ᠨᠢᠯᠬ᠎ᠠ ᠬᠡᠤᠬᠡᠳ ᠤᠨ ᠬᠢᠵᠤ ᠴᠢᠳᠠᠳᠠᠭ ᠰᠠᠨᠠᠭᠠᠨ ᠳᠤ ᠤᠷᠤᠮ᠎ᠠ ᠦᠬᠡᠢ 10 ᠵᠦᠢᠯ
ᠨᠡᠶᠢᠲᠡᠯᠡᠭᠰᠡᠨ ᠴᠠᠭ᠄
2021/12/16
   ᠲᠦᠩᠭᠡᠵᠢ ᠲᠦᠷᠦᠭᠰᠡᠨ ᠬᠡᠤᠬᠡᠳ ᠲᠤᠯᠤᠭᠠᠢ ᠶᠢ ᠪᠠᠨ ᠡᠷᠭᠦᠭᠦ᠂ ᠮᠦᠯᠬᠦᠬᠦ᠂ ᠠᠯᠬᠤᠬᠤ ᠵᠡᠷᠭᠡ ᠬᠦᠮᠦᠨ ᠪᠤᠯᠬᠤ ᠠᠯᠬᠤᠮ ᠨᠢ ᠤᠳᠠᠭᠠᠨ ᠪᠠᠶᠢᠳᠠᠭ ᠪᠢᠯᠡ᠃ ᠬᠠᠷᠢᠨ ᠤᠨᠠᠭ᠎ᠠ᠂ ᠬᠤᠷᠠᠭ᠎ᠠ ᠵᠡᠷᠭᠡ ᠠᠮᠢᠳᠠᠳ ᠲᠦᠷᠦᠭᠰᠡᠨ ᠠᠴᠠ ᠬᠡᠲᠦᠭᠡᠨ ᠴᠠᠭ ᠤᠨ ᠲᠠᠷᠠᠬ᠋᠎ᠠ ᠵᠤᠭᠰᠤᠭᠠᠳ ᠴᠢᠳᠠᠳᠠᠭ ᠪᠢᠯᠡ᠃ ᠡᠷᠳᠡᠮᠳᠡᠳ ᠡᠬᠦᠨ ᠢ ᠰᠤᠳᠤᠯᠬᠤ ᠬᠡᠵᠤ ᠲᠤᠷᠰᠢᠯᠲᠠ ᠬᠢᠵᠠᠢ᠃ ᠰᠤᠳᠤᠯᠭᠠᠨ ᠤ ᠦᠷ᠎ᠡ ᠳ᠋ᠦᠩ ᠳᠤ ᠬᠡᠤᠬᠡᠳ 1 ᠨᠠᠰᠤ ᠬᠦᠷᠳᠡᠯ᠎ᠡ ᠭᠠᠶᠢᠬᠠᠯᠲᠠᠢ ᠬᠡᠮᠡᠷ ᠴᠢᠳᠠᠪᠤᠷᠢ ᠨᠤᠭᠤᠳ ᠲᠠᠢ ᠪᠠᠶᠢᠳᠠᠭ ᠢ ᠤᠯᠵᠤ ᠢᠯᠡᠷᠡᠭᠦᠯᠦᠭᠰᠡᠨ ᠠᠵᠠᠢ᠃ ᠬᠡᠤᠬᠡᠳ ᠤᠨ ᠲᠠᠷᠢᠬᠢ ᠪᠢᠳᠡᠨ ᠤ ᠲᠦᠰᠦᠭᠡᠯᠡᠵᠦ ᠪᠠᠶᠢᠭᠰᠠᠨ ᠠᠴᠠ ᠴᠤ ᠢᠯᠡᠬᠦᠦ ᠨᠠᠷᠢᠨ ᠵᠤᠬᠢᠶᠠᠨ ᠪᠠᠶᠢᠭᠤᠯᠤᠯᠲᠠ ᠲᠠᠢ ᠪᠠᠶᠢᠯ᠎ᠠ᠃     1. ᠬᠡᠤᠬᠡᠳ ᠨᠢᠭᠡ ᠤᠳᠠᠭ᠎ᠠ ᠬᠠᠷᠠᠭᠰᠠᠨ ᠬᠦᠮᠦᠨ ᠢᠶᠠᠨ ᠮᠠᠰᠢ ᠤᠯᠠᠨ ᠵᠢᠯ ᠤᠨ ᠲᠤᠷᠰᠢᠳᠠ ᠰᠠᠨᠠᠵᠤ ᠪᠠᠶᠢᠳᠠᠭ 3 ᠨᠠᠰᠤᠲᠠᠢ ᠬᠡᠤᠬᠡᠳ ᠤᠳ ᠲᠤ 2 ᠲᠦᠷᠦᠯ ᠤᠨ ᠪᠢᠴᠢᠯᠭᠡ ᠦᠵᠡᠭᠦᠯᠵᠠᠢ᠃ ᠪᠢᠴᠢᠯᠭᠡ ᠨᠢᠭᠡ ᠲᠡᠭᠡᠷ᠎ᠡ ᠨᠢ 2 ᠵᠢᠯ ᠤᠨ ᠡᠮᠦᠨ᠎ᠡ ᠬᠠᠷᠠᠵᠤ ᠪᠠᠶᠢᠭᠰᠠᠨ ᠨᠢᠭᠡᠨ ᠰᠤᠳᠤᠯᠤᠭᠠᠴᠢ᠂ ᠪᠢᠴᠢᠯᠭᠡ ᠬᠤᠶᠠᠷ ᠲᠡᠭᠡᠷ᠎ᠡ ᠨᠢ ᠤᠬᠲᠤ ᠲᠠᠨᠢᠬᠤ ᠦᠬᠡᠢ ᠰᠤᠳᠤᠯᠤᠭᠠᠴᠢ ᠪᠠᠶᠢᠵᠠᠢ᠃ ᠬᠡᠤᠬᠡᠳ ᠤᠳ ᠡᠮᠦᠨ᠎ᠡ ᠨᠢ ᠠᠭᠤᠯᠵᠠᠵᠤ ᠪᠠᠶᠢᠭ᠎ᠠ ᠦᠭᠡᠢ ᠰᠤᠳᠤᠯᠤᠭᠠᠴᠢ ᠶᠢ ᠮᠠᠰᠢ ᠤᠳᠠᠭᠠᠨ ᠬᠠᠷᠠᠵᠤ᠂ ᠬᠠᠷᠢᠨ ᠬᠠᠷᠠᠵᠤ ᠪᠠᠶᠢᠭᠰᠠᠨ ᠰᠤᠳᠤᠯᠤᠭᠠᠴᠢ ᠶᠢ ᠲᠠᠨᠢᠵᠤ ᠪᠠᠶᠢᠭ᠎ᠠ ᠨᠢ ᠮᠡᠳᠡᠷᠡᠭᠳᠡᠵᠦ ᠪᠠᠶᠢᠯ᠎ᠠ᠃ ᠡᠬᠦᠨ ᠤ ᠲᠠᠷᠠᠬ᠋᠎ᠠ ᠪᠠᠷ ᠮᠡᠳᠡᠭᠡᠵᠢ ᠪᠠᠭ᠎ᠠ ᠨᠠᠰᠤᠨ ᠤ ᠬᠡᠤᠬᠡᠳ ᠤᠨ ᠲᠤᠷᠠᠰᠤᠮᠵᠢ ᠮᠠᠷᠳᠠᠭᠳᠠᠳᠠᠭ ᠤᠨ ᠠᠳᠠᠯᠢ ᠪᠠᠷ ᠮᠠᠷᠳᠠᠭᠳᠠᠳᠠᠭ ᠪᠠᠶᠢᠨ᠎ᠠ᠃     2. ᠬᠡᠤᠬᠡᠳ ᠬᠦᠮᠦᠨ ᠤ ᠴᠢᠷᠠᠢ ᠶᠢ ᠢᠯᠭᠠᠵᠤ ᠴᠢᠳᠠᠳᠠᠭ 6 ᠰᠠᠷ᠎ᠠ ᠲᠠᠢ᠂ 12 ᠰᠠᠷ᠎ᠠ ᠲᠠᠢ ᠬᠡᠤᠬᠡᠳ ᠤᠳ ᠲᠤ ᠬᠦᠮᠦᠨ ᠤ ᠴᠢᠷᠠᠢ ᠤ ᠬᠤᠪᠢᠷᠠᠯ ᠲᠠᠢ ᠵᠢᠷᠤᠭ ᠤᠳ ᠢ ᠬᠠᠷᠠᠭᠤᠯᠵᠠᠢ᠃ ᠵᠠᠷᠢᠮ ᠵᠢᠷᠤᠭ ᠨᠢ ᠵᠤᠮᠪᠠᠢ ᠲᠠᠢ ᠠᠳᠠᠯᠢ ᠮᠠᠭᠤᠬᠠᠢ ᠪᠠᠶᠢᠪᠠ᠃ 12 ᠰᠠᠷ᠎ᠠ ᠲᠠᠢ ᠬᠡᠤᠬᠡᠳ ᠤᠳ ᠨᠢ ᠬᠡᠪ ᠤᠨ ᠴᠢᠷᠠᠢ ᠲᠠᠢ ᠬᠦᠮᠦᠨ ᠤ ᠵᠢᠷᠤᠭ ᠳᠤ ᠢᠯᠡᠬᠦᠦ ᠲᠠᠳᠠᠭᠳᠠᠵᠤ᠂ ᠬᠠᠷᠠᠬᠤ ᠰᠤᠨᠢᠷᠬᠠᠯᠲᠠᠢ ᠪᠠᠶᠢᠭ᠎ᠠ ᠶᠢ ᠨᠢ ᠠᠵᠢᠭᠯᠠᠵᠠᠢ᠃ ᠮᠦᠨ 2011 ᠤᠨ ᠤ ᠰᠤᠳᠤᠯᠭ᠎ᠠ ᠪᠠᠷ 3 ᠰᠠᠷ᠎ᠠ ᠲᠠᠢ ᠬᠡᠤᠬᠡᠳ ᠤᠳ ᠴᠤ ᠮᠦᠨ ᠶᠠᠩᠵᠦ ᠪᠦᠷᠢ ᠶᠢᠨ ᠴᠢᠷᠠᠢ ᠠᠴᠠ ᠬᠠᠷᠠᠬᠤ ᠲᠤᠷᠠᠲᠠᠢ ᠪᠠᠶᠢᠯ᠎ᠠ᠃ ᠡᠨᠡ ᠪᠠᠶᠢᠳᠠᠯ ᠠᠴᠠ ᠨᠢ ᠬᠡᠤᠬᠡᠳ ᠤᠳ ᠢ ᠬᠦᠮᠦᠨ ᠤ ᠴᠢᠷᠠᠢ ᠶᠢ ᠢᠯᠭᠠᠵᠤ ᠴᠢᠳᠠᠳᠠᠭ ᠭᠡᠰᠡᠨ ᠳ᠋ᠦᠡᠭᠨᠡᠯᠲᠡ ᠶᠢ ᠭᠠᠷᠭᠠᠭᠰᠠᠨ ᠪᠠᠶᠢᠨ᠎ᠠ᠃     3. ᠬᠡᠤᠬᠡᠳ ᠬᠤᠳᠠᠯ ᠤᠬᠢᠯᠠᠳᠠᠭ ᠦᠩᠭᠡᠷᠡᠭᠰᠡᠨ ᠵᠢᠯ ᠶᠠᠫᠤᠨ ᠤ ᠨᠢᠭᠡᠨ ᠰᠤᠳᠤᠯᠤᠭᠠᠴᠢ 11 ᠰᠠᠷ᠎ᠠ ᠲᠠᠢ 2 ᠬᠡᠤᠬᠡᠳ ᠢ 6 ᠰᠠᠷ᠎ᠠ ᠶᠢᠨ ᠲᠤᠷᠰᠢᠳᠠ ᠰᠠᠷ᠎ᠠ ᠳᠤ 2 ᠤᠳᠠᠭ᠎ᠠ 60 ᠮᠢᠨᠦ᠋ᠲ ᠤᠨ ᠪᠢᠴᠢᠯᠭᠡ ᠬᠢᠵᠦ ᠠᠵᠢᠭᠯᠠᠵᠠᠢ᠃ ᠨᠢᠭᠡ ᠬᠡᠤᠬᠡᠳ ᠨᠢ ᠲᠠᠬ᠋᠎ᠠ ᠦᠬᠡᠢ ᠪᠤᠯᠬᠤ ᠳᠤ ᠯᠠ ᠤᠬᠢᠯᠠᠵᠤ ᠪᠠᠶᠢᠭᠰᠠᠨ ᠪᠤᠯ ᠨᠦᠭᠦᠭᠡ ᠬᠡᠤᠬᠡᠳ ᠨᠢ ᠰᠠᠶᠢᠬᠠᠨ ᠵᠦᠢᠯᠡᠰ ᠪᠤᠯᠬᠤ ᠳᠤ ᠤᠬᠢᠯᠠᠵᠤ᠂ ᠢᠨᠢᠶᠡᠮᠰᠦᠭᠯᠡᠵᠦ ᠪᠠᠶᠢᠵᠠᠢ᠃ ᠡᠵᠢ ᠶᠢᠨ ᠢᠶᠠᠨ ᠠᠩᠬᠠᠷᠤᠯ ᠢ ᠲᠠᠳᠠᠬᠤ ᠶᠢᠨ ᠲᠤᠯᠠᠳᠠ ᠭᠡᠨᠡᠳᠲᠡ ᠤᠬᠢᠯᠠᠵᠤ᠂ ᠬᠠᠷᠢᠨ ᠤᠶᠢᠷᠠᠳᠤᠭᠠᠳ ᠢᠷᠡᠭᠦ ᠪᠠᠷ ᠨᠢ ᠢᠨᠢᠶᠡᠮᠰᠦᠭᠯᠡᠵᠦ ᠪᠠᠶᠢᠬᠤ ᠶᠢ ᠨᠢ ᠠᠩᠵᠠᠭᠠᠷᠠᠵᠠᠢ᠃     4. ᠬᠡᠤᠬᠡᠳ ᠤᠢ ᠭᠠᠰᠢᠭᠤ᠂ ᠠᠵᠠ ᠵᠢᠷᠭᠠᠯ ᠲᠠᠢ ᠪᠠᠶᠢᠳᠠᠯ ᠢ ᠮᠡᠳᠡᠳᠡᠭ ᠡᠨᠡᠬᠦ ᠰᠤᠳᠤᠯᠭ᠎ᠠ ᠶᠢ ᠬᠢᠬᠦ ᠳᠤ ᠪᠠᠨ ᠬᠡᠤᠬᠡᠳ ᠲᠤ ᠬᠦᠭᠵᠢᠮ ᠰᠤᠨᠤᠰᠬᠠᠵᠠᠢ᠃ ᠤᠳᠠᠭᠠᠨ ᠬᠤᠭᠤᠴᠠᠭ᠎ᠠ ᠪᠠᠷ ᠬᠦᠭᠵᠢᠮ ᠰᠤᠨᠤᠰᠤᠭᠠᠳ ᠵᠠᠯᠬᠠᠵᠤ ᠡᠬᠢᠯᠡᠬᠦ ᠳᠤ ᠨᠢ ᠬᠦᠭᠵᠢᠮ ᠢᠶᠠᠨ ᠰᠤᠯᠢᠨ᠎ᠡ᠃ ᠤᠶᠢᠳᠬᠠᠷ ᠲᠠᠢ ᠠᠶᠠᠨ ᠠᠴᠠ ᠬᠦᠭᠵᠢᠯᠲᠠᠢ ᠠᠶ᠎ᠠ ᠬᠡᠬᠦ ᠮᠡᠲᠤ ᠪᠠᠷ ᠁ 3 ᠰᠠᠷ᠎ᠠ ᠲᠠᠢ ᠬᠡᠤᠬᠡᠳ ᠤᠳ ᠬᠦᠭᠵᠢᠮ ᠰᠤᠯᠢᠬᠳᠠᠬᠤ ᠶᠢ ᠠᠩᠵᠠᠭᠠᠷᠠᠬᠤ ᠦᠬᠡᠢ ᠪᠠᠶᠢᠭᠰᠠᠨ ᠪᠤᠯ 9 ᠰᠠᠷ᠎ᠠ ᠲᠠᠢ ᠬᠡᠤᠬᠡᠳ ᠤᠳ ᠬᠦᠭᠵᠢᠮ ᠤᠨ ᠬᠡᠮᠨᠡᠯ ᠢ ᠮᠡᠳᠡᠷᠡᠵᠦ ᠪᠠᠶᠢᠯ᠎ᠠ᠃     5. ᠬᠡᠤᠬᠡᠳ ᠤᠷᠠᠯᠢᠭ ᠤᠨ ᠮᠡᠳᠡᠷᠡᠮᠵᠢ ᠲᠠᠢ ᠺᠯᠤᠳ ᠮᠤᠩ ᠤᠨ ᠵᠢᠷᠤᠭ ᠤᠳ ᠢ ᠬᠠᠷᠠᠵᠤ ᠦᠰᠦᠭᠰᠡᠨ 9 ᠰᠠᠷ᠎ᠠ ᠲᠠᠢ ᠬᠡᠤᠬᠡᠳ ᠲᠤ ᠫᠢᠺᠠᠰᠰᠤ᠋ ᠶᠢᠨ ᠤᠷᠠᠨ ᠵᠢᠷᠤᠭ ᠤᠳ ᠢ ᠬᠠᠷᠠᠭᠤᠯᠬᠤ ᠳᠤ ᠲᠠᠳᠠᠭᠳᠠᠵᠤ ᠪᠠᠶᠢᠭ᠎ᠠ ᠶᠢ ᠨᠢ ᠠᠵᠢᠬᠯᠠᠵᠠᠢ᠃ ᠬᠡᠰᠡᠭ ᠬᠤᠭᠤᠴᠠᠭᠠᠨ ᠤ ᠲᠠᠷᠠᠬ᠋᠎ᠠ ᠬᠤᠶᠠᠷ ᠤᠷᠠᠨ ᠵᠢᠷᠤᠭ ᠢ ᠵᠡᠷᠭᠡᠴᠡᠭᠦᠯᠦᠨ ᠬᠠᠷᠠᠭᠤᠯᠬᠤ ᠳᠤ ᠬᠡᠤᠬᠡᠳ ᠤᠳ ᠫᠢᠺᠠᠰᠰᠤ᠋ ᠶᠢᠨ ᠵᠢᠷᠤᠭ ᠲᠤ ᠢᠯᠡᠬᠦᠦ ᠲᠠᠳᠠᠭᠳᠠᠵᠤ ᠪᠠᠶᠢᠵᠠᠢ᠃ ᠰᠤᠳᠤᠯᠤᠭᠠᠴᠢᠳ ᠬᠡᠤᠬᠡᠳ ᠤᠳ ᠫᠢᠺᠠᠰᠰᠤ᠋ ᠶᠢᠨ ᠤᠷᠠᠨ ᠵᠢᠷᠤᠭ ᠤᠨ ᠰᠠᠶᠢᠬᠠᠨ ᠳᠤ ᠲᠠᠳᠠᠭᠳᠠᠵᠤ ᠪᠠᠶᠢᠭᠰᠠᠨ ᠬᠡᠵᠤ ᠳ᠋ᠦᠡᠭᠨᠡᠵᠠᠢ᠃    6. ᠬᠡᠤᠬᠡᠳ ᠲᠠᠨ ᠤ ᠬᠢᠬᠦ ᠬᠡᠵᠤ ᠪᠠᠶᠢᠭ᠎ᠠ ᠵᠦᠢᠯ ᠢ ᠮᠡᠳᠡᠳᠡᠭ 2006 ᠤᠨ ᠳᠤ ᠬᠢᠭᠰᠡᠨ ᠰᠤᠳᠤᠯᠭ᠎ᠠ ᠪᠠᠷ 12 ᠰᠠᠷ᠎ᠠ ᠲᠠᠢ ᠬᠡᠤᠬᠡᠳ ᠨᠠᠰᠤᠨ ᠳᠤ ᠬᠦᠷᠦᠭᠰᠡᠳ ᠲᠠᠢ ᠠᠳᠠᠯᠢ ᠬᠦᠮᠦᠨ ᠤ ᠬᠢᠵᠤ ᠪᠠᠶᠢᠭ᠎ᠠ ᠤᠶᠢᠯᠡᠳᠤᠯ ᠢ ᠲᠠᠭᠠᠪᠤᠷᠢᠯᠠᠬᠤ ᠴᠢᠳᠠᠪᠤᠷᠢ ᠲᠠᠢ ᠭᠡᠳᠡᠭ ᠢ ᠲᠤᠬᠲᠠᠭᠠᠵᠠᠢ᠃ ᠨᠠᠰᠤᠨ ᠳᠤ ᠬᠦᠷᠦᠭᠰᠡᠨ ᠬᠦᠮᠦᠨ ᠳᠤ ᠰᠠᠪᠠᠨ ᠳᠤ ᠪᠦᠮᠪᠦᠭᠡ ᠬᠢᠭᠰᠡᠨ ᠨᠢ ᠬᠠᠷᠠᠭᠰᠠᠨ ᠤ ᠲᠠᠷᠠᠬ᠋᠎ᠠ ᠪᠠᠷ ᠲᠠᠬᠢᠨ ᠰᠠᠪᠠᠨ ᠳᠤ ᠪᠦᠮᠪᠦᠭᠡ ᠬᠢᠨ᠎ᠡ ᠭᠡᠳᠡᠭ ᠢ ᠨᠢ ᠲᠠᠭᠠᠮᠠᠭᠯᠠᠵᠤ ᠨᠢᠲᠤ ᠨᠢ ᠬᠦᠮᠦᠨ ᠤ ᠭᠠᠷ ᠠᠴᠠ ᠰᠠᠪᠠ ᠤᠷᠤᠭᠤ ᠰᠢᠯᠵᠢᠨ ᠬᠠᠷᠠᠳᠠᠭ ᠠᠵᠠᠢ᠃ 6 ᠰᠠᠷ᠎ᠠ ᠲᠠᠢ ᠬᠡᠤᠬᠡᠳ ᠲᠤ ᠡᠨᠡᠭᠦ ᠲᠠᠭᠠᠮᠠᠬᠯᠠᠬᠤ ᠵᠦᠢᠯ ᠠᠵᠢᠬᠯᠠᠬᠳᠠᠬ᠋᠎ᠠ ᠦᠭᠡᠢ ᠴᠤ 12 ᠰᠠᠷ᠎ᠠ ᠲᠠᠢ ᠬᠡᠤᠬᠡᠳ ᠲᠠᠭᠠᠮᠠᠭᠯᠠᠨ ᠬᠠᠷᠠᠵᠤ ᠴᠢᠳᠠᠳᠠᠭ ᠪᠠᠶᠢᠨ᠎ᠠ᠃    7. ᠬᠡᠤᠬᠡᠳ ᠲᠠᠨ ᠤ ᠰᠤᠨᠤᠰᠴᠤ ᠴᠢᠳᠠᠬᠤ ᠦᠬᠡᠢ ᠠᠶ᠎ᠠ ᠶᠢ ᠰᠤᠨᠤᠰᠳᠠᠭ ᠬᠡᠤᠬᠡᠳ ᠤᠳ ᠦᠰᠴᠤ ᠲᠤᠮᠤᠷᠠᠬᠤ ᠶᠢᠨ ᠬᠢᠷᠢ ᠪᠠᠷ ᠲᠦᠷᠦᠯᠬᠢ ᠬᠡᠯᠨ ᠤ ᠪᠠᠨ ᠳᠠᠭᠤᠳᠠᠯᠭ᠎ᠠ ᠳᠤ ᠲᠠᠰᠤᠨ ᠤᠶᠢᠯᠭᠠᠵᠤ ᠡᠬᠢᠯᠡᠳᠡᠭ ᠪᠠᠶᠢᠨ᠎ᠠ᠃ ᠬᠠᠷᠢᠨ ᠲᠦᠷᠦᠯᠬᠢ ᠬᠡᠯᠡ ᠪᠠᠨ ᠤᠶᠢᠯᠭᠠᠵᠤ ᠡᠬᠢᠯᠡᠬᠦ ᠠᠴᠠ ᠪᠠᠨ ᠡᠮᠦᠨ᠎ᠡ ᠪᠤᠰᠤᠳ ᠬᠡᠯᠡᠨ ᠳᠤ ᠪᠠᠶᠢᠳᠠᠭ ᠴᠤ ᠲᠦᠷᠦᠯᠬᠢ ᠬᠡᠯᠡᠨ ᠳᠤ ᠨᠢ ᠪᠠᠶᠢᠳᠠᠭ ᠦᠬᠡᠢ ᠳᠠᠭᠤᠳᠠᠯᠭ᠎ᠠ ᠨᠤᠭᠤᠳ ᠢ ᠢᠯᠭᠠᠨ ᠰᠤᠨᠤᠰᠴᠤ ᠴᠢᠳᠠᠳᠠᠭ ᠪᠠᠶᠢᠨ᠎ᠠ᠃ ᠡᠬᠦᠨ ᠢ ᠪᠠᠲᠤᠯᠠᠬᠤ ᠶᠢᠨ ᠲᠤᠯᠠᠳᠠ ᠠᠩᠭ᠍ᠯᠢ ᠬᠡᠯᠡᠨ ᠳᠤ ᠪᠠᠶᠢᠳᠠᠭ ᠶᠠᠫᠤᠨᠴᠤᠳ ᠤᠨ ᠢᠯᠭᠠᠵᠤ ᠬᠡᠯᠡᠵᠤ ᠴᠢᠳᠠᠳᠠᠭ ᠦᠬᠡᠢ R . L ᠦᠰᠦᠭ ᠤᠳ ᠤᠨ ᠳᠠᠭᠤᠳᠠᠯᠭ᠎ᠠ ᠶᠢ ᠰᠤᠳᠤᠯᠵᠠᠢ᠃ ᠶᠠᠫᠤᠨ ᠬᠡᠤᠬᠡᠳ ᠤᠳ 6 ᠰᠠᠷ᠎ᠠ ᠬᠦᠷᠬᠦ ᠠᠴᠠ ᠪᠠᠨ ᠡᠮᠦᠨ᠎ᠡ R . L ᠦᠰᠦᠭ ᠤᠳ ᠢ ᠠᠩᠭ᠍ᠯᠢ ᠬᠡᠯᠡ ᠪᠠᠷ ᠬᠡᠯᠡ ᠳᠤ ᠤᠷᠤᠵᠤ ᠪᠠᠶᠢᠭ᠎ᠠ ᠬᠡᠤᠬᠡᠳ ᠤᠳ ᠲᠠᠢ ᠶᠠᠭ ᠠᠳᠠᠯᠢᠬᠠᠨ ᠢᠯᠭᠠᠵᠤ ᠰᠤᠨᠤᠰᠳᠠᠭ ᠭᠡᠨ᠎ᠡ᠃    8. ᠬᠡᠤᠬᠡᠳ ᠲᠠᠬ᠋᠎ᠠ ᠦᠬᠡᠢ ᠪᠠᠶᠢᠳᠠᠯ ᠢ ᠮᠡᠳᠡᠷᠡᠳᠡᠭ 1980 ᠤᠨ ᠳᠤ 9 ᠰᠠᠷ᠎ᠠ ᠬᠦᠷᠳᠡᠯᠡᠬᠢ ᠬᠡᠤᠬᠡᠳ ᠤᠳ ᠤᠨ ᠭᠠᠷᠭᠠᠵᠤ ᠪᠠᠶᠢᠭ᠎ᠠ ᠨᠢᠭᠤᠷ ᠤᠨ ᠬᠤᠪᠢᠷᠠᠯ ᠢ ᠪᠢᠴᠢᠵᠤ ᠠᠪᠤᠭᠰᠠᠨ ᠸᠢᠳᠢᠤ᠋ ᠪᠢᠴᠢᠯᠭᠡ ᠶᠢ ᠨᠠᠰᠤᠨ ᠳᠤ ᠬᠦᠷᠦᠭᠰᠡᠳ ᠲᠤ ᠦᠵᠡᠭᠦᠯᠵᠠᠢ᠃ ᠬᠡᠤᠬᠡᠳ ᠤᠳ ᠲᠤ ᠠᠵᠠ ᠵᠢᠷᠭᠠᠯ ᠲᠠᠢ ᠪᠠᠶᠢᠭ᠎ᠠ᠂ ᠤᠶᠢᠳᠬᠠᠷ ᠭᠤᠨᠢᠭ ᠲᠠᠢ ᠪᠠᠶᠢᠭ᠎ᠠ ᠶᠢ ᠦᠵᠡᠭᠦᠯᠵᠦ᠂ ᠲᠡᠳᠡᠨ ᠤ ᠨᠢᠭᠤᠷ ᠤᠨ ᠬᠤᠪᠢᠷᠠᠯ ᠢ ᠨᠢ ᠪᠢᠴᠢᠵᠤ ᠠᠪᠤᠭᠰᠠᠨ ᠪᠠᠶᠢᠨ᠎ᠠ᠃ ᠰᠤᠳᠤᠯᠭᠠᠨ ᠳᠤ ᠤᠷᠤᠯᠴᠠᠭᠰᠠᠨ ᠬᠦᠮᠦᠰ ᠬᠡᠤᠬᠡᠳ ᠤᠳ ᠢ ᠰᠤᠨᠢᠷᠬᠠᠯ᠂ ᠪᠠᠶᠠᠷ ᠪᠠᠶᠠᠰᠤᠯ᠂ ᠭᠠᠶᠢᠬᠠᠭᠰᠠᠨ᠂ ᠤᠶᠢᠳᠬᠠᠷ ᠲᠠᠢ᠂ ᠠᠭᠤᠷ ᠲᠠᠢ᠂ ᠵᠢᠭᠰᠢᠭᠰᠡᠨ᠂ ᠲᠠᠬ᠋᠎ᠠ ᠦᠬᠡᠢ ᠪᠠᠶᠢᠳᠠᠯ᠂ ᠠᠶᠤᠬᠰᠠ ᠵᠡᠷᠭᠡ ᠶᠢ ᠨᠢᠭᠤᠷ ᠤᠨ ᠤ ᠪᠠᠨ ᠬᠤᠪᠢᠷᠠᠯ ᠢᠶᠠᠷ ᠦᠵᠡᠭᠦᠯᠵᠦ ᠪᠠᠶᠢᠭ᠎ᠠ ᠶᠢ ᠨᠢ ᠠᠵᠢᠭᠯᠠᠵᠤ ᠬᠠᠷᠠᠭᠰᠠᠨ ᠪᠠᠶᠢᠨ᠎ᠠ᠃    9. ᠬᠡᠤᠬᠡᠳ ᠶᠠᠷᠢᠵᠤ ᠰᠤᠷᠬᠤ ᠠᠴᠠ ᠪᠠᠨ ᠡᠮᠦᠨ᠎ᠡ ᠦᠭᠡ ᠨᠦᠭᠦᠳ ᠢ ᠴᠡᠭᠡᠵᠢᠯᠡᠭᠰᠡᠨ ᠪᠠᠶᠢᠳᠠᠭ 7 ~ 11 ᠰᠠᠷ᠎ᠠ ᠲᠠᠢ ᠬᠡᠤᠬᠡᠳ ᠤᠳ ᠲᠤ ᠶᠠᠩᠵᠤ ᠪᠦᠷᠢ ᠶᠢᠨ ᠲᠠᠭᠤ ᠠᠪᠢᠶ᠎ᠠ ᠰᠤᠨᠤᠰᠬᠠᠵᠤ᠂ ᠲᠠᠷᠢᠬᠢᠨ ᠤ ᠬᠢᠨᠢ ᠪᠢᠴᠢᠯᠭᠡ ᠶᠢ ᠬᠢᠵᠤ ᠠᠪᠴᠠᠢ᠃ ᠡᠨᠡᠬᠦ ᠪᠢᠴᠢᠯᠭᠡᠨ ᠠᠴᠠ ᠰᠡᠳᠬᠢᠯ ᠰᠤᠳᠤᠯᠤᠭᠠᠴᠢᠳ ᠬᠡᠤᠬᠡᠳ ᠲᠡᠳᠡᠭᠡᠷ ᠲᠠᠭᠤ ᠠᠪᠢᠶ᠎ᠠ ᠶᠢ ᠠᠯᠢ ᠬᠡᠳᠦ᠋ᠢᠨ ᠮᠡᠳᠡᠳᠡᠭ ᠪᠠᠶᠢᠭᠠᠳ ᠵᠤᠬᠰᠤᠬᠤ ᠦᠬᠡᠢ ᠬᠡᠷᠬᠢᠨ ᠬᠡᠯᠡᠳᠡᠭ ᠢ ᠨᠢ ᠬᠦᠷᠳᠡᠯ᠎ᠡ ᠮᠡᠳᠡᠳᠡᠭ ᠪᠠᠶᠢᠭᠰᠠᠨ ᠢ ᠨᠢ ᠬᠠᠷᠠᠵᠠᠢ᠃    10. ᠬᠡᠤᠬᠡᠳ ᠹᠢᠽᠢᠺ ᠤᠨ ᠲᠠᠯ᠎ᠠ ᠪᠠᠷ ᠮᠡᠳᠡᠯᠭᠡ ᠲᠠᠢ 2008 ᠤᠨ ᠳᠤ 5 ᠰᠠᠷ᠎ᠠ ᠲᠠᠢ ᠬᠡᠤᠬᠡᠳ ᠤᠳ ᠲᠤ ᠬᠢᠭᠰᠡᠨ ᠰᠤᠳᠤᠯᠭ᠎ᠠ ᠪᠠᠷ ᠬᠡᠤᠬᠡᠳ ᠤᠳ ᠮᠠᠲ᠋ᠧᠷᠢᠶᠠᠯ ᠤᠨ ᠬᠠᠳᠠᠭᠤ᠂ ᠰᠢᠩᠭᠡᠨ ᠢ ᠢᠯᠭᠠᠵᠤ ᠮᠡᠳᠡᠳᠡᠭ ᠪᠠᠶᠢᠭᠠᠳ ᠵᠤᠬᠰᠤᠬᠤ ᠦᠭᠡᠢ ᠲᠤᠬᠠᠢ ᠶᠢᠨ ᠵᠦᠢᠯ ᠢ ᠤᠷᠤᠰᠳᠠᠭ᠂ ᠰᠢᠩᠭᠡᠳᠡᠭ᠂ ᠬᠦᠳᠡᠯᠳᠡᠭ ᠭᠡᠳᠡᠭ ᠢ ᠨᠢ ᠬᠦᠷᠳᠡᠯ᠎ᠡ ᠮᠡᠳᠡᠳᠡᠭ ᠭᠡᠳᠡᠭ ᠨᠢ ᠲᠤᠬᠲᠠᠭᠠᠬᠳᠠᠵᠠᠢ᠃
 
ᠢᠷᠡᠯᠲᠡ᠄ ᠠᠯᠠᠱᠨ ᠵᠡᠬᠦᠨ ᠬᠤᠰᠢᠭᠤᠨ ᠤ ᠠᠷᠠᠳ ᠤᠨ ᠵᠠᠰᠠᠭ ᠤᠨ ᠤᠷᠳᠦᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号