1. ᠰᠠ ᠳᠤ ᠲᠠᠭᠠᠷᠢᠭᠳᠠᠬᠤ ᠶᠢ ᠰᠡᠷᠬᠡᠶᠢᠯᠡᠨ᠎ᠡ᠃ ᠲᠦᠮᠦᠰᠦᠨ ᠳᠤ ᠮᠠᠰᠢ ᠡᠯᠪᠡᠭ ᠸᠢᠲ᠋ᠠᠮᠢᠨ B ᠶᠢᠨ ᠪᠦᠯᠦᠭ | ᠪᠤᠯᠤᠨ ᠤᠨᠴᠠ ᠰᠠᠶᠢᠨ ᠰᠢᠷᠬᠡᠭᠯᠢᠭ ᠡᠳ᠋ ᠪᠡᠶ᠎ᠡ ᠮᠠᠬᠠᠪᠤᠳ ᠤᠨ ᠦᠳᠡᠯᠬᠦ ᠶᠢ ᠤᠳᠠᠭᠠᠰᠢᠷᠠᠭᠤᠯᠬᠤ ᠳᠤ ᠴᠢᠬᠤᠯᠠ | ᠦᠢᠯᠡᠳᠦᠯ ᠦᠵᠡᠬᠦᠯᠳᠡᠭ᠃ ᠲᠦᠮᠦᠰᠦᠨ ᠳᠤ ᠡᠯᠪᠡᠭ ᠪᠠᠶᠢᠳᠠᠭ ᠢᠳᠡᠰᠢ ᠶᠢᠨ ᠰᠢᠷᠬᠡᠭᠯᠢᠭ ᠪᠤᠯᠤᠨ ᠨᠢᠰᠢᠩᠬᠦ ᠶᠢᠨ | ᠰᠢᠬᠢᠷ ᠰᠢᠩᠬᠡᠬᠡᠯᠳᠡ ᠶᠢᠨ ᠵᠠᠮ ᠤᠨ ᠦᠮᠡᠨ ᠢ ᠰᠡᠷᠬᠡᠶᠢᠯᠡᠨ ᠡᠮᠴᠢᠯᠡᠵᠦ᠂ ᠴᠢᠰᠦᠨ ᠳᠠᠬᠢ ᠰᠦᠰᠦᠨ ᠴᠢᠯᠠᠭᠤᠯᠢᠭ | ᠠᠯᠺᠤᠤᠯ ᠤᠨ ᠠᠭᠤᠯᠤᠭᠳᠠᠴᠠ ᠶᠢ ᠡᠷᠬᠡᠰᠢᠶᠡᠬᠦ ᠳᠤ ᠲᠤᠰᠠᠳᠠᠢ᠃ ᠡᠬᠦᠨ ᠤ ᠲᠤᠳᠤᠷᠠᠬᠢ ᠨᠢᠯᠴᠠᠭᠠᠢ ᠤᠭᠤᠷᠠᠭ ᠨᠢ | ᠵᠢᠷᠤᠬᠡ ᠴᠢᠰᠦᠨ ᠰᠤᠳᠠᠯ ᠤᠨ ᠡᠪᠡᠳᠴᠢᠨ ᠬᠡᠮ ᠢ ᠤᠷᠢᠳᠴᠢᠯᠠᠨ ᠰᠡᠷᠬᠡᠶᠢᠯᠡᠳᠡᠭ᠃ ᠲᠦᠮᠦᠰᠦ ᠪᠠᠰᠠ ᠺᠠᠯᠢ ᠶᠢᠨ | ᠡᠯᠧᠮᠧᠨ᠋ᠲ ᠡᠯᠪᠡᠭ ᠠᠭᠤᠯᠤᠭᠳᠠᠳᠠᠭ ᠪᠠᠨᠠᠨᠠ᠂ ᠬᠦᠢᠯᠡᠰᠦ᠂ ᠲᠤᠭᠤᠷ ᠲᠠᠢ ᠠᠳᠠᠯᠢᠬᠠᠨ ᠰᠠ ᠡᠪᠡᠳᠴᠢᠨ ᠲᠤᠰᠬᠤ | ᠠᠶᠤᠯ ᠢ ᠪᠠᠭᠠᠰᠬᠠᠬᠤ ᠮᠦᠷᠳᠡᠬᠡᠨ ᠶᠠᠮᠠᠷᠴᠦ ᠭᠠᠵᠢᠭᠤ ᠦᠢᠯᠡᠳᠦᠯ ᠦᠬᠡᠢ᠃ ᠰᠤᠳᠤᠯᠭᠠᠳᠠᠳ᠂ ᠡᠳᠦᠷ ᠪᠤᠯᠭᠠᠨ | ᠨᠢᠬᠡ ᠲᠦᠮᠦᠰᠦ ᠢᠳᠡᠪᠡᠯ ᠰᠠ ᠳᠤ ᠲᠠᠭᠠᠷᠢᠭᠳᠠᠬᠤ ᠲᠤᠬᠢᠶᠠᠯᠳᠤᠮᠵᠢ 40% ᠪᠠᠷ ᠲᠤᠷᠤᠭᠰᠢᠯᠠᠨ᠎ᠠ ᠬᠡᠵᠦ ᠵᠢᠭᠠᠵᠦ | ᠭᠠᠷᠭᠠᠭᠰᠠᠨ ᠪᠠᠶᠢᠨ᠎ᠠ᠃ | 2. ᠮᠠᠷᠢᠶ᠎ᠠ ᠰᠢᠭᠤᠷᠠᠨ᠎ᠠ᠃ ᠲᠦᠮᠦᠰᠦ ᠢᠳᠡᠬᠦ ᠳᠤ ᠪᠡᠶ᠎ᠡ ᠮᠠᠬᠠᠪᠤᠳ ᠲᠤ ᠦᠬᠡᠬᠦ ᠬᠤᠷᠠᠮᠳᠤᠬᠤ ᠠᠴᠠ ᠰᠠᠨᠠᠭ᠎ᠠ | ᠪᠣᠯᠬᠤ ᠤᠴᠢᠷ ᠦᠬᠡᠢ᠃ ᠲᠡᠬᠦᠨ ᠳᠤ᠂ ᠵᠦᠪᠬᠡᠨ 0.1% ᠶᠢᠨ ᠯᠡ ᠦᠬᠡᠬᠦ ᠠᠭᠤᠯᠤᠭᠳᠠᠳᠠᠭ᠃ ᠲᠡᠶᠢᠮᠦ ᠠᠴᠠ᠂ | ᠡᠳᠦᠷ ᠪᠤᠯᠭᠠᠨ ᠲᠦᠮᠦᠰᠦ ᠢᠯᠡᠬᠦᠬᠡᠨ ᠢᠳᠡᠪᠡᠯ ᠪᠡᠶ᠎ᠡ ᠮᠠᠬᠠᠪᠤᠳ ᠲᠤ ᠰᠢᠩᠬᠡᠬᠦ ᠦᠬᠡᠬᠦ ᠬᠠᠰᠤᠭᠳᠠᠵᠦ᠂ ᠢᠯᠡᠬᠦᠴᠡ | ᠦᠬᠡᠬᠦ ᠠᠯᠭᠤᠷ ᠰᠤᠯᠢᠯᠴᠠᠭ᠎ᠠ ᠪᠠᠷ ᠭᠠᠳᠠᠭᠰᠢᠯᠠᠬᠤ ᠪᠤᠯᠤᠨ᠎ᠠ᠃ ᠲᠠᠬᠢᠪᠠᠯ ᠲᠦᠮᠦᠰᠦ ᠢᠳᠡᠪᠡᠯ ᠰᠢᠮ᠎ᠡ ᠲᠡᠵᠢᠬᠡᠯ | ᠴᠤᠯᠭᠤᠶᠢᠳᠠᠨ ᠡᠷᠡᠬᠦᠯ ᠮᠡᠨᠳᠦ ᠬᠤᠬᠢᠷᠠᠬᠤ ᠠᠴᠠ ᠰᠠᠨᠠᠭ᠎ᠠ ᠵᠤᠪᠠᠭ᠋ᠤ ᠵᠦᠢᠯ ᠦᠬᠡᠢ᠃ ᠲᠦᠮᠦᠰᠦᠨ ᠳᠤ | ᠠᠭᠤᠯᠤᠭᠳᠠᠭ᠎ᠠ ᠰᠢᠯᠢᠳᠡᠭ ᠴᠢᠨᠠᠷ ᠤᠨ ᠤᠭᠤᠷᠠᠭ ᠤᠨ ᠰᠢᠮ᠎ᠡ ᠲᠡᠵᠢᠬᠡᠯ ᠤᠨ ᠦᠷᠳᠡᠭ ᠴᠦ ᠲᠡᠷᠡ᠂ ᠡᠷᠡᠬᠦᠯᠵᠢᠯ ᠤᠨ | ᠦᠢᠯᠡᠳᠦᠯ ᠨᠢ ᠴᠦ ᠪᠤᠯᠤᠭ᠂ ᠪᠦᠷ ᠰᠢᠷ᠎ᠠ ᠪᠤᠷᠴᠠᠭ ᠠᠴᠠ ᠲᠤᠤᠷᠠᠳᠠᠬᠤ ᠦᠬᠡᠢ᠃ ᠪᠡᠶ᠎ᠡ ᠮᠠᠬᠠᠪᠤᠳ ᠲᠤ | ᠱᠠᠭᠠᠷᠳᠠᠭᠳᠠᠳᠠᠭ ᠨᠡᠬᠦᠷᠡᠰᠦ ᠤᠰᠤᠨ ᠤ ᠨᠢᠬᠡᠳᠪᠦᠷᠢ᠂ ᠡᠯ᠎ᠡ ᠵᠦᠢᠯ ᠤᠨ ᠸᠢᠲ᠋ᠠᠮᠢᠨ᠂ ᠡᠷᠤᠳᠡᠰᠦ ᠪᠤᠳᠠᠰ ᠵᠡᠷᠭᠡ ᠶᠢᠨ | ᠪᠤᠰᠤᠳ ᠰᠢᠮ᠎ᠡ ᠲᠡᠵᠢᠬᠡᠯᠳᠤ ᠪᠤᠳᠠᠰ ᠨᠢ ᠴᠦ ᠲᠤᠳᠤᠷᠭ᠎ᠠ᠂ ᠭᠤᠯᠢᠷ ᠠᠴᠠ ᠨᠡᠩ ᠪᠦᠷᠢᠨ ᠲᠡᠬᠦᠯᠳᠡᠷ ᠪᠠᠶᠢᠳᠠᠭ᠃ | 3. ᠬᠤᠳᠤᠭᠤᠳᠤ ᠶᠢ ᠰᠤᠪᠢᠯᠠᠨ᠎ᠠ᠃ ᠬᠢᠳᠡᠳ ᠡᠮᠨᠡᠯᠬᠡ ᠳᠤ ᠲᠦᠮᠦᠰᠦ ᠬᠤᠳᠤᠭᠤᠳᠤ ᠶᠢ ᠰᠤᠪᠢᠯᠠᠵᠦ᠂ | ᠲᠡᠯᠢᠬᠦᠤ ᠶᠢ ᠴᠢᠬᠢᠷᠠᠭᠵᠢᠭᠤᠯᠤᠨ᠂ ᠬᠤᠳᠤᠭᠤᠳᠤᠨ ᠤ ᠰᠢᠷᠬᠠᠯᠠᠭ᠎ᠠ ᠶᠢ ᠡᠮᠴᠢᠯᠡᠨ᠎ᠡ ᠬᠡᠵᠦ ᠦᠵᠡᠳᠡᠭ᠃ ᠵᠤᠷᠰᠢᠯ ᠤᠨ | ᠴᠢᠨᠠᠷᠳᠠᠢ ᠬᠤᠷᠭᠤᠰᠤᠯᠠᠳᠠᠭ ᠡᠪᠡᠳᠴᠢᠨ ᠬᠡᠮ ᠳᠤ ᠮᠠᠰᠢ ᠲᠤᠰᠠᠳᠠᠢ ᠮᠦᠷᠳᠡᠬᠡᠨ ᠬᠤᠤᠷ ᠲᠠᠶᠢᠯᠵᠦ᠂ ᠦᠷᠪᠢᠰᠦᠯ ᠢ | ᠲᠠᠷᠤᠬᠤ ᠦᠢᠯᠡᠳᠦᠯ ᠲᠠᠢ᠃ |