ᠦᠨ᠎ᠡ ᠴᠠᠨ᠎ᠠ ᠲᠠᠢ ᠡᠮᠡᠭᠲᠡᠶᠢᠴᠦᠳ ᠤᠨ ᠨᠢᠭᠤᠴᠠ
ᠨᠡᠶᠢᠲᠡᠯᠡᠭᠰᠡᠨ ᠴᠠᠭ᠄
2021/11/18
    ᠡᠮᠡᠭᠲᠡᠶᠢᠴᠦᠳ ᠪᠢᠳᠠ ᠦᠨ᠎ᠡ ᠴᠡᠨ᠎ᠡ ᠲᠠᠢ ᠪᠠᠶᠢᠬᠤ ᠨᠢ ᠮᠠᠰᠢ ᠣᠯᠠᠨ ᠵᠦᠢᠯ ᠤᠨ ᠢᠯᠡᠷᠬᠡᠶᠢᠯᠡᠯ ᠪᠣᠯᠳᠠᠭ ᠭᠡᠳᠡᠭ ᠢ ᠲᠡᠷᠡ ᠪᠣᠯᠭᠠᠨ ᠮᠡᠳᠡᠳᠡᠭ ᠦᠭᠡᠢ ᠃ ᠵᠠᠷᠢᠮ ᠬᠥᠮᠥᠰ ᠦᠨ᠎ᠡ ᠴᠡᠨ᠎ᠡ ᠲᠠᠢ ᠪᠠᠶᠢᠳᠠᠯ ᠢ ᠨᠡᠷ᠎ᠡ ᠬᠦᠨᠳᠦ ᠂ ᠭᠠᠳᠠᠭᠠᠳᠤ ᠳᠦᠷᠢ ᠲᠥᠷᠬᠦ ᠂ ᠡᠷᠬᠢᠯᠡᠳᠡᠭ ᠠᠵᠢᠯ ᠂ ᠨᠡᠶᠢᠭᠡᠮ ᠳᠤ ᠡᠵᠡᠯᠡᠵᠦ ᠪᠠᠶᠢᠭ᠎ᠠ ᠪᠠᠶᠢᠷᠢ ᠰᠠᠭᠤᠷᠢ ᠭᠡᠬᠦ ᠮᠡᠲᠦ ᠪᠠᠷ ᠳ᠋ᠦᠩᠨᠡᠵᠦ ᠮᠠᠭᠠᠳ ᠦᠭᠡᠢ ᠃ ᠡᠳᠡᠭᠡᠷ ᠵᠦᠢᠯᠡᠰ ᠲᠠᠨ ᠤ ᠦᠨ᠎ᠡ ᠴᠡᠨ᠎ᠡ ᠶᠢ ᠬᠡᠵᠢᠶᠡᠳᠡ ᠲᠣᠳᠣᠷᠬᠠᠶᠢᠯᠠᠬᠤ ᠦᠭᠡᠢ ᠃ ᠬᠠᠷᠢᠨ ᠡᠶᠡᠷᠭᠦ ᠵᠥᠪ ᠬᠠᠨᠳᠤᠯᠭ᠎ᠠ ᠂ ᠰᠠᠶᠢᠬᠠᠨ ᠰᠡᠳᠬᠢᠯ ᠂ ᠬᠦᠴᠦᠷᠬᠡᠭ ᠪᠠᠶᠢᠳᠠᠯ ᠭᠡᠬᠦ ᠮᠡᠲᠦ ᠳᠣᠲᠣᠭᠠᠳᠤ ᠮᠥᠨ ᠴᠢᠨᠠᠷ ᠲᠤ ᠯᠡ ᠦᠨ᠎ᠡ ᠴᠡᠨ᠎ᠡ ᠲᠠᠢ ᠪᠠᠶᠢᠳᠠᠯ ᠨᠢᠭᠤᠭᠳᠠᠭᠰᠠᠭᠠᠷ ᠪᠠᠶᠢᠳᠠᠭ ᠃  ᠦᠪᠡᠷ ᠲᠡᠭᠡᠨ ᠪᠠᠶᠢᠭ᠎ᠠ ᠨᠠᠨᠳᠢᠨ ᠂ ᠰᠠᠶᠢᠬᠠᠨ ᠴᠢᠨᠠᠷ ᠢᠶᠠᠨ ᠣᠯᠵᠤ ᠮᠡᠳᠡᠨ ᠭᠠᠶᠢᠬᠠᠯᠲᠠᠢ ᠡᠮᠡᠭᠲᠡᠢ ᠪᠠᠶᠢᠬᠤ ᠶᠢ ᠬᠢᠴᠢᠶᠡᠭᠡᠷᠡᠢ ᠃ ᠲᠡᠶᠢᠮᠦ ᠠᠴᠠ ᠦᠨ᠎ᠡ ᠴᠡᠨ᠎ᠡ ᠲᠠᠢ ᠡᠮᠡᠭᠲᠡᠢ ᠪᠠᠶᠢᠬᠤ ᠳᠤ ᠲᠤᠰᠠᠯᠠᠬᠤ ᠪᠢᠴᠢᠬᠠᠨ ᠵᠥᠪᠯᠡᠯᠭᠡ ᠶᠢ ᠬᠦᠷᠭᠡᠶ᠎ᠡ ᠃     1. ᠥᠪᠡᠷ ᠢ ᠪᠠᠨ ᠬᠥᠭᠵᠢᠭᠦᠯᠬᠦ ᠬᠥᠮᠥᠨ ᠥᠪᠡᠷ ᠤᠨ ᠪᠣᠯᠣᠮᠵᠢ ᠲᠠᠢ ᠭᠡᠰᠡᠨ ᠵᠦᠢᠯ ᠢᠶᠠᠷ ᠢᠶᠠᠨ ᠣᠶᠤᠨ ᠤᠬᠠᠭᠠᠨ ᠳᠤ ᠪᠠᠨ ᠵᠠᠪᠠᠯ ᠬᠥᠷᠥᠩᠭᠡ ᠣᠷᠤᠭᠤᠯᠤᠯᠲᠠ ᠬᠢᠬᠦ ᠨᠢ ᠴᠢᠬᠤᠯᠠ ᠃ ᠵᠢᠱᠢᠶ᠎ᠡ ᠨᠢ ᠨᠣᠮ ᠤᠩᠰᠢᠬᠤ ᠃ ᠨᠤᠮ ᠤᠩᠰᠢᠬᠤ ᠲᠤᠰᠤᠮ ᠬᠥᠮᠥᠨ ᠤ ᠡᠷᠭᠢᠴᠡᠭᠦᠯᠦᠨ ᠪᠣᠳᠣᠬᠤ ᠂ ᠰᠡᠳᠬᠢᠨ ᠪᠣᠳᠣᠬᠤ ᠴᠢᠳᠠᠪᠤᠷᠢ ᠨᠡᠮᠡᠭᠳᠡᠵᠦ ᠡᠷᠭᠢᠭᠡᠳ ᠤᠩᠰᠢᠭᠰᠠᠨ ᠮᠡᠳᠡᠯᠭᠡ ᠲᠠᠨᠢ ᠪᠣᠳᠠᠲᠤ ᠠᠮᠢᠳᠤᠷᠠᠯ ᠳᠤ ᠬᠡᠷᠡᠭᠲᠡᠢ ᠪᠣᠯᠳᠠᠭ ᠤᠴᠢᠷ ᠠᠴᠠ ᠴᠠᠭ ᠪᠦᠷᠢ ᠤᠩᠰᠢᠵᠤ ᠂ ᠰᠤᠳᠤᠯᠤᠭᠰᠠᠭᠠᠷ ᠪᠠᠶᠢᠭᠠᠷᠠᠢ᠃     2. ᠥᠪᠡᠷ ᠢ ᠪᠠᠨ ᠣᠯᠬᠤ ᠥᠪᠡᠷ ᠤᠨ ᠳᠠᠪᠠᠭᠤ ᠲᠠᠯ᠎ᠠ ᠂ ᠰᠤᠯᠠ ᠲᠠᠯ᠎ᠠ ᠪᠠᠨ ᠴᠠᠭᠠᠰᠤᠨ ᠳᠡᠭᠡᠷ᠎ᠡ ᠪᠠᠭᠤᠯᠭᠠᠭᠠᠷᠠᠢ ᠃ ᠰᠠᠶᠢᠨ ᠲᠠᠯ᠎ᠠ ᠪᠠᠨ ᠲᠣᠳᠣᠷᠬᠠᠶᠢᠯᠠᠵᠤ ᠥᠪᠡᠷ ᠤᠨ ᠬᠢᠬᠦ ᠶᠢ ᠬᠦᠰᠡᠭᠰᠡᠨ ᠵᠦᠢᠯ ᠢᠶᠠᠨ ᠶᠠᠭ ᠣᠳᠣ ᠠᠴᠠ ᠬᠢᠵᠦ ᠡᠬᠢᠯᠡᠬᠦ ᠨᠢ ᠥᠪᠡᠷ ᠢ ᠪᠠᠨ ᠣᠯᠬᠤ ᠬᠠᠮᠤᠭ ᠤᠨ ᠡᠬᠢᠨ ᠤ ᠠᠯᠬᠤᠮ ᠶᠤᠮ ᠃ ᠬᠠᠷᠢᠨ ᠰᠤᠯᠠ ᠲᠠᠯ᠎ᠠ ᠪᠣᠯᠬᠤ ᠮᠠᠭᠤ ᠵᠤᠷᠰᠢᠯ ᠤᠳ ᠲᠠᠢ ᠪᠠᠨ ᠡᠪᠯᠡᠷᠡᠯ ᠦᠭᠡᠢ ᠴᠠᠭ ᠢᠮᠠᠭᠲᠠ ᠲᠡᠮᠡᠴᠡᠭᠰᠡᠭᠡᠷ ᠪᠠᠶᠢᠪᠠᠯ ᠬᠡᠵᠢᠶ᠎ᠡ ᠨᠢᠭᠡᠨ ᠴᠠᠭ ᠲᠤ ᠴᠢ ᠢᠯᠠᠭᠴᠢ ᠨᠢ ᠪᠣᠯᠬᠤ ᠪᠣᠯᠣᠨ᠎ᠠ ᠃     3. ᠭᠤᠮᠣᠳᠠᠯᠯᠠᠬᠤ ᠪᠠᠨ ᠪᠣᠯᠢᠬᠤ ᠬᠥᠮᠥᠨ ᠪᠣᠯᠭᠠᠨ ᠳᠤ ᠠᠰᠠᠭᠤᠳᠠᠯ ᠪᠡᠷᠬᠡᠰᠢᠶᠡᠯ ᠲᠤᠯᠭᠠᠷᠠᠵᠤ ᠪᠠᠶᠢᠳᠠᠭ ᠃ ᠬᠠᠷᠢᠨ ᠶᠠᠭᠠᠬᠢᠵᠤ ᠬᠦᠯᠢᠶᠡᠵᠦ ᠠᠪᠬᠤ ᠠᠴᠠ ᠰᠢᠯᠲᠠᠭᠠᠯᠠᠵᠤ ᠥᠭᠡᠷ᠎ᠡ ᠥᠭᠡᠷ᠎ᠡ ᠪᠠᠶᠢᠳᠠᠭ ᠃ ᠵᠠᠷᠢᠮ ᠨᠢ ᠠᠰᠠᠭᠤᠳᠠᠯ ᠲᠤᠯᠭᠠᠷᠠᠬᠤ ᠳᠤ ᠪᠡᠷᠬᠡᠰᠢᠶᠡᠯ ᠤᠨ ᠥᠭᠡᠳᠡ ᠠᠴᠠ ᠲᠡᠮᠡᠴᠡᠳᠡᠭ ᠪᠣᠯ ᠨᠥᠭᠦᠭᠡ ᠬᠡᠰᠡᠭ ᠨᠢ ᠬᠥᠮᠥᠨ ᠪᠣᠯᠭᠠᠨ ᠳᠤ ᠠᠰᠠᠭᠤᠳᠠᠯ ᠢᠶᠠᠨ ᠶᠠᠷᠢᠬᠤ ᠠᠴᠠ ᠥᠭᠡᠷ᠎ᠡ ᠶᠠᠭᠤ ᠴᠦ ᠬᠢᠳᠡᠭ ᠦᠭᠡᠢ ᠃ ᠭᠤᠮᠣᠳᠠᠯᠯᠠᠬᠤ ᠲᠤᠰᠤᠮ ᠠᠰᠠᠭᠤᠳᠠᠯ ᠤᠯᠠᠮ ᠲᠣᠮᠣ ᠪᠣᠯᠣᠭᠰᠠᠨ ᠶᠤᠮ ᠰᠢᠭ᠋ ᠰᠠᠨᠠᠭᠳᠠᠳᠠᠭ ᠤᠴᠢᠷ ᠠᠴᠠ ᠠᠰᠠᠭᠤᠳᠠᠯ ᠪᠦᠷᠢ ᠶᠢ ᠳᠠᠪᠠᠨ ᠲᠤᠭᠤᠯᠬᠤ ᠰᠡᠳᠬᠢᠯ ᠤᠨ ᠲᠡᠩᠬᠡᠭᠡ ᠲᠠᠢ ᠪᠠᠶᠢᠬᠤ ᠬᠡᠷᠡᠭᠲᠡᠢ ᠰᠢᠦ ᠃     4. ᠪᠤᠰᠤᠳ ᠲᠤ ᠲᠤᠰᠠᠯᠠᠬᠤ ᠪᠢᠳᠠ ᠵᠠᠪᠠᠯ ᠮᠥᠩᠭᠦ ᠲᠥᠭᠦᠷᠢᠭ ᠂ ᠮᠠᠲ᠋ᠧᠷᠢᠶᠠᠯᠯᠢᠭ ᠡᠳ᠋ ᠵᠦᠢᠯᠡᠰ ᠢᠶᠠᠷ ᠬᠥᠮᠥᠨ ᠳᠤ ᠲᠤᠰᠠᠯᠠᠬᠤ ᠠᠯᠪᠠ ᠦᠭᠡᠢ ᠂ ᠵᠦᠭᠡᠷ ᠯᠡ ᠪᠠᠶᠢᠭ᠎ᠠ ᠴᠠᠭ ᠵᠠᠪ ᠠᠴᠠ ᠪᠠᠨ ᠬᠡᠰᠡᠭᠬᠡᠨ ᠬᠤᠭᠤᠴᠠᠭᠠᠨ ᠳᠤ ᠰᠡᠳᠬᠢᠯ ᠰᠠᠨᠠᠭ᠎ᠠ ᠪᠠᠷ ᠢᠶᠠᠨ ᠂ ᠦᠭᠡ ᠦᠢᠯᠡᠳᠦᠯ ᠢᠶᠠᠷ ᠢᠶᠠᠨ ᠪᠤᠰᠤᠳ ᠲᠤ ᠲᠤᠰᠠᠯᠠᠬᠤ ᠪᠣᠯᠣᠮᠵᠢ ᠲᠠᠢ ᠪᠠᠶᠢᠳᠠᠭ ᠃ ᠬᠥᠮᠥᠨ ᠳᠤ ᠶᠠᠮᠠᠷ ᠴᠦ ᠲᠤᠰᠠ ᠪᠠᠭᠠᠳᠠᠳᠠᠭ ᠦᠭᠡᠢ ᠤᠴᠢᠷ ᠠᠴᠠ ᠡᠨᠡᠷᠢᠩᠭᠦᠢ ᠰᠡᠳᠬᠢᠯ ᠢᠶᠠᠷ ᠬᠥᠮᠥᠨ ᠲᠤᠰᠠᠯᠠᠬᠤ ᠶᠢ ᠬᠢᠴᠢᠶᠡᠭᠡᠷᠡᠢ ᠃     5. ᠥᠪᠡᠷ ᠢ ᠪᠠᠨ ᠪᠠᠶᠢᠭ᠎ᠠ ᠪᠠᠷ ᠨᠢ ᠬᠠᠶᠢᠷᠠᠯᠠᠬᠤ ᠥᠪᠡᠷ ᠢ ᠪᠠᠨ ᠬᠠᠶᠢᠷᠠᠯᠠᠬᠤ ᠭᠡᠳᠡᠭ ᠨᠢ ᠡᠳᠦᠷ ᠪᠦᠷᠢ ᠤᠷᠮ᠎ᠠ ᠵᠣᠷᠢᠭ ᠳᠦᠭᠦᠷᠡᠩ ᠦᠪᠡᠷ ᠲᠡᠭᠡᠨ ᠰᠡᠳᠬᠢᠯ ᠬᠠᠩᠭᠠᠯᠤᠭᠤᠨ ᠪᠠᠶᠢᠬ᠎ᠠ ᠂ ᠥᠪᠡᠷ ᠤᠨ ᠢᠶᠠᠨ ᠪᠠᠶᠢᠭ᠎ᠠ ᠪᠠᠶᠢᠳᠠᠯ ᠂ ᠠᠯᠳᠠᠭ᠎ᠠ ᠳᠤᠲᠠᠭᠳᠠᠯ ᠭᠡᠳ ᠪᠦᠬᠦ ᠵᠦᠢᠯ ᠢᠶᠠᠨ ᠪᠠᠶᠢᠭ᠎ᠠ ᠪᠠᠷ ᠨᠢ ᠬᠦᠯᠢᠶᠡᠵᠦ ᠠᠪᠬᠤ ᠶᠢ ᠬᠡᠯᠡᠨ᠎ᠡ ᠃ ᠲᠡᠶᠢᠮᠦ ᠠᠴᠠ ᠥᠪᠡᠷ ᠢ ᠪᠠᠨ ᠭᠤᠣᠴᠢᠯᠠᠨ ᠂ ᠥᠭᠡᠷᠡᠴᠢᠯᠡᠬᠦ ᠪᠣᠯᠣᠮᠵᠢ ᠦᠭᠡᠢ ᠵᠦᠢᠯ ᠤᠳ ᠢᠶᠠᠨ ᠪᠣᠳᠣᠵᠤ ᠰᠡᠳᠬᠢᠯ ᠰᠠᠨᠠᠭ᠎ᠠ ᠪᠠᠷ ᠤᠨᠠᠬᠤ ᠬᠡᠷᠡᠭ ᠦᠭᠡᠢ ᠃ ᠡᠨᠡ ᠳᠡᠯᠡᠬᠡᠢ ᠳᠡᠭᠡᠷ᠎ᠡ ᠴᠢ ᠳᠠᠪᠲᠠᠭᠳᠠᠰᠢ ᠦᠭᠡᠢ ᠴᠣᠷ ᠭᠠᠭᠴᠠ ᠬᠥᠮᠥᠨ ᠰᠢᠦ ᠳ᠋ᠡ ᠃  
 
ᠢᠷᠡᠯᠲᠡ᠄ ᠠᠯᠠᠱᠨ ᠵᠡᠬᠦᠨ ᠬᠤᠰᠢᠭᠤᠨ ᠤ ᠠᠷᠠᠳ ᠤᠨ ᠵᠠᠰᠠᠭ ᠤᠨ ᠤᠷᠳᠦᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号