ᠲᠡᠯᠡᠬᠡᠢ ᠶᠢᠨ ᠡᠷᠡᠬᠦᠯ ᠬᠠᠮᠠᠭᠠᠯᠠᠯ ᠤᠨ ᠵᠤᠬᠢᠶᠡᠨ ᠪᠠᠶᠢᠭᠤᠯᠤᠯᠲᠡ ᠠᠴᠠ ᠰᠡᠳᠬᠢᠴᠡ ᠶᠢᠨ ᠡᠷᠡᠬᠦᠯ ᠮᠡᠨᠳᠤ ᠳᠤ | ᠦᠭᠬᠦᠭᠰᠡᠨ ᠲᠤᠮᠢᠶᠡᠯᠡᠯ ᠪᠤᠯ᠄ ︽ᠰᠡᠳᠬᠢᠴᠡ ᠶᠢᠨ ᠡᠷᠡᠬᠦᠯ ᠮᠡᠨᠳᠤ ᠪᠤᠯ ᠪᠠᠶ᠎ᠠ ᠮᠠᠬᠠᠪᠤᠳ᠂ ᠤᠶᠤᠨ ᠰᠠᠨᠠᠭ᠎ᠠ ᠪᠤᠯᠤᠨ | ᠨᠠᠶᠢᠬᠡᠮ ᠳᠤ ᠵᠤᠬᠢᠴᠡᠬᠤ ᠲᠠᠯ᠎ᠠ ᠪᠠᠷ ᠬᠢ ᠨᠢᠬᠡ ᠵᠦᠢᠯ ᠤᠨ ᠰᠠᠶᠢᠨ ᠪᠠᠶᠢᠲᠠᠯ ᠪᠤᠯᠤᠨ᠎ᠠ︾᠃ | ᠡᠬᠦᠨ ᠠᠴᠠ ᠦᠵᠡᠪᠡᠯ᠂ ᠰᠡᠳᠬᠢᠴᠡ ᠶᠢᠨ ᠡᠷᠡᠬᠦᠯ ᠮᠡᠨᠳᠤ ᠨᠢ ᠭᠤᠷᠪᠡᠨ ᠦᠨᠲᠦᠰᠤᠨ ᠡᠯᠧᠮᠧᠨ᠋ᠲ ᠢ ᠠᠭᠤᠯᠵᠤ | ᠪᠤᠢ᠄ | ᠨᠢᠬᠡ ᠳᠤ ᠪᠠᠶ᠎ᠠ ᠮᠠᠬᠠᠪᠤᠳ ᠡᠷᠡᠬᠦᠯ ᠮᠡᠨᠳᠤ ᠪᠠᠶᠢᠬᠤ︔ | ᠬᠤᠶᠡᠷ ᠲᠤ ᠰᠡᠳᠬᠢᠴᠡ ᠡᠷᠡᠬᠦᠯ ᠮᠡᠨᠳᠤ ᠪᠠᠶᠢᠬᠤ︔ | ᠭᠤᠷᠪᠡ ᠳᠤ ᠨᠡᠶᠢᠬᠡᠮ ᠳᠤ ᠵᠤᠬᠢᠴᠠᠬᠤ ᠴᠢᠲᠡᠪᠤᠷᠢ ᠲᠠᠢ ᠪᠠᠶᠢᠬᠤ᠃ ᠨᠠᠶᠢᠬᠡᠮ ᠳᠤ ᠵᠤᠬᠢᠴᠠᠬᠤ ᠴᠢᠲᠡᠪᠤᠷᠢ ᠲᠠᠢ | ᠪᠠᠶᠢᠬᠤ ᠪᠤᠯ ᠲᠡᠯᠡᠬᠡᠢ ᠨᠠᠶᠢᠲᠡ ᠪᠠᠷ ᠢᠶᠠᠨ ᠮᠡᠲᠡᠷᠡᠵᠤ ᠪᠠᠶᠢᠭ᠎ᠠ ᠰᠡᠳᠬᠢᠴᠡ ᠶᠢᠨ ᠡᠷᠡᠬᠦᠯ ᠮᠡᠨᠳᠤ ᠶᠢᠨ ᠲᠡᠷᠢᠬᠦᠨ | ᠴᠢᠬᠤᠯᠡ ᠪᠡᠷᠢᠮᠵᠢᠶ᠎ᠠ ᠪᠤᠯᠬᠤ ᠶᠤᠮ᠃ ᠪᠦᠬᠦ ᠲᠡᠯ᠎ᠠ ᠶᠢᠨ ᠡᠷᠡᠬᠦᠯ ᠴᠢᠭᠢᠷᠠᠬ ᠲᠤ ᠪᠠᠶ᠎ᠠ ᠮᠠᠬᠠᠪᠤᠳ ᠤᠨ ᠡᠷᠡᠬᠦᠯ ᠮᠡᠨᠳᠤ | ᠪᠤᠯᠤᠨ ᠰᠡᠳᠬᠢᠴᠡ ᠶᠢᠨ ᠡᠷᠡᠬᠦᠯ ᠮᠡᠨᠳᠤ ᠬᠡᠵᠤ ᠬᠤᠶᠡᠷ ᠶᠡᠭᠡ ᠠᠭᠤᠯᠭ᠎ᠠ ᠶᠢ ᠪᠠᠭᠲᠠᠭᠠᠨ᠎ᠠ᠂ ᠡᠨᠡ ᠬᠤᠶᠡᠷ ᠠᠭᠤᠯᠭ᠎ᠠ | ᠬᠠᠷᠢᠯᠴᠡᠨ ᠨᠢᠬᠳᠠ ᠤᠶᠡᠯᠲᠦᠵᠤ ᠪᠠᠶᠢᠲᠠᠬ᠂ ᠠᠯᠢ ᠨᠢᠬᠡ ᠨᠢ ᠴᠤ ᠲᠤᠲᠠᠬᠲᠠᠵᠤ ᠪᠤᠯᠬᠤ ᠦᠬᠡᠢ ᠪᠦᠬᠡᠳ ᠰᠠᠯᠭᠠᠵᠤ | ᠴᠤ ᠪᠤᠯᠬᠤ ᠦᠬᠡᠢ᠃ ᠡᠨᠡ ᠪᠤᠯ ᠡᠷᠡᠬᠦᠯ ᠮᠡᠨᠳᠤ ᠶᠢᠨ ᠤᠬᠠᠬᠲᠠᠬᠤᠨ ᠤ ᠭᠤᠤᠯ ᠴᠢᠮᠤᠬᠡ ᠪᠤᠯᠤᠨ᠎ᠠ᠃ | ᠤᠲᠤᠬᠠᠨ᠎ᠠ ᠵᠠᠯᠠᠭᠤᠴᠤᠳ ᠪᠠᠭᠠᠴᠤᠳ ᠤᠨ ᠰᠡᠳᠬᠢᠴᠡ ᠶᠢᠨ ᠲᠡᠯ᠎ᠠ ᠪᠠᠷ ᠭᠤᠤᠯᠲᠠᠭᠤ ᠡᠶᠢᠮᠤ ᠬᠡᠲᠦᠨ | ᠵᠦᠢᠯ ᠤᠨ ᠠᠰᠠᠭᠤᠲᠡᠯ ᠢᠯᠡᠷᠡᠵᠤ ᠪᠤᠢ᠃ | ᠵᠤᠪᠠᠨᠢᠬᠤ ᠊᠊᠊᠊᠊ ᠵᠤᠪᠠᠨᠢᠬᠤ ᠬᠡᠲᠡᠭ ᠨᠢ ᠬᠦᠮᠤᠨ ᠠᠮᠢᠲᠦᠷᠡᠯ ᠲᠤᠮᠲᠡᠬᠢ ᠡᠬᠦᠰᠬᠦ ᠬᠡᠵᠤ ᠪᠠᠶᠢᠭ᠎ᠠ ᠠᠶᠤᠯ | ᠲᠦᠭᠰᠢᠬᠦᠷᠢ᠂ ᠭᠠᠢ ᠭᠠᠮᠰᠢᠬ ᠪᠤᠶᠤ ᠶᠠᠮᠠᠷ ᠨᠢᠬᠡᠨ ᠴᠢᠬᠤᠯᠡ ᠶᠠᠪᠤᠲᠡᠯ ᠳᠤ ᠴᠢᠷᠮᠠᠶᠢᠯᠭ᠎ᠠ ᠭᠠᠷᠭᠠᠬᠤ ᠦᠶᠡᠰ ᠢᠯᠡᠷᠡᠬᠦ | ᠪᠡᠴᠢᠮᠲᠡᠯ᠂ ᠪᠤᠬᠢᠨᠢᠲᠦᠯ ᠪᠤᠯᠤᠨ ᠰᠡᠳᠬᠢᠯ ᠰᠠᠨᠠᠭ᠎ᠠ ᠨᠢ ᠲᠤᠬᠲᠠᠪᠤᠷᠢ ᠦᠬᠡᠢ ᠪᠤᠯᠬᠤ ᠰᠡᠳᠭᠢᠴᠡ ᠶᠢᠨ ᠪᠠᠶᠢᠲᠠᠯ ᠢ | ᠬᠡᠯᠡᠨ᠎ᠠ᠃ | ᠭᠠᠩᠰᠠᠷᠡᠬᠤ ᠊᠊᠊᠊᠊ ᠤᠷᠮ᠎ᠠ ᠰᠡᠳᠬᠢᠯᠭᠡ ᠭᠦᠭᠵᠢᠩᠭᠦᠢ ᠪᠤᠰᠤ᠂ ᠰᠤᠷᠤᠯᠴᠠᠯᠭ᠎ᠠ ᠠᠮᠢᠲᠦᠷᠡᠯ ᠳᠤ ᠤᠷᠮ᠎ᠠ | ᠠᠯᠲᠠᠬᠤ᠂ ᠦᠬᠡᠷ᠎ᠠ ᠪᠤᠰᠤᠳ ᠲᠤ ᠢᠯᠲᠡᠷ ᠨᠠᠶᠢᠷ ᠲᠠᠯᠪᠢᠬᠤ ᠦᠬᠡᠢ᠂ ᠬᠠᠯᠠᠭᠤᠨ ᠰᠡᠳᠬᠢᠯᠬᠡ ᠪᠠᠷ ᠲᠤᠲᠠᠮᠠᠬ᠂ | ᠦᠬᠡ ᠲᠠᠭᠤ ᠴᠦᠬᠡᠨ᠂ ᠪᠠᠶ᠎ᠠ ᠳᠤ ᠪᠠᠨ ᠢᠲᠡᠭᠡᠯ ᠠᠯᠳᠠᠬᠤ ᠶᠢ ᠬᠡᠯᠡᠨ᠎ᠠ᠃ ᠭᠠᠩᠰᠠᠷᠡᠬᠤ ᠰᠡᠳᠬᠢᠯᠬᠡ ᠨᠢ | ᠵᠠᠯᠠᠭᠤᠴᠤᠳ ᠪᠠᠭᠠᠴᠤᠳ ᠤᠨ ᠪᠠᠶ᠎ᠠ ᠪᠠᠨ ᠬᠤᠤᠷᠯᠠᠬᠤ ᠰᠢᠯᠲᠠᠭᠠᠨ ᠤ ᠨᠢᠬᠡ ᠪᠤᠯᠤᠨ᠎ᠠ᠃ | ᠠᠭᠤᠷᠯᠠᠬᠤ ᠊᠊᠊᠊᠊ ᠡᠯ᠎ᠠ ᠵᠦᠢᠯ ᠤᠨ ᠠᠲᠠᠯᠢ ᠪᠤᠰᠤ ᠬᠡᠮᠵᠢᠶᠡᠨ ᠤ ᠠᠮᠠᠷᠬᠠᠨ ᠠᠭᠤᠷᠯᠠᠬᠤ ᠬᠠᠨᠲᠦᠰᠢ ᠶᠢ ᠵᠢᠭᠠᠵᠤ | ᠪᠠᠶᠢᠨ᠎ᠠ᠃ ᠶᠠᠯᠢᠮ ᠦᠬᠡᠢ ᠤᠴᠢᠷ ᠶᠠᠪᠤᠲᠡᠯ ᠲᠡᠭᠡᠷ᠎ᠡ ᠠᠭᠤᠷᠯᠠᠵᠤ ᠪᠡᠴᠢᠮᠲᠡᠨ᠂ ᠵᠡᠷᠢᠮ ᠶᠠᠪᠤᠲᠠᠯ ᠲᠡᠭᠡᠷ᠎ᠡ | ᠬᠡᠲᠦᠷᠡᠮᠡᠬᠡᠢ ᠦᠢᠯᠡ ᠬᠢᠬᠦ᠂ ᠵᠢᠱᠢᠶᠡᠯᠡᠪᠡᠯ᠂ ᠬᠦᠮᠤᠨ ᠢ ᠬᠠᠷᠢᠶᠠᠬᠤ᠂ ᠬᠡᠷᠡᠬᠦᠯ ᠵᠤᠲᠤᠭᠠᠨ ᠡᠬᠦᠰᠬᠡᠬᠦ᠂ ᠤᠴᠢᠷ | ᠶᠠᠪᠤᠲᠡᠯ ᠢ ᠬᠢᠬᠦ ᠳᠤ ᠪᠠᠨ ᠦᠷ᠎ᠠ ᠳ᠋ᠦᠩ ᠢ ᠪᠤᠲᠤᠯᠬᠢᠯᠡᠬᠤ ᠦᠬᠡᠢ ᠵᠡᠷᠭᠡ᠃ | ᠭᠤᠲᠤᠷᠡᠬᠤ ᠊᠊᠊᠊᠊ ᠨᠤᠭᠤᠷᠡᠯ ᠪᠦᠲᠦᠷᠢᠯ ᠳᠤ ᠤᠯᠡᠨᠲᠡ ᠤᠴᠠᠷᠡᠵᠤ ᠢᠯᠠᠡ ᠲᠠᠪᠠᠭ᠋ᠤ ᠲᠡᠩᠭᠡᠭᠡ ᠦᠬᠡᠢ | ᠪᠤᠯᠤᠬᠰᠠᠨ ᠤ ᠲᠠᠷᠠᠭ᠎ᠠ ᠶᠠᠷᠤ ᠨᠢ ᠪᠠᠶ᠎ᠠ ᠳᠤ ᠪᠠᠨ ᠢᠲᠡᠭᠡᠯ ᠠᠯᠲᠠᠨ᠂ ᠭᠤᠲᠤᠷᠡᠬᠤ ᠰᠡᠳᠬᠢᠯᠬᠡ ᠲᠠᠢ ᠪᠤᠯᠵᠤ᠂ | ᠦᠪᠡᠷ ᠢ ᠪᠠᠨ ᠦᠷᠦᠬᠡᠯ ᠪᠤᠰᠤᠳ ᠠᠴᠠ ᠲᠤᠤᠷ᠎ᠠ ᠬᠡᠵᠤ ᠦᠵᠡᠲᠡᠭ᠃ | ᠨᠠᠶᠢᠬᠡᠮ ᠲᠠᠢ ᠬᠠᠷᠢᠯᠴᠠᠬᠤ ᠠᠴᠠ ᠠᠶᠤᠬᠤ ᠊᠊᠊᠊᠊ ᠦᠷᠤᠭᠡᠯ ᠪᠤᠰᠤᠳ ᠲᠠᠢ ᠬᠠᠷᠢᠯᠴᠠᠬᠤ ᠦᠶᠡᠰ ᠬᠦᠲᠡᠯᠤᠯ | ᠪᠠᠷᠢᠯ ᠨᠢ ᠬᠢᠵᠠᠭᠠᠷᠯᠠᠬᠲᠠᠵᠤ᠂ ᠨᠢᠭᠤᠷ ᠴᠢᠷᠡᠢ ᠨᠢ ᠤᠯᠠᠶᠢᠬᠤ᠂ ᠵᠢᠷᠦᠬᠡᠨ ᠴᠤᠬᠢᠯᠭ᠎ᠠ ᠨᠢ ᠲᠦᠷᠭᠡᠰᠴᠤ᠂ ᠭᠡᠯᠡᠵᠤ | ᠶᠠᠷᠢᠬᠤ ᠨᠢ ᠡᠬᠢ ᠠᠲᠠᠬ ᠦᠬᠡᠢ ᠪᠤᠯᠬᠤ᠂ ᠭᠠᠷ ᠬᠦᠯ ᠨᠢ ᠴᠡᠴᠡᠷᠡᠵᠤ᠂ ᠪᠦᠬᠡᠯᠵᠢᠰᠤ ᠬᠦᠷᠬᠦ ᠵᠡᠷᠬᠡ᠃ | ᠠᠩᠬᠠᠷᠦᠯ ᠲᠦᠪᠯᠡᠷᠡᠬᠦ ᠦᠬᠡᠢ ᠊᠊᠊᠊᠊ ᠠᠩᠬᠠᠷᠦᠯ ᠲᠦᠪᠯᠡᠷᠡᠬᠦ ᠦᠬᠡᠢ ᠦᠵᠡᠭᠲᠡᠯ ᠵᠠᠯᠠᠭᠤᠴᠤᠳ ᠪᠠᠭᠠᠴᠤᠳ ᠤᠨ | ᠲᠤᠮᠲᠡ ᠤᠯᠡᠨ ᠢᠯᠡᠷᠡᠲᠡᠭ᠃ ᠰᠡᠳᠬᠢᠯ ᠰᠠᠨᠠᠭ᠎ᠠ ᠪᠠᠨ ᠲᠦᠪᠯᠡᠷᠡᠬᠦᠯᠵᠤ ᠪᠠᠭᠰᠢ ᠶᠢᠨ ᠶᠠᠷᠢᠬᠤ ᠶᠢ ᠰᠤᠨᠤᠰᠴᠤ | ᠤᠷᠤᠬᠤ ᠦᠬᠡᠢ᠂ ᠲᠠᠰᠬᠠᠯ ᠲᠠᠭᠠᠭᠠᠯᠭᠠᠪᠤᠷᠢ ᠪᠠᠨ ᠨᠠᠷᠢᠨ ᠬᠢᠨᠠᠮᠠᠭᠠᠢ ᠪᠠᠶᠠᠯᠠᠬᠦᠯᠵᠤ ᠴᠢᠲᠠᠬᠤ ᠦᠬᠡᠢ᠂ ᠲᠧᠯᠧᠢᠰ | ᠦᠵᠡᠬᠦ᠂ ᠲᠤᠬᠯᠠᠭᠠᠮ ᠨᠠᠭᠠᠳᠬᠤ ᠪᠠᠷ ᠠᠪᠴᠤ ᠭᠡᠯᠡᠭᠰᠡᠨ ᠴᠤ ᠡᠬᠢᠨ ᠠᠴᠠ ᠨᠢ ᠠᠪᠤᠭᠠᠳ ᠠᠲᠠᠬ ᠲᠤ ᠨᠢ ᠬᠦᠷᠲᠡᠯ᠎ᠠ | ᠰᠡᠳᠬᠢᠯ ᠰᠠᠨᠠᠭ᠎ᠠ ᠪᠠᠨ ᠲᠦᠪᠯᠠᠷᠡᠬᠦᠯᠵᠤ ᠴᠢᠲᠠᠬᠤ ᠦᠬᠡᠢ᠃ | ᠲᠡᠭᠡᠷᠡᠬᠢ ᠪᠤᠯ ᠵᠠᠯᠠᠭᠤᠴᠤᠳ ᠪᠠᠭᠠᠴᠤᠳ ᠤᠨ ᠲᠤᠮᠲᠡ ᠤᠷᠤᠰᠢᠵᠤ ᠪᠠᠶᠢᠭ᠎ᠠ ᠰᠡᠳᠬᠢᠴᠡ ᠶᠢᠨ ᠲᠠᠯ᠎ᠠ ᠪᠠᠷ ᠬᠢ | ᠭᠤᠤᠯ ᠠᠰᠠᠭᠤᠳᠠᠯ ᠪᠤᠯᠤᠨ᠎ᠠ᠃ ᠡᠬᠦᠨ ᠠᠴᠠ ᠭᠠᠲᠠᠨ᠎ᠠ ᠪᠠᠰᠠ ᠤᠶᠤᠨ ᠴᠢᠲᠡᠪᠬᠢ᠂ ᠦᠢᠯᠡ ᠠᠵᠢᠯᠯᠠᠭ᠎ᠠ᠂ ᠬᠠᠶᠢᠷ᠎ᠠ | ᠰᠡᠳᠬᠢᠯᠭᠡ ᠵᠡᠷᠬᠡ ᠲᠡᠯ᠎ᠠ ᠶᠢᠨ ᠠᠰᠠᠭᠤᠲᠡᠯ ᠴᠤ ᠤᠷᠤᠰᠢᠵᠤ ᠪᠤᠢ᠃ |