ᠬᠥᠮᠦᠨ ᠠᠮᠠ ᠶᠢᠨ ᠳᠤᠮᠳᠠ ᠲᠦᠭᠡᠮᠡᠯ ᠲᠠᠷᠬᠠᠵᠤ ᠂ ᠠᠮᠢ ᠨᠠᠰᠤ ᠂ ᠠᠬᠤᠢ ᠠᠮᠢᠳᠤᠷᠠᠯ ᠢ ᠨᠢ ᠶᠡᠬᠡᠬᠡᠨ | ᠰᠦᠢᠳᠬᠡᠵᠦ ᠪᠤᠢ ᠬᠠᠯᠳᠠᠪᠤᠷᠢᠲᠤ ᠪᠤᠰᠤ ᠡᠪᠡᠳᠴᠢᠨ ᠪᠣᠯ ᠰᠤᠳᠠᠰᠤ ᠬᠠᠲᠠᠭᠤᠷᠠᠯᠲᠠ ᠪᠥᠭᠡᠳ ᠡᠨᠡ ᠡᠪᠡᠳᠴᠢᠨ ᠤ | ᠤᠯᠠᠮ ᠠᠴᠠ ᠨᠠᠰᠤ ᠪᠠᠷᠠᠬᠤ ᠂ ᠲᠠᠬᠢᠷ ᠳᠤᠲᠠᠭᠤ ᠪᠣᠯᠬᠤ ᠨᠢ ᠬᠤᠣᠷᠲᠤ ᠬᠠᠪᠤᠳᠠᠷ ᠂ ᠰᠢᠬᠢᠷ ᠤᠨ ᠰᠢᠵᠢᠩ ᠂ | ᠬᠠᠯᠳᠠᠪᠤᠷᠢᠲᠤ ᠡᠪᠡᠳᠴᠢᠨ ᠂ ᠵᠣᠯ ᠦᠭᠡᠢ ᠲᠣᠬᠢᠶᠠᠯᠳᠤᠯ ᠵᠡᠷᠭᠡ ᠶᠢᠨ ᠨᠡᠶᠢᠯᠡᠪᠦᠷᠢ ᠳ᠋ᠦᠩ ᠠᠴᠠ ᠴᠦ ᠳᠡᠭᠡᠭᠦᠷ | ᠪᠠᠶᠢᠨ᠎ᠠ ᠃ ᠰᠤᠳᠠᠰᠤ ᠬᠠᠲᠠᠭᠤᠷᠠᠯᠲᠠ ᠨᠢ ᠰᠤᠳᠠᠰᠤ ᠶᠢ ᠨᠠᠷᠢᠰᠬᠠᠵᠤ ᠂ ᠴᠢᠰᠤᠨ ᠤ ᠤᠷᠤᠰᠬᠠᠯ ᠢ ᠰᠠᠭᠠᠲᠠᠭᠤᠯᠵᠤ ᠂ | ᠪᠥᠭᠯᠡᠬᠦ ᠂ ᠵᠢᠷᠦᠬᠡ ᠂ ᠲᠠᠷᠢᠬᠢ ᠂ ᠪᠥᠭᠡᠷᠡᠨ ᠳᠤ ᠴᠢᠰᠤᠨ ᠬᠠᠩᠭᠠᠮᠵᠢ ᠶᠢᠨ ᠳᠤᠲᠠᠭᠳᠠᠯ ᠡᠭᠦᠰᠬᠡᠨ᠂ ᠰᠢᠭᠢᠳᠦᠭᠡᠰᠦ ᠂ | ᠴᠢᠰᠤᠨ ᠤ ᠳᠠᠷᠤᠯᠲᠠ ᠶᠡᠭᠡ ᠪᠣᠯᠭᠠᠬᠤ ᠂ ᠵᠢᠷᠦᠬᠡ — ᠰᠤᠳᠠᠰᠤᠨ ᠤ ᠳᠤᠲᠠᠭᠳᠠᠯ ᠳᠤ ᠣᠷᠣᠭᠤᠯᠬᠤ ᠡᠰᠡᠪᠡᠯ | ᠦᠬᠦᠯ ᠳᠤ ᠬᠦᠷᠭᠡᠳᠡᠭ ᠡᠪᠡᠳᠴᠢᠨ ᠶᠤᠮ ᠃ | ᠶᠡᠷᠦᠩᠬᠡᠢ ᠡᠷᠡᠭᠦᠯᠵᠢᠭᠦᠯᠬᠦ ᠠᠷᠭ᠎ᠠ ᠬᠡᠮᠵᠢᠶ᠎ᠡ ᠄ | — ᠬᠤᠭᠤᠯᠠᠨ ᠤ ᠳᠢᠭᠯᠢᠮ ᠪᠠᠷᠢᠭᠤᠯᠵᠤ ᠂ ᠪᠡᠶ᠎ᠡ ᠶᠢᠨ ᠵᠢᠩ ᠢ ᠬᠡᠪ ᠤᠨ ᠪᠠᠶᠢᠯᠭᠠᠬᠤ | — ᠥᠭᠡᠬᠦ᠂ ᠲᠣᠰᠣ ᠂ ᠨᠡᠭᠦᠷᠡᠰᠦ᠂ ᠤᠰᠤᠨ ᠤ ᠰᠣᠯᠢᠯᠴᠠᠭ᠎ᠠ ᠶᠢ ᠬᠡᠪ ᠤᠨ ᠪᠣᠯᠭᠠᠬᠤ | — ᠥᠪᠡᠷ ᠤᠨ ᠨᠢ ᠭᠬᠢᠷ ᠬᠡᠮᠵᠢᠶᠡᠨ ᠳᠤ ᠲᠣᠬᠢᠷᠠᠭᠤᠯᠤᠭᠰᠠᠨ ᠪᠠᠶᠢᠩᠭᠤ ᠶᠢᠨ ᠳᠠᠰᠬᠠᠯ ᠂ ᠬᠥᠳᠡᠯᠭᠡᠭᠡᠨ | ᠬᠢᠯᠭᠡᠬᠦ | — ᠴᠢᠰᠤ ᠴᠡᠪᠡᠷᠰᠢᠭᠦᠯᠬᠦ ᠡᠮᠴᠢᠯᠡᠭᠡ ᠬᠢᠬᠦ | — ᠰᠡᠳᠬᠢᠯ ᠰᠠᠨᠠᠭ᠎ᠠ ᠶᠢ ᠨᠢ ᠲᠠᠶᠢᠪᠤᠩ ᠪᠠᠶᠢᠯᠭᠠᠬᠤ | — ᠲᠠᠮᠠᠬᠢ ᠠᠴᠠ ᠪᠦᠷᠢᠨ ᠲᠠᠲᠠᠭᠠᠯᠵᠠᠭᠤᠯᠬᠤ ᠃ |