ᠮᠠᠭᠤ ᠴᠢᠮᠡᠭᠡ︕ 6 ᠬᠥᠮᠦᠨ ᠪᠦᠬᠦᠨ ᠢᠶᠠᠷ ᠢᠶᠠᠨ ᠠᠳᠡᠪᠡ
ᠨᠡᠶᠢᠲᠡᠯᠡᠭᠰᠡᠨ ᠴᠠᠭ᠄
2021/12/29
     12 ᠰᠠᠷ᠎ᠠ ᠶᠢᠨ 27 ᠤ ᠡᠳᠦᠷ᠂ ︽6 ᠬᠥᠮᠦᠨ ᠱᠠᠨ ᠰᠢ ᠮᠤᠵᠢ ᠶᠢᠨ ᠵᠢᠶᠠᠩ ᠰᠢᠶᠠᠨ ᠤ  ᠯᠢ  ᠴᠧ  ᠢᠦᠶ   ᠶᠢᠨ ᠬᠠᠪᠢ ᠳᠤ ᠠᠯᠠᠭ᠎ᠠ ᠪᠣᠯᠣᠭᠠᠳ ᠣᠯᠠᠨ ᠡᠳᠦᠷ ᠪᠣᠯᠤᠭᠰᠠᠨ︾ ᠬᠡᠳᠡᠭ ᠨᠢᠭᠡᠨ ᠬᠡᠷᠡᠭ ᠬᠥᠮᠦᠰ ᠤᠨ ᠠᠩᠬᠠᠷᠤᠯ ᠢ ᠲᠠᠲᠠᠪᠠ᠃ ᠱᠠᠨ ᠰᠢ ᠮᠤᠵᠢ ᠶᠢᠨ ᠵᠢᠶᠠᠩ ᠰᠢᠶᠠᠨ ᠤ ᠠᠪᠤᠷᠠᠨ ᠲᠤᠰᠠᠯᠠᠬᠤ  ᠠᠵᠢᠯᠲᠠᠨ ᠤ  ᠭᠠᠵᠠᠷ ᠤᠨ  ᠮᠡᠳᠡᠭᠡ ᠶᠢ  ᠦᠨᠳᠦᠰᠦᠯᠡᠪᠡᠯ᠂ ᠠᠯᠠᠭ᠎ᠠ ᠪᠣᠯᠤᠭᠰᠠᠨ 6 ᠬᠥᠮᠦᠨ ᠢ ᠨᠢᠭᠡᠨᠲᠡ ᠡᠷᠢᠵᠦ ᠣᠯᠤᠭᠰᠠᠨ ᠪᠥᠭᠡᠳ ᠪᠦᠬᠦᠨ ᠢᠶᠠᠷ ᠢᠶᠠᠨ ᠠᠳᠡᠭᠰᠡᠨ ᠪᠠᠶᠢᠨ᠎ᠠ᠃ 27 ᠤ ᠡᠳᠦᠷ ᠤᠨ ᠥᠷᠯᠥᠭᠡ ᠶᠢᠨ 3 ᠴᠠᠭ 50  ᠮᠢᠨᠦ᠋ᠲ ᠤᠨ ᠦᠶ᠎ᠡ ᠪᠠᠷ᠂  ᠱᠠᠨ  ᠰᠢ  ᠮᠤᠵᠢ ᠶᠢᠨ  ᠵᠢᠶᠠᠩ  ᠰᠢᠶᠠᠨ ᠤ  ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠬᠢᠨ 12 ᠰᠠᠷ᠎ᠠ ᠶᠢᠨ 23 ᠤ ᠡᠳᠦᠷ ᠾᠧᠨᠠᠨ ᠮᠤᠵᠢ ᠶᠢᠨ ᠯᠦᠧᠧᠶᠠᠩ   ᠠᠴᠠ ᠱᠠᠨ ᠰᠢ ᠳᠤ ᠢᠷᠡᠭᠰᠡᠨ 6 ᠬᠥᠮᠦᠨ  ᠬᠠᠷᠢᠯᠴᠠᠭ᠎ᠠ  ᠲᠠᠰᠤᠷᠠᠵᠠᠶ  ᠭᠡᠰᠡᠨ ᠮᠡᠳᠡᠭᠦᠯᠦᠯᠲᠡ ᠶᠢ  ᠲᠤᠰᠤᠬᠰᠠᠨ ᠶᠤᠮ᠃ ᠮᠡᠳᠡᠭᠦᠯᠦᠯᠳᠡ ᠶᠢ ᠳᠤᠰᠤᠭᠰᠠᠨ ᠤ ᠳᠠᠷᠠᠭ᠎ᠠ᠂ ᠲᠤᠬᠠᠶ ᠶᠢᠨ  ᠭᠠᠵᠠᠷ ᠤᠨ  ᠳᠣᠲᠣᠭᠠᠳᠤ ᠶᠢ  ᠬᠠᠮᠠᠭᠠᠯᠠᠬᠤ  ᠪᠠᠶᠢᠭᠤᠯᠤᠯᠭ᠎ᠠ   ᠶᠢᠨ   ᠬᠢᠨ   ᠪᠦᠬᠦ ᠬᠦᠴᠦ ᠪᠠᠷ ᠢᠶᠠᠨ ᠡᠨᠡ 6 ᠬᠥᠮᠦᠨ ᠢ ᠡᠷᠢᠵᠦ᠂ ᠵᠢᠶᠠᠩ ᠰᠢᠶᠠᠨ ᠤ ᠸᠧᠶ ᠵᠤᠧᠠᠩ ᠪᠠᠯᠭᠠᠰᠤᠨ ᠤ ᠯᠢ ᠴᠧ ᠢᠦᠶ ᠶᠢᠨ ᠬᠠᠪᠢ ᠶᠢᠨ ᠨᠢᠭᠡᠨ ᠠᠭᠤᠯᠠᠨ ᠳᠠᠬᠢ ᠠᠭᠤᠷᠬᠠᠶ ᠶᠢᠨ ᠠᠭᠤᠶ ᠶᠢᠨ ᠬᠤᠶᠠᠷ ᠺᠢᠯᠣᠮᠧᠲᠷ ᠵᠠᠶᠢᠲᠠᠶ ᠭᠠᠵᠠᠷ ᠠᠴᠠ ᠾᠧᠨᠠᠨ  ᠫᠠᠶᠢᠰᠠ ᠲᠠᠢ  ᠬᠤᠶᠠᠷ ᠮᠠᠰᠢᠨ ᠲᠡᠷᠭᠡ ᠶᠢ ᠤᠯᠵᠤ ᠠᠪᠴᠠᠢ᠃ ᠪᠥᠬᠦ ᠬᠦᠴᠦᠨ ᠢᠶᠠᠷ ᠢᠶᠠᠨ ᠡᠷᠢᠵᠦ ᠬᠠᠶᠢᠭᠰᠠᠨ ᠢᠶᠠᠷ᠂  ᠣᠳᠣᠬᠠᠨ ᠳᠤ  ᠪᠠᠷ᠎ᠠ  ᠰᠤᠷᠠᠭ ᠥᠬᠡᠶ ᠪᠣᠯᠤᠭᠰᠠᠨ 6 ᠬᠥᠮᠦᠨ ᠢ ᠬᠠᠶᠠᠬᠲᠠᠬᠰᠠᠨ ᠨᠢᠭᠡᠨ ᠠᠭᠤᠷᠬᠠᠶ ᠶᠢᠨ  ᠨᠦᠭᠡᠨ ᠠᠴᠠ ᠡᠷᠢᠵᠦ ᠣᠯᠤᠭᠰᠠᠨ  ᠪᠣᠯᠪᠠᠴᠤ ᠪᠦᠬᠦᠨ ᠢᠶᠠᠷ ᠢᠶᠠᠨ ᠠᠳᠡᠭᠰᠡᠨ ᠪᠠᠶᠢᠯ᠎ᠠ᠃ ᠬᠠᠮᠢᠶ᠎ᠠ ᠪᠦᠬᠦᠢ ᠰᠠᠯᠠᠭ᠎ᠠ ᠮᠥᠴᠢᠷ ᠶᠢᠨ ᠬᠢᠨ ᠶᠠᠭ ᠲᠤᠰ  ᠬᠡᠷᠡᠭ ᠢ  ᠪᠠᠶᠢᠴᠠᠭᠠᠵᠤ ᠪᠠᠶᠢᠨ᠎ᠠ᠃  
 
ᠢᠷᠡᠯᠲᠡ᠄ ᠠᠷᠠᠳ ᠤᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号