ ᠂ ᠬᠠᠷᠢᠯᠴᠠᠭ᠎ᠠ ᠬᠤᠯᠪᠣᠭ᠎ᠠ ᠶᠢ ᠰᠠᠶᠢᠵᠢᠷᠠᠭᠤᠯᠬᠤ ᠶᠠᠪᠤᠳᠠᠯ ᠶᠤᠮ ᠃ ᠢᠩᠭᠢᠬᠦ ᠶᠢᠨ ᠲᠤᠯᠠᠳᠠ ᠲᠤᠬᠠᠢ ᠶᠢᠨ ᠬᠥᠮᠥᠰ ᠤᠨ ᠨᠡᠶᠢᠲᠡᠯᠢᠭ ᠵᠦᠢᠯᠡᠰ ᠪᠣᠯᠣᠭᠠᠳ ᠵᠥᠷᠢᠴᠡᠯᠳᠦᠳᠡᠭ ᠵᠦᠢᠯᠡᠰ ᠢ ᠢᠯᠡ ᠪᠣᠯᠭᠠᠵᠤ ᠂ ᠲᠡᠳᠡᠭᠡᠷ ᠤᠨ ᠴᠠᠭᠠᠲᠦ ᠰᠢᠯᠲᠠᠭᠠᠨ ᠢ ᠨᠠᠷᠢᠪᠴᠢᠯᠠᠨ ᠰᠤᠳᠤᠯᠳᠠᠭ ᠶᠤᠮ ᠃     6. ᠡᠷᠡᠭᠦᠯ ᠰᠡᠳᠬᠢᠯᠭᠡ ᠶᠢ ᠲᠥᠯᠥᠪᠰᠢᠭᠦᠯᠬᠦ ᠲᠠᠮᠢᠷᠴᠢᠳ ᠬᠠᠮᠤᠭ ᠤᠨ ᠭᠤᠣᠯ ᠨᠢ ᠪᠣᠳᠠᠲᠤ ᠪᠠᠶᠢᠳᠠᠯ ᠢ ᠦᠨᠡᠨ ᠵᠥᠪ ᠢᠶᠠᠷ ᠬᠦᠯᠢᠶᠡᠵᠦ ᠠᠪᠴᠤ ᠂ ᠶᠠᠮᠠᠷ ᠴᠦ ᠦᠨᠳᠦᠰᠦᠯᠡᠯ ᠦᠭᠡᠢ ᠪᠣᠳᠣᠯ ᠠᠴᠠ ᠪᠠᠨ ᠰᠠᠯᠬᠤ ᠨᠢ ᠴᠢᠬᠤᠯᠠ ᠪᠠᠶᠢᠳᠠᠭ ᠃ ᠃ ᠡᠷᠡᠭᠦᠯ ᠪᠤᠰᠤ ᠡᠰᠡᠪᠡᠯ ᠦᠨᠳᠦᠰᠦᠯᠡᠯ ᠦᠭᠡᠢ ᠢᠲᠡᠭᠡᠯ ᠦᠨᠡᠮᠰᠢᠯ ᠨᠢ ᠲᠤᠬᠠᠢ ᠶᠢᠨ ᠬᠥᠮᠥᠨ ᠤ ᠣᠶᠤᠨ ᠰᠠᠨᠠᠭ᠎ᠠ ᠶᠢ ᠲᠦᠭᠵᠢᠳᠡᠭ ᠤᠴᠢᠷ ᠠᠴᠠ ᠡᠭᠦᠨ ᠢ ᠡᠪᠡᠳᠴᠢᠨ ᠲᠠᠢ ᠵᠦᠢᠷᠯᠡᠵᠦ ᠪᠣᠯᠣᠨ᠎ᠠ ᠃     7. ᠬᠦᠰᠡᠯ ᠡᠷᠡᠮᠡᠯᠵᠡᠯ ᠢ ᠨᠡᠮᠡᠭᠳᠡᠭᠦᠯᠬᠦ ᠡᠰᠡᠪᠡᠯ ᠲᠡᠩᠴᠡᠪᠦᠷᠢᠵᠢᠭᠦᠯᠬᠦ ᠥᠪᠡᠷ ᠤᠨ ᠢᠶᠠᠨ ᠬᠦᠰᠡᠯ ᠡᠷᠡᠮᠡᠯᠵᠡᠯ ᠤᠨ ᠲᠦᠪᠰᠢᠨ ᠂ ᠶᠠᠭᠠᠬᠢᠭᠠᠳ ᠰᠫᠣᠷᠲ ᠢᠶᠠᠷ ᠬᠢᠴᠢᠶᠡᠯᠯᠡᠬᠦ ᠬᠦᠰᠡᠯ ᠡᠷᠡᠮᠡᠯᠵᠡᠯ ᠲᠠᠢ ᠪᠠᠶᠢᠭ᠎ᠠ ᠪᠠᠨ ᠣᠶᠢᠯᠠᠭᠠᠬᠤ ᠨᠢ ᠴᠢᠬᠤᠯᠠ ᠶᠤᠮ ᠃ ᠮᠥᠩᠭᠦᠨ ᠤ ᠲᠥᠯᠥᠭᠡ ᠡᠰᠡᠪᠡᠯ ᠪᠤᠰᠤᠳ ᠬᠥᠮᠥᠰ ᠤᠨ ᠲᠥᠯᠥᠭᠡ ᠰᠫᠣᠷᠲ ᠳᠤ ᠣᠷᠣᠬᠤ ᠨᠢ ᠨᠢ ᠮᠠᠰᠢ ᠪᠤᠷᠤᠭᠤ ᠪᠥᠭᠡᠳ ᠢᠩᠭᠢᠭᠰᠡᠨ ᠬᠥᠮᠥᠰ ᠠᠮᠵᠢᠯᠲᠠ ᠳᠤ ᠬᠦᠷᠦᠭᠰᠡᠨ ᠴᠦ ᠲᠡᠭᠦᠨ ᠢ ᠪᠠᠨ ᠬᠤᠷᠳᠤᠨ ᠠᠯᠳᠠᠳᠠᠭ ᠃ ᠬᠠᠮᠤᠭ ᠤᠨ ᠭᠤᠣᠯ ᠨᠢ ᠬᠦᠰᠡᠯ ᠢᠶᠠᠨ ᠵᠥᠪ ᠬᠡᠮᠵᠢᠶᠡᠨ ᠳᠤ ᠪᠠᠷᠢᠵᠤ ᠂ ᠵᠥᠪ ᠲᠡᠶᠢᠰᠢ ᠨᠢ ᠴᠢᠭᠯᠡᠭᠦᠯᠬᠦ ᠨᠢ ᠮᠠᠰᠢ ᠴᠢᠬᠤᠯᠠ ᠃     8. ᠣᠰᠣᠯ ᠭᠡᠮᠲᠦᠯ ᠤᠨ ᠳᠠᠷᠠᠭ᠎ᠠ ᠦᠪᠡᠷ ᠲᠡᠭᠡᠨ ᠢᠲᠡᠭᠡᠬᠦ ᠢᠲᠡᠭᠡᠯ ᠢ ᠲᠥᠯᠥᠪᠰᠢᠭᠦᠯᠬᠦ ᠵᠠᠷᠢᠮ ᠲᠠᠮᠢᠷᠴᠢᠳ ᠪᠡᠶ᠎ᠡ ᠪᠠᠨ ᠭᠡᠮᠲᠦᠯ ᠤᠨ ᠳᠠᠷᠠᠭ᠎ᠠ ᠢᠯᠠᠷᠠᠰᠢᠵᠤ ᠳᠠᠰᠬᠠᠯ ᠰᠤᠷᠭᠠᠯᠳᠠ ᠳᠤ ᠪᠠᠨ ᠡᠷᠭᠢᠨ ᠣᠷᠣᠬᠤ ᠶᠢᠨ ᠲᠤᠯᠠᠳᠠ ᠪᠡᠶ᠎ᠡ ᠪᠢᠯᠳᠠᠷ ᠤᠨ ᠬᠤᠪᠢ ᠳᠤ ᠪᠦᠷᠢᠨ ᠪᠡᠯᠡᠳᠬᠡᠯ ᠲᠠᠢ ᠪᠠᠶᠢᠳᠠᠭ ᠴᠦ ᠣᠶᠤᠨ ᠰᠠᠨᠠᠭᠠᠨ ᠤ ᠬᠤᠪᠢ ᠳᠤ ᠪᠡᠷᠲᠡᠯ ᠲᠠᠢ ᠬᠡᠪ ᠢᠶᠠᠷ ᠪᠠᠶᠢᠳᠠᠭ ᠃ ᠣᠰᠣᠯ ᠭᠡᠮᠲᠦᠯ ᠨᠢ ᠦᠪᠡᠷ ᠲᠡᠭᠡᠨ ᠢᠲᠡᠭᠡᠬᠦ ᠢᠲᠡᠭᠡᠯ ᠢ ᠪᠠᠭᠤᠷᠠᠭᠤᠯᠵᠤ ᠂ ᠥᠷᠢᠰᠦᠯᠳᠦᠭᠡᠨ ᠤ ᠶᠠᠪᠤᠴᠠ ᠳᠤ ᠡᠷᠡᠭᠡᠯᠵᠡᠭᠡ ᠲᠥᠷᠥᠭᠦᠯᠵᠦ ᠂ ᠠᠩᠬᠠᠷᠤᠯ ᠲᠥᠪᠯᠡᠷᠡᠬᠦ ᠴᠢᠳᠠᠪᠤᠷᠢ ᠦᠭᠡᠢ ᠪᠣᠯᠳᠠᠭ ᠃ ᠲᠡᠶᠢᠮᠦ ᠠᠴᠠ ᠰᠡᠳᠬᠢᠯ ᠰᠠᠨᠠᠭ᠎ᠠ ᠪᠠᠨ ᠪᠡᠶ᠎ᠡ ᠮᠠᠬᠠᠪᠤᠳ ᠲᠠᠢ ᠪᠠᠨ ᠴᠤᠭ ᠡᠳᠡᠭᠡᠭᠡᠬᠦ ᠬᠡᠷᠡᠭᠲᠡᠢ ᠃     9. ᠲᠤᠬᠠᠢ ᠶᠢᠨ ᠰᠫᠣᠷᠲ ᠳᠤ ᠣᠨᠴᠠᠯᠢᠭ ᠰᠳ᠋ᠷᠡᠲ᠋ᠧᠬᠢ ᠂ ᠲᠥᠯᠥᠪᠯᠡᠭᠡ ᠪᠣᠯᠪᠠᠰᠤᠷᠠᠭᠤᠯᠬᠤ ᠪᠦᠬᠦ ᠮᠤᠨᠳᠠᠭ ᠳᠠᠰᠬᠠᠯᠵᠢᠭᠤᠯᠤᠭᠴᠢᠳ ᠲᠠᠮᠢᠷᠴᠢᠳ ᠢ ᠲᠡᠮᠡᠴᠡᠭᠡᠨ ᠳᠤ ᠰᠡᠳᠬᠢᠯ ᠵᠦᠢ ᠶᠢᠨ ᠬᠤᠪᠢ ᠳᠤ ᠪᠡᠯᠡᠳᠬᠡᠬᠦ ᠳᠤ ᠨᠢ ᠲᠤᠰᠠᠯᠠᠬᠤ ᠶᠢᠨ ᠲᠤᠯᠠᠳᠠ ᠲᠤᠬᠠᠢ ᠶᠢᠨ ᠰᠫᠣᠷᠲ ᠳᠤ ᠯᠡ ᠪᠠᠶᠢᠳᠠᠭ ᠲᠤᠰᠬᠠᠢ ᠲᠥᠯᠥᠪᠯᠡᠭᠡ ᠂ ᠰᠳ᠋ᠷᠡᠲ᠋ᠧᠬᠢ ᠂ ᠮᠧᠨᠧᠵᠮᠧᠨ᠋ᠲ ᠤᠨ ᠤᠷ᠎ᠠ ᠴᠢᠳᠠᠪᠤᠷᠢ ᠶᠢ ᠰᠠᠭᠤᠯᠭᠠᠵᠤ ᠥᠭᠳᠡᠭ ᠃ ᠲᠤᠬᠠᠢ ᠶᠢᠨ ᠬᠢᠬᠦ ᠵᠦᠢᠯ ᠤᠨ ᠢᠶᠠᠨ ᠣᠨᠴᠠᠯᠢᠭ ᠴᠢᠨᠠᠷ ᠢ ᠣᠶᠢᠯᠠᠭᠠᠵᠤ ᠠᠪᠤᠭᠰᠠᠨ ᠢᠶᠠᠷ ᠳᠠᠪᠠᠭᠤ ᠲᠠᠯ᠎ᠠ ᠲᠠᠢ ᠪᠣᠯᠵᠤ ᠦᠪᠡᠷ ᠲᠡᠭᠡᠨ ᠢᠲᠡᠭᠡᠬᠦ ᠢᠲᠡᠭᠡᠯ ᠢᠶᠠᠨ ᠨᠡᠮᠡᠭᠳᠡᠭᠦᠯᠵᠦ ᠪᠣᠯᠣᠨ᠎ᠠ ᠃    10. ᠲᠥᠪᠯᠡᠷᠡᠯ ᠤᠨ ᠪᠠᠶᠢᠳᠠᠯ ᠳᠤ ᠪᠠᠨ ᠣᠶᠢᠷ᠎ᠠ ᠣᠶᠢᠷᠠᠬᠠᠨ ᠣᠷᠣᠳᠠᠭ ᠪᠣᠯᠬᠤ ᠲᠠᠮᠢᠷᠴᠢᠨ ᠭᠡᠳᠡᠭ ᠬᠥᠮᠥᠨ ᠯᠡ ᠪᠣᠯᠣᠭᠰᠠᠨ ᠬᠤᠶᠢᠨ᠎ᠠ ᠪᠦᠷᠢᠨ ᠲᠥᠪᠯᠡᠷᠡᠭᠰᠡᠨ ᠪᠠᠶᠢᠳᠠᠯ ᠳᠤ ᠪᠠᠨ ᠣᠷᠣᠬᠤ ᠶᠢᠨ ᠲᠤᠯᠠᠳᠠ ᠮᠠᠰᠢ ᠰᠠᠶᠢᠨ ᠪᠢᠰᠢᠯᠭᠠᠬᠤ ᠱᠠᠭᠠᠷᠳᠠᠯᠭ᠎ᠠ ᠲᠠᠢ ᠪᠣᠯᠳᠠᠭ ᠃ ᠬᠠᠷᠠᠮᠰᠠᠯᠲᠠᠢ ᠨᠢ ᠴᠢᠬᠤᠯᠠ ᠲᠡᠮᠡᠴᠡᠭᠡᠨ ᠤ ᠦᠶ᠎ᠡ ᠳᠤ ᠢᠩᠭᠢᠬᠦ ᠴᠠᠭ ᠣᠯᠳᠠᠬᠤ ᠦᠭᠡᠢ ᠪᠠᠶᠢᠬᠤ ᠨᠢ ᠲᠦᠭᠡᠮᠡᠯ ᠃ ᠲᠡᠶᠢᠮᠦ ᠠᠴᠠ ᠠᠯᠢ ᠪᠤᠯᠬᠤ ᠪᠠᠷ ᠣᠶᠢᠷᠠᠬᠠᠨ ᠲᠥᠪᠯᠡᠷᠡᠭᠰᠡᠨ ᠪᠠᠶᠢᠳᠠᠯ ᠳᠤ ᠣᠷᠣᠭᠤᠯᠬᠤ ᠳᠠᠰᠬᠠᠯ ᠬᠢᠬᠦ ᠬᠡᠷᠡᠭᠲᠡᠢ ᠃ ᠢᠩᠭᠢᠭᠰᠡᠨ ᠢᠶᠠᠷ ᠬᠦᠰᠡᠭᠰᠡᠨ ᠦᠶ᠎ᠡ ᠳᠤ ᠪᠠᠨ ᠪᠦᠷᠢᠨ ᠲᠥᠪᠯᠡᠷᠡᠵᠦ ᠴᠢᠳᠠᠳᠠᠭ ᠪᠣᠯᠣᠨ᠎ᠠ ᠭᠡᠰᠡᠨ ᠦᠭᠡ ᠃  
 
ᠢᠷᠡᠯᠲᠡ᠄ ᠠᠯᠠᠱᠨ ᠵᠡᠬᠦᠨ ᠬᠤᠰᠢᠭᠤᠨ ᠤ ᠠᠷᠠᠳ ᠤᠨ ᠵᠠᠰᠠᠭ ᠤᠨ ᠤᠷᠳᠦᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号