ᠰᠦᠯᠵᠢᠶᠡᠨ ᠤ ᠨᠠᠶᠢᠵᠠ ᠳᠤ ᠴᠢᠨᠢ ᠡᠶᠢᠮᠦ ᠬᠥᠮᠦᠨ ᠪᠠᠶᠢᠨ᠎ᠠ ᠦᠦ︖ | ᠶᠡᠯᠳᠡᠭ ᠵᠦᠬᠡᠯᠡᠨ ᠴᠤᠭ ᠵᠢᠪᠬᠤᠭ᠎ᠠ ᠲᠠᠢ᠂ ᠠᠵᠢᠯ ᠦᠢᠯᠡᠰ ᠲᠡᠭᠡᠨ ᠬᠢᠯᠠᠷᠠᠭᠤᠯᠤᠭᠰᠠᠨ ᠪᠠᠰᠠ ᠪᠡᠯᠡ | ᠣᠷᠣᠭᠤᠯᠵᠤ ᠮᠦᠩᠬᠦ ᠤᠯᠬᠤ ᠴᠢᠳᠠᠯ ᠲᠠᠢ᠂ ᠦᠷᠭᠦᠯᠵᠢ ᠰᠦᠯᠵᠢᠶᠡᠨ ᠳᠡᠭᠡᠷ᠎ᠡ ᠴᠢᠮ᠎ᠠ ᠲᠠᠢ ᠰᠠᠨᠠᠯ ᠢᠶᠠᠨ | ᠰᠣᠯᠢᠯᠴᠠᠵᠤ᠂ ᠠᠰᠠᠭᠤᠵᠦ ᠬᠠᠯᠠᠮᠵᠢᠯᠠᠨ᠂ ᠪᠠᠰᠠ ᠴᠢᠮ᠎ᠠ ᠶᠢ ᠬᠦᠨᠳᠦᠯᠡᠵᠦ ︽ᠪᠡᠯᠡ ᠣᠷᠣᠭᠤᠯᠵᠤ︾ ᠶᠡᠭᠡ ᠵᠣᠭᠤᠰ | ᠣᠯᠬᠤ ᠰᠠᠨᠠᠯ ᠳᠠᠯᠪᠢᠳᠠᠭ᠁ | ᠬᠠᠷᠢᠨ ᠦᠨᠡᠨᠳᠡᠭᠡᠨ ᠲᠠ ᠪᠣᠳᠠᠲᠤ ᠠᠮᠢᠳᠤᠷᠠᠯ ᠳᠤᠮᠳᠠ ᠡᠨᠡ ᠬᠦᠮᠦᠨ ᠢ ᠣᠯᠵᠦ ᠬᠠᠷᠠᠭ᠎ᠠ ᠦᠭᠡᠢ ᠪᠠᠶᠢᠳᠠᠭ᠃ | ᠲᠡᠷᠡ ᠪᠠᠰᠠ ᠡᠯᠳᠡᠪ ᠰᠢᠯᠲᠠᠭ ᠢᠶᠠᠷ ᠸᠢᠳᠢᠣ᠋ ᠪᠠᠷ ᠨᠢᠭᠤᠷ ᠨᠢᠭᠤᠷ ᠢᠶᠠᠨ ᠬᠠᠷᠠᠵᠦ ᠵᠤᠭᠤᠬᠳᠠᠬᠤ ᠠᠴᠠ | ᠳᠠᠳᠠᠭᠠᠯᠵᠠᠳᠠᠭ᠃ | ᠡᠶᠢᠮᠦ ᠬᠦᠮᠦᠨ ᠲᠠᠭᠠᠷᠠᠪᠠᠯ ᠤᠬᠳᠣᠬᠠᠨ ᠴᠦ ᠡᠷᠡᠭᠡᠯᠵᠡᠬᠦ ᠬᠡᠷᠡᠭ ᠦᠬᠡᠢ᠂ ᠰᠢᠭᠤᠳ ᠯᠠ ᠬᠠᠰᠣᠭᠠᠳ | ᠬᠠᠶᠠ᠃ ᠤᠴᠢᠷ ᠨᠢ ᠡᠨᠡ ᠪᠤᠯ ᠤᠷᠠᠬᠠᠨ ᠤ ᠣᠭᠤᠳᠠ ᠰᠢᠦ᠃ | 11 ᠳ᠋ᠣᠭᠡᠷ ᠰᠠᠷ᠎ᠠ ᠠᠴᠠ ᠨᠠᠰᠢ᠂ ᠵᠧᠵᠢᠶᠠᠩ ᠮᠤᠵᠢ ᠶᠢᠨ ᠬᠠᠩᠵᠧᠦ ᠬᠤᠲᠠ ᠶᠢᠨ ᠯᠢᠨᠫᠢᠩ | ᠲᠣᠭᠤᠷᠢᠭ ᠲᠤ ᠰᠦᠯᠵᠢᠶ᠎ᠡ ᠪᠠᠷ ᠳᠠᠨᠢᠯᠴᠠᠨ ᠮᠡᠬᠡᠯᠡᠭᠰᠡᠨ ᠬᠡᠷᠡᠭ ᠣᠯᠠᠨ ᠭᠠᠷᠤᠭᠰᠠᠨ ᠪᠥᠭᠡᠳ ᠬᠡᠷᠡᠭ ᠲᠤ | ᠬᠤᠯᠪᠣᠭᠳᠠᠭᠰᠠᠨ ᠮᠦᠩᠬᠦᠨ ᠤ ᠲᠤᠭ᠎ᠠ ᠨᠢ ᠨᠡᠯᠢᠶᠡᠳ ᠶᠡᠭᠡ ᠪᠠᠶᠢᠵᠤ᠂ ᠬᠤᠬᠢᠷᠠᠯ ᠠᠮᠰᠠᠭᠴᠢ ᠭᠤᠤᠯ ᠨᠢ 30 ~ | 50 ᠨᠠᠰᠤᠨ ᠤ ᠡᠮᠡᠭᠲᠡᠶᠢᠴᠦᠳ ᠶᠤᠮ ᠪᠠᠶᠢᠨ᠎ᠠ᠃ | ᠮᠡᠬᠡᠯᠡᠭᠴᠢᠳ ᠡᠬᠢᠯᠡᠬᠡᠳ ᠰᠦᠯᠵᠢᠶ᠎ᠡ ᠪᠠᠷ ᠨᠠᠶᠢᠵᠠᠯᠠᠬᠤ ᠵᠥᠭᠡᠯᠡᠨ ᠲᠣᠨᠤᠭ ᠢᠶᠠᠷ ᠬᠤᠬᠢᠷᠠᠯ | ᠠᠮᠰᠠᠭᠴᠢ ᠲᠠᠢ ᠲᠠᠨᠢᠯᠴᠠᠵᠤ᠂ ᠪᠠᠶᠢᠨ ᠳᠠᠬᠢᠨ ᠬᠠᠷᠢᠯᠴᠠᠵᠦ ᠪᠠᠶᠢᠭᠠᠳ ᠬᠤᠬᠢᠷᠠᠯ ᠠᠮᠰᠠᠭᠴᠢ ᠶᠢ ᠰᠡᠷᠡᠮᠵᠢ | ᠠᠯᠳᠠᠭᠤᠯᠤᠭᠰᠠᠨ ᠤ ᠳᠠᠷᠠᠭ᠎ᠠ᠂ ᠪᠡᠯᠡ ᠣᠷᠣᠭᠤᠯᠵᠦ ᠠᠰᠢᠭ ᠤᠯᠬᠤ ᠳᠣᠬᠠᠢ ᠶᠠᠷᠢᠶ᠎ᠠ ᠡᠬᠦᠰᠬᠡᠨ ᠦᠳᠦᠵᠦ | ᠳᠡᠩᠰᠡᠯᠵᠦ ᠡᠬᠢᠯᠡᠳᠡᠭ᠃ | 1. ᠬᠠᠯᠠᠮᠵᠢ ᠬᠠᠶᠢᠷ᠎ᠠ ᠪᠠᠷ ᠢᠲᠡᠭᠡᠯ ᠢ ᠣᠯᠤᠨ᠎ᠠ | ᠮᠡᠬᠡᠯᠡᠭᠴᠢᠳ ᠡᠯ᠎ᠡ ᠵᠤᠶᠢᠯ ᠤᠨ ᠨᠡᠶᠢᠭᠡᠮ ᠤᠨ ᠬᠠᠷᠢᠯᠴᠠᠭᠠᠨ ᠤ ᠲᠠᠪᠴᠠᠩ ᠢᠶᠠᠷ ᠬᠤᠤᠷ ᠠᠮᠰᠠᠭᠴᠢ ᠲᠠᠢ | ᠳᠠᠨᠢᠯᠴᠠᠨ᠂ ᠪᠠᠶᠢᠨ ᠳᠠᠬᠢᠨ ᠵᠣᠭᠤᠭᠳᠠᠬᠤ᠂ ᠬᠠᠯᠠᠮᠵᠢᠯᠠᠨ ᠬᠠᠷᠠᠭᠠᠯᠵᠠᠵᠦ ᠪᠠᠶᠢᠭᠠᠳ ᠢᠲᠡᠭᠡᠯ ᠪᠠᠶᠢᠭᠤᠯᠵᠤ᠂ | ᠴᠢᠨᠠᠭᠰᠢᠯᠠᠪᠠᠯ ᠬᠠᠶᠢᠷ᠎ᠠ ᠳᠤᠷᠠᠯᠠᠯ ᠴᠦ ᠶᠠᠷᠢᠵᠦ ᠮᠠᠭᠠᠳ ᠦᠬᠡᠢ᠃ | 2. ᠦᠳᠦᠬᠡᠵᠦ ᠪᠠᠶᠢᠭᠠᠳ ᠪᠡᠯᠡ ᠣᠷᠣᠭᠤᠯᠤᠯᠲᠠ ᠬᠢᠯᠬᠡᠵᠦ᠂ ᠪᠠᠭ᠎ᠠ ᠬᠡᠮᠵᠢᠶᠡᠨ ᠤ ᠠᠰᠢᠭ ᠣᠯᠭᠤᠬᠤ | ᠬᠠᠷᠢᠴᠠᠭ᠎ᠠ ᠲᠣᠭᠲᠠᠭᠤᠨ ᠪᠣᠯᠤᠭᠰᠠᠨ ᠤ ᠳᠠᠷᠠᠭ᠎ᠠ᠂ ᠮᠡᠬᠡᠯᠡᠭᠴᠢᠳ ᠠᠴᠠ ᠥᠪᠡᠷ ᠢ ᠪᠠᠨ ᠪᠡᠯᠡ ᠣᠷᠣᠭᠤᠯᠵᠤ | ᠡᠳ᠋ ᠤᠨ ᠶᠠᠪᠤᠳᠠᠯ ᠢ ᠬᠠᠮᠢᠶᠠᠷᠬᠤ ᠪᠤᠶᠤ ᠶᠠᠮᠠᠷ ᠨᠢᠭᠡᠨ ᠪᠡᠯᠡ ᠣᠷᠣᠭᠤᠯᠤᠯᠲᠠ ᠶᠢ ᠰᠠᠶᠢᠨ ᠮᠡᠳᠡᠳᠡᠭ ᠬᠡᠵᠦ᠂ | ᠬᠦᠮᠦᠰ ᠢ ᠥᠳᠥᠭᠡᠨ ᠳᠠᠳᠠᠳᠠᠭ᠃ ᠳᠡᠭᠡᠭᠡᠳ ᠪᠠᠭ᠎ᠠ ᠰᠠᠭ᠎ᠠ ᠠᠰᠢᠭ ᠣᠯᠭᠤᠵᠦ ᠪᠠᠶᠢᠭᠠᠳ ᠠᠮᠳᠠᠨ ᠳᠤ ᠨᠢ | ᠣᠷᠣᠭᠤᠯᠵᠦ ᠶᠡᠭᠡ ᠠᠰᠢᠭ ᠤᠨᠠᠭᠠᠬᠤ ᠳᠦᠯᠦᠪᠯᠡᠭᠡ ᠪᠠᠨ ᠡᠬᠢᠯᠡᠳᠡᠭ ᠪᠠᠶᠢᠨ᠎ᠠ᠃ | 3. ᠶᠡᠭᠡ ᠬᠡᠮᠵᠢᠶᠡᠨ ᠤ ᠪᠡᠯᠡ ᠣᠷᠣᠭᠤᠯᠵᠤ᠂ ᠵᠣᠭᠤᠰ ᠮᠥᠩᠭᠦ ᠮᠡᠬᠡᠯᠡᠨ ᠠᠪᠬᠤ | ᠠᠮᠳᠠᠨ ᠳᠤ ᠨᠢ ᠣᠷᠣᠬᠰᠠᠨ ᠬᠦᠮᠦᠰ ᠢ ᠦᠷᠭᠦᠯᠵᠢᠯᠡᠨ ᠥᠳᠥᠭᠡᠵᠦ ᠪᠠᠶᠢᠭᠠᠳ ᠪᠡᠯᠡ | ᠣᠷᠣᠭᠤᠯᠤᠯᠲᠠ ᠶᠢ ᠨᠢ ᠨᠡᠮᠡᠭᠳᠡᠭᠦᠯᠬᠦ ᠪᠣᠯᠤᠨ᠎ᠠ᠃ ᠶᠡᠭᠡ ᠬᠡᠮᠵᠢᠶᠡᠨ ᠤ ᠪᠡᠯᠡ ᠣᠷᠣᠭᠤᠯᠤᠭᠰᠠᠨ ᠤ ᠳᠠᠷᠠᠭ᠎ᠠ ᠬᠠᠷᠢᠨ | ᠪᠡᠯᠡᠨ ᠵᠣᠭᠤᠰ ᠭᠠᠷᠭᠠᠨ ᠠᠪᠬᠤ ᠶᠢᠨ ᠠᠷᠭ᠎ᠠ ᠦᠭᠡᠢ᠂ ᠡᠨᠡ ᠦᠶ᠎ᠡ ᠳᠤ ᠬᠤᠬᠢᠷᠠᠯ ᠠᠮᠰᠠᠭᠴᠢ ᠰᠠᠶ᠋ᠢ | ᠮᠡᠬᠡᠯᠡᠭᠳᠡᠭᠰᠡᠨ ᠢᠶᠠᠨ ᠮᠡᠳᠡᠳᠡᠭ᠃ | ᠰᠦᠯᠵᠢᠶᠡᠨ ᠳᠡᠭᠡᠷ᠎ᠡ ᠨᠠᠶᠢᠵᠠᠯᠠᠬᠤ ᠳᠠᠭᠠᠨ ᠡᠷᠬᠡᠪᠰᠢ ᠨᠥᠭᠦᠭᠡ ᠡᠲᠡᠭᠡᠳ ᠤᠨ ᠢᠶᠠᠨ ᠪᠡᠶ᠎ᠡ ᠶᠢᠨ ᠭᠠᠷᠤᠯ ᠢ | ᠨᠠᠷᠢᠨ ᠬᠢᠨᠠᠮᠠᠭᠠᠶ ᠬᠢᠨᠠᠨ ᠬᠠᠷᠭᠤᠭᠤᠯᠬᠤ ᠬᠡᠷᠡᠭᠲᠡᠶ᠂ ᠰᠦᠯᠵᠢᠶᠡᠨ ᠳᠡᠭᠡᠷ᠎ᠡ ᠪᠠᠯᠠ ᠣᠷᠣᠭᠤᠯᠬᠤ ᠳᠠᠭᠠᠨ ᠠᠯᠪᠠᠨ | ᠶᠤᠰᠤᠨ ᠤ ᠮᠥᠩᠭᠦᠨ ᠬᠦᠢᠯᠬᠡᠬᠡᠨ ᠤ ᠪᠠᠶᠢᠭᠤᠯᠤᠮᠵᠢ ᠳᠤ ᠬᠠᠨᠳᠣᠵᠦ᠂ ᠪᠣᠯᠭᠤᠮᠵᠢᠲᠠᠶ ᠪᠠᠶᠢᠬᠤ ᠬᠡᠷᠡᠭᠲᠡᠶ᠃ | ᠬᠡᠷᠪᠡ ᠮᠡᠬᠡᠯᠡᠭᠳᠡᠭᠰᠡᠨ ᠪᠤᠯ ᠴᠠᠭᠳᠠᠭ᠎ᠠ ᠳᠤ ᠮᠡᠳᠡᠭᠦᠯᠬᠦ ᠪᠤᠶᠤ ᠪᠥᠬᠦ ᠤᠯᠤᠰ ᠤᠨ ᠮᠡᠬᠡᠯᠡᠯ ᠢ ᠡᠰᠡᠷᠭᠦᠴᠡᠬᠦ | ᠲᠤᠰᠬᠠᠶ 96110 ᠶᠢ ᠵᠠᠯᠭᠠᠵᠦ ᠠᠰᠠᠭᠤᠨ ᠯᠠᠪᠯᠠᠨ᠎ᠠ᠃ |