ᠶᠠᠭᠤ ᠶᠢ ᠠᠮᠢᠲᠦ ᠪᠤᠳᠠᠰ ᠤᠨ ᠲᠠᠷᠢᠶᠠᠨ ᠡᠮ ᠭᠡᠬᠦ ᠪᠣᠢ
ᠨᠡᠶᠢᠲᠡᠯᠡᠭᠰᠡᠨ ᠴᠠᠭ᠄
2021/12/22
     ᠠᠮᠢᠲᠦ ᠪᠤᠳᠠᠰ ᠤᠨ ᠲᠠᠷᠢᠶᠠᠨ ᠡᠮ ᠭᠡᠳᠡᠭ ᠨᠢ ᠲᠠᠷᠢᠶᠠᠯᠠᠩ᠂ ᠣᠢ ᠰᠢᠭᠤᠢ᠂ ᠮᠠᠯ ᠠᠵᠤ ᠠᠬᠤᠢ ᠶᠢᠨ ᠬᠦᠨᠦᠭᠡᠯᠲᠦ ᠠᠮᠢᠲᠦ ᠪᠤᠳᠠᠰ ᠤᠨ ᠠᠮᠢᠲᠦ ᠪᠡᠶ᠎ᠡ ᠶᠢ ᠰᠡᠷᠭᠡᠶᠢᠯᠡᠨ ᠵᠠᠰᠠᠳᠠᠭ ᠲᠠᠷᠢᠶᠠᠨ ᠡᠮ ᠢ ᠵᠢᠭᠠᠵᠤ ᠪᠤᠢ᠂ ᠡᠭᠦᠨ ᠢ ᠭᠤᠷᠪᠠᠨ ᠶᠡᠭᠡ ᠲᠦᠷᠦᠯ ᠳᠤ ᠬᠤᠪᠢᠶᠠᠵᠤ ᠪᠣᠯᠤᠨ᠎ᠠ᠃      1. ᠳᠠᠷᠤᠯᠭ᠎ᠠ ᠶᠢᠨ ᠰᠢᠪᠡᠵᠢ ︵天敌昆虫︶ — ᠮᠦᠯᠵᠢᠭᠦᠷ ᠬᠤᠷᠤᠬᠠᠢ ᠶᠢᠨ ᠳᠠᠷᠤᠯᠭ᠎ᠠ᠂ ᠢᠳᠡᠰᠢ ᠡᠷᠢᠬᠦ ᠳᠠᠷᠤᠯᠭ᠎ᠠ᠃      2. ᠳᠠᠷᠤᠯᠭ᠎ᠠ ᠶᠢᠨ ᠮᠢᠺᠷᠦᠪ ︵天敌微生物︶ — ᠪᠠᠺᠠᠲ᠋ᠧᠷᠢ᠂ ᠸᠢᠷᠦ᠋ᠰ᠂ ᠤᠲᠠᠰᠤᠯᠢᠭ ᠬᠤᠷᠤᠬᠠᠢ᠂ ᠪᠦᠳᠦᠭᠦᠯᠢᠭ ᠠᠮᠢᠲᠠᠨ᠃      3. ᠤᠳᠤᠮᠰᠢᠯ ᠤᠨ ᠢᠨᠵᠧᠨᠧᠷᠢᠩ ᠤᠨ ᠠᠮᠢᠲᠦ ᠪᠤᠳᠠᠰ ︵遗传工程生物︶ — ᠭᠧᠨ ᠰᠢᠯᠵᠢᠭᠰᠡᠨ ᠤᠷᠭᠤᠮᠠᠯ᠂ ᠤᠳᠤᠮᠰᠢᠯ ᠤᠨ ᠢᠨᠵᠧᠨᠧᠷᠢᠩ ᠤᠨ ᠮᠢᠺᠷᠦᠪ᠂ ᠤᠳᠤᠮᠰᠢᠯ ᠤᠨ ᠢᠨᠵᠧᠨᠧᠷᠢᠩ ᠤᠨ ᠰᠢᠪᠡᠵᠢ ᠃ ᠠᠮᠢᠲᠦ ᠪᠤᠳᠠᠰ ᠤᠨ ᠡᠭᠦᠰᠦᠯᠲᠦ ᠲᠠᠷᠢᠶᠠᠨ ᠡᠮ ︵生物源农药︶ ᠢ ᠪᠠᠰᠠ ᠠᠮᠢᠲᠦ ᠪᠤᠳᠠᠰ ᠤᠨ ᠲᠠᠷᠢᠶᠠᠨ ᠡᠮ ︵生物农药︶ ᠲᠤ ᠣᠷᠤᠭᠤᠯᠳᠠᠭ᠃ ᠠᠮᠢᠲᠦ ᠪᠤᠳᠠᠰ ᠤᠨ ᠡᠭᠦᠰᠦᠯᠲᠦ ᠲᠠᠷᠢᠶᠠᠨ ᠡᠮ ᠭᠡᠳᠡᠭ ᠨᠢ ᠬᠠᠷᠢᠨ ᠭᠤᠣᠯᠳᠠᠭᠤ ᠠᠮᠢᠲᠦ ᠪᠤᠳᠠᠰ ᠤᠨ ᠰᠣᠯᠢᠯᠴᠠᠭᠠᠨ ᠠᠴᠠ ᠪᠣᠢ ᠪᠣᠯᠤᠭᠰᠠᠨ ᠲᠠᠷᠢᠶᠠᠨ ᠡᠮ ᠤᠨ ᠢᠳᠡᠪᠬᠢ ᠴᠢᠨᠠᠷᠲᠠᠢ ᠪᠤᠳᠠᠰ ᠪᠣᠯᠬᠤ ᠪᠦᠭᠡᠳ ᠡᠭᠦᠨ ᠳᠤ ᠤᠷᠭᠤᠮᠠᠯ ᠤᠨ ᠡᠭᠦᠰᠦᠯᠲᠦ ᠲᠠᠷᠢᠶᠠᠨ ᠡᠮ ︵植物源 农 药︶᠂ ᠮᠢᠺᠷᠦᠪ ᠤᠨ ᠡᠭᠦᠰᠦᠯᠲᠦ ᠲᠠᠷᠢᠶᠠᠨ ᠡᠮ ︵微生物源农药︶ ᠲᠤ ᠨᠢᠶᠠᠨ ᠳᠠᠷᠤᠭᠴᠢ ︵抗生 素︶᠂ ᠰᠢᠪᠡᠵᠢ ᠶᠢᠨ ᠪᠡᠶ᠎ᠡ ᠶᠢᠨ ᠭᠠᠳᠠᠨᠠᠬᠢ ᠬᠤᠷᠮᠤᠨ ︵昆虫外激素︶ ᠵᠢᠴᠢ ᠰᠢᠪᠡᠵᠢ ᠶᠢᠨ ᠦᠰᠦᠯᠲᠡ ᠶᠢ ᠲᠣᠬᠢᠷᠠᠭᠤᠯᠬᠤ ᠡᠳ᠋ ︵昆虫生长调节剂︶ ᠵᠡᠷᠭᠡ ᠪᠠᠭᠲᠠᠨ᠎ᠠ᠃      ︵ᠢᠷᠡᠯᠲᠡ᠄ ᠭᠡᠭᠡᠨᠬᠠᠰ ᠤᠨ ᠨᠠᠶᠢᠷᠠᠭᠤᠯᠤᠭᠰᠠᠨ ︽ᠲᠠᠷᠢᠶᠠᠨ ᠡᠮ ᠬᠡᠷᠡᠭᠯᠡᠬᠦ ᠠᠰᠠᠭᠤᠯᠲᠠ ᠬᠠᠷᠢᠭᠤᠯᠲᠠ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶ ᠁  
 
ᠢᠷᠡᠯᠲᠡ᠄ ︽ᠲᠠᠷᠢᠶᠠᠨ ᠡᠮ ᠭᠡᠷᠡᠭᠯᠡᠬᠦ ᠠᠰᠠᠭᠤᠯᠲᠠ ᠬᠠᠷᠢᠭᠤᠯᠲᠠ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号