ᠮᠠᠰᠢᠨᠲᠣ ᠲᠡᠷᠭᠡ ᠵᠠᠮ ᠬᠠᠷᠢᠯᠴᠠᠭᠠᠨ ᠤ ᠭᠡᠨᠡᠲᠡᠯ ᠭᠠᠷᠭᠠᠪᠠᠯ᠂ ᠲᠠᠭᠠᠳᠬᠠᠯ ᠳᠤ  ᠣᠷᠣᠭᠰᠠᠨ ᠲᠡᠷᠭᠡᠨ ᠤ ᠲᠦᠯᠦᠬᠦ ᠲᠠᠰ ᠲᠠᠷᠠᠭᠠᠯᠠᠯ ᠨᠢ ᠶᠠᠮᠠᠷ ᠪᠣᠢ
ᠨᠡᠶᠢᠲᠡᠯᠡᠭᠰᠡᠨ ᠴᠠᠭ᠄
2021/12/30
    ︽ᠢᠷᠭᠡᠨ ᠤ ᠬᠠᠣᠯᠢ ᠶᠢᠨ ᠪᠢᠴᠢᠭ︾ ᠤᠨ ᠮᠢᠩᠭ᠎ᠠ ᠬᠤᠶᠠᠷ ᠵᠠᠭᠤ ᠠᠷᠪᠠᠨ  ᠭᠤᠷᠪᠠᠲᠣᠭᠠᠷ  ᠵᠦᠢᠯ ᠳᠤ᠂ ᠮᠠᠰᠢᠨᠲᠣ ᠲᠡᠷᠭᠡ ᠵᠠᠮ ᠬᠠᠷᠢᠯᠴᠠᠭᠠᠨ ᠤ ᠬᠡᠨᠡᠲᠡᠯ ᠭᠠᠷᠴᠦ  ᠬᠤᠬᠢᠷᠠᠯ  ᠣᠴᠠᠷᠠᠭᠤᠯᠣᠭᠠᠳ᠂ ᠲᠣᠰ ᠮᠠᠰᠢᠨᠲᠣ  ᠲᠡᠷᠭᠡᠨ ᠤ  ᠲᠠᠯ᠎ᠠ   ᠶᠢᠨ ᠬᠠᠷᠢᠭᠤᠴᠠᠯᠭ᠎ᠠ ᠠᠴᠠ ᠪᠣᠯᠣᠬᠰᠠᠨ  ᠪᠠᠶᠢᠪᠠᠯ᠂  ᠣᠷᠢᠳ ᠢᠶᠠᠷ  ᠮᠠᠰᠢᠨᠲᠣ  ᠲᠡᠷᠭᠡᠨ ᠤ ᠠᠯᠪᠠᠲᠠᠯᠭ᠎ᠠ ᠶᠢᠨ  ᠲᠠᠭᠠᠳᠬᠠᠯ ᠢ ᠲᠠᠭᠠᠭᠠᠴᠢᠯᠠᠭᠰᠠᠨ ᠲᠠᠭᠠᠳᠬᠠᠬᠴᠢ ᠠᠯᠪᠠᠲᠠᠯᠭ᠎ᠠ ᠶᠢᠨ ᠲᠠᠭᠠᠳᠬᠠᠯ ᠤᠨ ᠬᠠᠷᠢᠭᠤᠴᠠᠯᠭ᠎ᠠ ᠶᠢᠨ ᠬᠢᠵᠠᠭᠠᠷ ᠲᠣᠭᠠᠨ ᠤ  ᠬᠡᠪᠴᠢᠶᠡᠨ ᠲᠣᠲᠣᠷ᠎ᠠ ᠲᠦᠯᠦᠪᠦᠷᠢ ᠦᠭᠬᠦᠨ᠎ᠡ︔ ᠬᠦᠷᠦᠯᠴᠡᠬᠦ ᠦᠭᠡᠢ ᠬᠡᠰᠡᠭ ᠢ ᠨᠢ ᠮᠠᠰᠢᠨᠲᠤ ᠲᠡᠷᠭᠡᠨ ᠤ ᠬᠤᠲᠠᠯᠲᠣᠭᠠᠨ ᠤ ᠲᠠᠭᠠᠳᠬᠠᠯ   ᠢ ᠲᠠᠭᠠᠭᠠᠴᠢᠯᠠᠬᠰᠠᠨ ᠲᠠᠭᠠᠳᠬᠠᠬᠴᠢ ᠠᠴᠠ ᠲᠠᠭᠠᠳᠬᠠᠯ ᠤᠨ ᠭᠡᠷ᠎ᠡ ᠶᠢᠨ ᠪᠣᠯᠵᠣᠯ ᠶᠣᠰᠣᠭᠠᠷ ᠲᠦᠯᠦᠪᠦᠷᠢ ᠦᠭᠬᠦᠨ᠎ᠡ︔ ᠮᠦᠨ ᠯᠡ ᠬᠦᠷᠦᠯᠴᠡᠬᠦ ᠦᠭᠡᠢ ᠪᠣᠶᠣ ᠮᠠᠰᠢᠨᠲᠣ ᠲᠡᠷᠭᠡᠨ ᠤ ᠬᠤᠲᠠᠯᠲᠣᠭᠠᠨ ᠤ  ᠲᠠᠭᠠᠳᠬᠠᠯ  ᠠᠪᠤᠭᠰᠠᠨ ᠦᠭᠡᠢ ᠪᠠᠶᠢᠪᠠᠯ᠂ ᠡᠷᠭᠡ ᠳᠤ ᠬᠠᠯᠲᠠᠭᠰᠠᠨ ᠬᠦᠮᠦᠨ ᠲᠦᠯᠦᠨ᠎ᠡ ᠭᠡᠵᠦ ᠲᠣᠭᠲᠠᠭᠠᠪᠠ᠃ ᠡᠬᠦᠨ ᠠᠴᠠ ᠮᠡᠲᠡᠬᠦ ᠨᠢ᠂ ᠮᠠᠰᠢᠨᠲᠣ  ᠲᠡᠷᠭᠡ  ᠵᠠᠮ ᠬᠠᠷᠢᠯᠴᠠᠭᠠᠨ   ᠤ ᠭᠡᠨᠡᠲᠡᠯ ᠭᠠᠷᠭᠠᠵᠣ ᠪᠠᠰᠠ ᠬᠤᠬᠢᠷᠠᠯ ᠣᠴᠠᠷᠠᠭᠤᠯᠵᠣ᠂ ᠰᠢᠯᠭᠠᠨ ᠪᠠᠶᠢᠴᠠᠭᠠᠬᠤ ᠪᠠᠷ ᠲᠠᠮᠵᠢᠭᠠᠳ᠂ ᠲᠣᠰ ᠲᠡᠷᠭᠡᠨ ᠤ ᠲᠠᠯ᠎ᠠ ᠶᠢᠨ ᠬᠠᠷᠢᠭᠤᠴᠠᠯᠭ᠎ᠠ ᠠᠴᠠ ᠪᠣᠯᠣᠬᠰᠠᠨ ᠪᠠᠶᠢᠪᠠᠯ᠂  ᠣᠷᠢᠳ ᠢᠶᠠᠷ ᠮᠠᠰᠢᠨᠲᠣ ᠲᠡᠷᠭᠡᠨ ᠤ ᠠᠯᠪᠠᠲᠠᠯᠭ᠎ᠠ   ᠶᠢᠨ  ᠲᠠᠭᠠᠳᠬᠠᠯ ᠢ ᠲᠠᠭᠠᠭᠠᠴᠢᠯᠠᠭᠰᠠᠨ ᠲᠠᠭᠠᠳᠬᠠᠬᠴᠢ ᠠᠯᠪᠠᠲᠠᠯᠭ᠎ᠠ ᠶᠢᠨ ᠲᠠᠭᠠᠳᠬᠠᠯ ᠤᠨ ᠬᠠᠷᠢᠭᠤᠴᠠᠯᠭ᠎ᠠ ᠶᠢᠨ ᠬᠢᠵᠠᠭᠠᠷ ᠲᠣᠭᠠᠨ ᠤ ᠬᠡᠪᠴᠢᠶᠡᠨ ᠲᠣᠲᠣᠷ᠎ᠠ ᠲᠦᠯᠦᠪᠦᠷᠢ ᠦᠭᠬᠦᠨ᠎ᠡ︔ ᠬᠦᠷᠦᠯᠴᠡᠬᠦ ᠦᠭᠡᠢ ᠬᠡᠰᠡᠭ ᠢ ᠨᠢ ᠮᠠᠰᠢᠨᠲᠤ ᠲᠡᠷᠭᠡᠨ  ᠤ ᠬᠤᠲᠠᠯᠲᠣᠭᠠᠨ ᠤ ᠲᠠᠭᠠᠳᠬᠠᠯ ᠢ ᠲᠠᠭᠠᠭᠠᠴᠢᠯᠠᠬᠰᠠᠨ ᠲᠠᠭᠠᠳᠬᠠᠬᠴᠢ ᠠᠴᠠ ᠲᠠᠭᠠᠳᠬᠠᠯ ᠤᠨ ᠭᠡᠷ᠎ᠡ ᠶᠢᠨ ᠪᠣᠯᠵᠣᠯ ᠶᠣᠰᠣᠭᠠᠷ ᠲᠦᠯᠦᠪᠦᠷᠢ ᠦᠭᠬᠦᠨ᠎ᠡ︔ ᠮᠦᠨ  ᠯᠡ ᠬᠦᠷᠦᠯᠴᠡᠬᠦ ᠦᠭᠡᠢ ᠪᠣᠶᠣ ᠮᠠᠰᠢᠨᠲᠣ ᠲᠡᠷᠭᠡᠨ ᠤ ᠬᠤᠲᠠᠯᠲᠣᠭᠠᠨ  ᠤ  ᠲᠠᠭᠠᠳᠬᠠᠯ  ᠠᠪᠤᠭᠰᠠᠨ  ᠦᠭᠡᠢ  ᠪᠠᠶᠢᠪᠠᠯ᠂ ᠡᠷᠭᠡ ᠳᠤ ᠬᠠᠯᠲᠠᠭᠰᠠᠨ ᠬᠦᠮᠦᠨ ᠲᠦᠯᠦᠨ᠎ᠡ᠃ ᠡᠷᠬᠡ ᠳᠤ ᠬᠠᠯᠲᠠᠭᠰᠠᠨ ᠬᠦᠮᠦᠨ ᠳᠤ ᠠᠪᠴᠦ ᠬᠡᠯᠡᠪᠡᠯ᠂ ᠲᠠᠭᠠᠳᠬᠠᠯ ᠤᠨ ᠺᠣᠮᠫᠠᠨᠢ ᠪᠠᠶᠢᠬᠤ ᠠᠴᠠ ᠪᠣᠯᠵᠣ ᠲᠡᠬᠦᠨ ᠤ ᠲᠦᠯᠦᠬᠦ ᠲᠠᠷᠣᠭᠠᠰᠣ ᠵᠣᠬᠢᠴᠠᠩᠭᠤᠢ ᠬᠦᠩᠭᠡᠷᠡᠵᠦ᠂ ᠡᠬᠦᠨ ᠤ ᠣᠯᠠᠮ ᠲᠠᠭᠠᠳᠬᠠᠯ ᠤᠨ ᠺᠣᠮᠫᠠᠨᠢ ᠶᠢᠨ ᠲᠠᠭᠠᠳᠬᠠᠯ ᠤᠨ ᠠᠵᠢᠯᠯᠠᠭ᠎ᠠ ᠨᠢ ᠬᠤᠬᠢᠷᠠᠭᠴᠢ ᠲᠠᠷᠣᠢ ᠡᠷᠭᠡ ᠨᠢ ᠬᠠᠯᠲᠠᠭᠲᠠᠭᠰᠠᠨ ᠬᠦᠮᠦᠨ ᠤ ᠡᠷᠭᠡ ᠠᠰᠢᠭ ᠢ ᠨᠡᠩ ᠰᠠᠶᠢᠨ ᠬᠠᠮᠠᠭᠠᠯᠠᠵᠵᠣ ᠴᠢᠲᠠᠲᠠᠭ᠃     ᠪᠣᠲᠠᠲᠣ ᠠᠮᠢᠲᠣᠷᠠᠯ ᠳᠤ᠂ ᠵᠣᠭᠤᠰ ᠢᠶᠠᠨ ᠠᠷᠪᠢᠯᠠᠬᠤ ᠶᠢᠨ ᠲᠦᠯᠦᠭᠡ ᠬᠤᠲᠠᠯᠲᠣᠭᠠᠨ ᠤ ᠲᠠᠭᠠᠳᠬᠠᠯ ᠠᠪᠬᠤ ᠦᠭᠡᠢ᠂ ᠨᠡᠩ ᠴᠠᠭᠠᠰᠢᠯᠠᠪᠠᠯ ᠵᠠᠷᠢᠮ ᠬᠦᠮᠦᠨ ᠠᠯᠪᠠᠲᠠᠯᠭ᠎ᠠ ᠶᠢᠨ ᠲᠠᠭᠠᠳᠬᠠᠯ ᠢ ᠴᠦ  ᠬᠠᠣᠯᠢ  ᠶᠣᠰᠣᠭᠠᠷ  ᠬᠤᠲᠠᠯᠲᠣᠨ  ᠠᠪᠬᠤ  ᠦᠭᠡᠢ ᠦᠵᠡᠭᠲᠡᠯ ᠬᠠᠶ᠋ᠨ ᠦᠭᠡᠢ ᠪᠠᠶᠢᠵᠦ᠂ ᠡᠨ᠋ᠨ ᠨᠢ ᠵᠠᠮ ᠬᠠᠷᠢᠯᠴᠠᠭᠠᠨ ᠤ ᠬᠡᠨᠡᠲᠡᠯ ᠳᠤ ᠬᠤᠬᠢᠷᠠᠭᠰᠡᠳ ᠤᠨ ᠬᠠᠣᠯᠢ ᠶᠣᠰᠣᠨ ᠤ ᠡᠷᠭᠡ ᠠᠰᠢᠭ ᠢ ᠬᠠᠮᠠᠭᠠᠯᠠᠬᠤ ᠳᠤ ᠲᠣᠩ ᠬᠦᠴᠢᠷᠲᠡᠯ ᠠᠪᠴᠢᠷᠠᠲᠠᠭ ᠪᠠᠶᠢᠨ᠎ᠠ᠃      ᠡᠶᠢᠮᠦ ᠠᠴᠠ᠂ ᠮᠠᠰᠢᠨᠲᠣ ᠲᠡᠷᠭᠡ ᠠᠯᠪᠠᠲᠠᠯᠭ᠎ᠠ ᠶᠢᠨ ᠲᠠᠭᠠᠳᠬᠠᠯ᠂ ᠬᠤᠲᠠᠯᠲᠣᠭᠠᠨ ᠤ ᠲᠠᠭᠠᠳᠬᠠᠯ ᠬᠤᠲᠠᠯᠲᠣᠨ  ᠠᠪᠬᠤ ᠨᠢ ᠦᠪᠡᠷ ᠪᠣᠰᠣᠳ ᠲᠤ ᠴᠦᠮ ᠲᠣᠶᠢᠯ ᠤᠨ ᠠᠰᠢᠭ ᠲᠣᠰᠠ ᠲᠠᠢ ᠪᠠᠶᠢᠲᠠᠭ᠃ ︵ᠮᠦᠷᠡᠨ᠂ ᠸᠠᠩ ᠰᠢᠣᠸᠠᠢ ᠹᠧᠩ︶  
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号