ᠬᠠᠶᠢᠷ᠎ᠠ ᠰᠢᠩᠭᠡᠭᠰᠡᠠ ᠬᠠᠯᠠᠭᠤᠠ ᠬᠤᠭᠤᠯᠠ
ᠨᠡᠶᠢᠲᠡᠯᠡᠭᠰᠡᠨ ᠴᠠᠭ᠄
2021/10/26
    ᠣᠶᠢᠷ᠎ᠠ ᠶᠢᠨ ᠡᠳᠣᠷ᠂ ᠪᠠᠶᠠᠨᠬᠤᠳᠠ ᠳᠤ ᠪᠠᠶᠢᠭ᠎ᠠ ᠨᠡᠶᠢᠭᠡᠮ ᠤᠨ ᠡᠯ᠎ᠡ ᠡᠳᠡᠭᠡᠳ ᠤᠨ ᠬᠢᠨ ᠬᠢᠵᠢᠭ ᠢ ᠰᠡᠷᠭᠡᠶᠢᠯᠡᠬᠦ ᠡᠮᠣᠨ᠎ᠡ ᠹᠷᠦᠨᠲ ᠲᠤ ᠰᠢᠷᠭᠠᠭᠤ ᠠᠵᠢᠯᠯᠠᠵᠣ ᠪᠠᠶᠢᠭ᠎ᠠ ᠠᠵᠢᠯᠳᠠᠳ ᠲᠤ ᠦᠨ᠎ᠡ ᠳᠦᠯᠦᠪᠦᠷᠢ ᠦᠭᠡᠢ ᠪᠠᠷ ᠬᠠᠯᠠᠭᠤᠨ ᠬᠤᠭᠤᠯᠠ᠂ ᠢᠳᠡᠭᠡᠨ ᠣᠮᠳᠠᠭᠠᠨ ᠬᠦᠷᠭᠡᠵᠣ ᠶᠠᠭᠠᠷᠠᠯᠳᠠᠶᠢᠬᠠᠨ ᠪᠠᠶᠢᠯ᠎ᠠ᠃ ᠠᠯᠠᠱᠠ ᠵᠡᠭᠦᠨ ᠬᠤᠰᠢᠭᠤᠨ ᠤ ᠵᠠᠬ᠎ᠠ ᠳᠡᠯᠭᠡᠭᠦᠷ ᠤᠨ ᠬᠢᠨᠠᠨ ᠬᠠᠮᠢᠶᠠᠷᠤᠯᠲᠠ ᠶᠢᠨ ᠲᠣᠪᠴᠢᠶ᠎ᠠ ᠠᠴᠠ ᠬᠠᠷᠢᠶ᠎ᠠ ᠣᠷᠣᠨ ᠤ ᠬᠤᠭᠤᠯᠠᠨ ᠭᠡᠷ ᠤᠳ ᠲᠤ ᠡᠮᠴᠢ ᠰᠤᠪᠢᠯᠠᠭᠴᠢ᠂ ᠺᠠᠳ᠋ᠷ ᠠᠵᠢᠯᠳᠠᠨ᠂ ᠰᠠᠶᠢᠨ ᠳᠤᠷᠠᠴᠤᠳ ᠲᠤ ᠬᠠᠶᠢᠷ᠎ᠠ ᠬᠠᠯᠠᠮᠵᠢ ᠬᠦᠷᠭᠡᠬᠦ ᠰᠠᠨᠠᠭᠠᠴᠢᠯᠠᠭ᠎ᠠ ᠭᠠᠷᠭᠠᠭᠰᠠᠨ ᠳᠤ ᠨᠡᠶᠢᠭᠡᠮ ᠨᠡᠶᠢᠳᠡ ᠶᠢᠨ ᠬᠦᠷᠢᠶᠡᠯᠡᠯ ᠢ ᠶᠡᠭᠡᠳᠡ ᠣᠯᠵᠣ᠂ ᠮᠠᠰᠢ ᠣᠯᠠᠨ ᠬᠤᠭᠤᠯᠠᠨ ᠭᠡᠷ ᠬᠢᠵᠢᠭ  ᠤᠨ ᠡᠮᠣᠨ᠎ᠡ ᠹᠷᠦᠨᠲ ᠲᠤ ᠠᠵᠢᠯᠯᠠᠵᠣ ᠪᠠᠶᠢᠭ᠎ᠠ ᠠᠵᠢᠯᠳᠠᠳ ᠲᠤ ᠦᠨ᠎ᠡ ᠳᠦᠯᠦᠪᠦᠷᠢ ᠦᠭᠡᠢ ᠪᠠᠷ ᠬᠠᠯᠠᠭᠤᠨ ᠬᠤᠭᠤᠯᠠ ᠬᠦᠷᠭᠡᠵᠣ ᠬᠠᠯᠠᠭᠤᠨ ᠭᠠᠷ ᠢᠶᠠᠨ ᠰᠣᠩᠭᠠᠨ᠂ ᠳᠠᠳᠠᠠ ᠤ ᠬᠠᠯᠠᠭᠤᠠ ᠬᠤᠭᠤᠯᠠ ᠤᠯᠵᠤ ᠢᠳᠡᠬᠦ ᠦᠬᠡᠢ ᠪᠠᠶᠢᠬᠰᠠᠠ ᠬᠦᠴᠢᠷ ᠠᠰᠠᠭᠤᠳᠠᠯ ᠢ ᠰᠢᠢᠳᠪᠤᠷᠢᠯᠡᠭᠰᠡᠠ ᠢᠶᠠᠷ ᠪᠠᠷᠠᠬᠤ ᠦᠬᠡᠢ ᠰᠠᠳᠬᠢᠯ ᠰᠠᠨᠠᠭᠠᠠ ᠤ ᠳᠠᠷᠤᠭᠠᠰᠤ ᠶᠢ  ᠨᠢ ᠬᠦᠩᠭᠡᠷᠡᠬᠦᠯᠦᠭᠰᠡᠠ ᠪᠠᠶᠢᠨ᠎ᠠ᠃     ᠳᠡᠮᠡᠭᠡᠳᠣ ᠨᠣᠳᠤᠭ ᠤᠨ ᠮᠣᠩᠭᠤᠯ ᠵᠣᠭᠤᠭ ᠬᠤᠭᠤᠯᠠᠨ ᠭᠡᠷ᠂ ᠡᠯ ᠯᠢᠶᠠᠩ ᠬᠤᠭᠤᠯᠠᠨ ᠭᠡᠷ᠂ ᠠᠯᠠᠱᠠ ᠳᠣᠮᠣ ᠪᠠᠭᠤᠳᠠᠯ᠂ ᠲᠠᠢ ᠰᠢ ᠬᠤᠭᠤᠯᠠᠨ ᠭᠡᠷ᠂ ᠮᠢᠩ ᠭᠧ ᠰᠢᠤᠸᠠᠨ ᠬᠤᠭᠤᠯᠠᠨ ᠭᠡᠷ᠂ ᠦ᠋ ᠣᠪᠣᠭᠳᠣ ᠶᠢᠨ ᠵᠢᠢ ᠰᠢᠶᠠᠩ ᠦᠭᠡᠷ ᠤᠨ ᠮᠢᠬᠠᠨ ᠤ ᠰᠣᠩᠭᠠᠮᠠᠯ ᠭᠤᠯᠢᠷ᠂ ᠫᠢᠶᠣᠣ ᠣᠪᠣᠭᠳᠣ ᠶᠢᠨ ᠰᠢᠷᠠᠭᠰᠠᠨ ᠮᠢᠬ᠎ᠠ ᠬᠤᠭᠤᠯᠠᠨ ᠭᠡᠷ᠂ ᠲᠠᠨ ᡁᠢ ᠵᠢᠶᠠ ᠰᠢᠷᠠᠭᠰᠠᠨ ᠮᠢᠬ᠎ᠠ ᠬᠤᠭᠤᠯᠠᠨ ᠭᠡᠷ᠂ ᠫᠦ᠋ ᠵᠢᠩ ᠵᠣᠴᠢᠳ ᠤᠨ ᠪᠠᠭᠤᠳᠠᠯ᠂ ᠳᠡᠭᠷᠢ ᠵᠣᠴᠢᠳ ᠤᠨ ᠪᠠᠭᠤᠳᠠᠯ᠂ ᠵᠢᠦᠢ ᠦ᠋ ᠪᠠ ᠰᠢᠷᠠᠭᠰᠠᠨ ᠳᠠᠬᠢᠶ᠎ᠠ ᠲᠠᠢ ᠬᠠᠮᠪᠦ᠋ᠷᠡᠭ ᠬᠤᠭᠤᠯᠠᠨ ᠭᠡᠷ᠂ ᠵᠢᠢ ᠰᠢᠶᠠᠩ ᠦᠭᠡᠷ ᠤᠨ ᠮᠢᠬᠠᠨ ᠤ ᠰᠣᠩᠭᠠᠮᠠᠯ ᠭᠤᠯᠢᠷ ᠵᠡᠷᠭᠡ ᠬᠤᠭᠤᠯᠠᠨ ᠭᠡᠷ ᠤᠳ ᠣᠷᠴᠢᠮ ᠤᠨ ᠡᠳᠣᠷ ᠲᠤ ᠪᠦᠭᠡᠮ ᠬᠦᠴᠢᠯ ᠤᠨ ᠰᠢᠯᠭᠠᠨ ᠪᠠᠶᠢᠴᠠᠭᠠᠯᠳᠠ ᠬᠢᠭᠦ ᠠᠵᠢᠯ ᠳᠤ ᠰᠢᠭᠤᠷᠬᠠᠶᠢᠯᠠᠵᠦ ᠪᠠᠶᠢᠭ᠎ᠠ ᠠᠵᠢᠯᠳᠠᠳ ᠲᠤ ᠬᠠᠯᠠᠭᠤᠨ ᠬᠤᠭᠤᠯᠠ ᠬᠦᠷᠭᠡᠵᠣ ᠪᠠᠶᠢᠨ᠎ᠠ᠃     ᠳᠡᠮᠡᠭᠡᠳᠣ ᠨᠣᠳᠤᠭ ᠤᠨ ᠮᠣᠩᠭᠤᠯ ᠵᠣᠭᠤᠭ ᠬᠤᠭᠤᠯᠠᠨ ᠭᠡᠷ ᠤᠨ ᠡᠵᠡᠩᠨᠡᠭᠴᠢ ᠮᠠᠨᠳᠣᠯ᠎ᠠ ᠰᠣᠷᠪᠣᠯᠵᠢᠯᠠᠭᠴᠢ ᠳᠤ ᠄ ︽ᠨᠢᠭᠡᠳᠦᠭᠡᠷ ᠣᠳᠠᠭᠠᠨ ᠤ ᠪᠦᠭᠡᠮ ᠬᠦᠴᠢᠯ ᠤᠨ ᠰᠢᠯᠭᠠᠨ ᠪᠠᠶᠢᠴᠠᠭᠠᠯᠳᠠ ᠬᠢᠬᠦ ᠪᠠᠷ ᠢᠷᠡᠭᠡᠳ᠂ ᠠᠵᠢᠯᠳᠠᠳ ᠳᠦᠢᠯ ᠤᠨ ᠶᠠᠭᠠᠷᠠᠯᠳᠠᠢ ᠠᠵᠢᠯᠯᠠᠵᠤ ᠪᠠᠶᠢᠬᠤ ᠮᠦᠷᠳᠡᠭᠡᠨ ᠢᠳᠡᠵᠣ ᠣᠣᠭᠤᠬᠤ ᠳᠠᠯ᠎ᠠ ᠪᠠᠷ ᠬᠦᠴᠢᠷ ᠲᠠᠢ ᠪᠠᠶᠢᠭ᠎ᠠ ᠶᠢ ᠤᠯᠵᠤ ᠬᠠᠷᠠᠬᠰᠠᠠ᠂ ᠢᠩᠭᠢᠭᠡᠳ ᠡᠨᠡ ᠡᠳᠣᠷ 55 ᠬᠤᠪᠢ ᠬᠤᠭᠤᠯᠠ ᠬᠢᠭᠡᠳ ᠬᠦᠷᠭᠡᠵᠣ ᠪᠠᠶᠢᠬᠤ ᠨᠢ ᠡᠨᠡ ᠶᠤᠮ︾ ᠭᠡᠵᠣ ᠸᠠᠩ ᠤᠨ ᠣᠷᠳᠣᠨ ᠵᠡᠭᠡᠯᠢ ᠭᠤᠳᠣᠮᠵᠢ ᠶᠢᠨ ᠳᠡᠭᠷᠢ ᠨᠡᠶᠢᠭᠡᠮ ᠳᠣᠭᠤᠷᠢᠭ ᠲᠤ ᠬᠠᠯᠠᠭᠤᠨ ᠬᠤᠭᠤᠯᠠ ᠬᠦᠷᠭᠡᠵᠣ ᠢᠷᠡᠭᠰᠡᠨ ᠢᠶᠠᠨ ᠢᠩᠭᠢᠵᠣ ᠶᠠᠷᠢᠵᠣ ᠪᠢᠯᠡ᠃ ᠫᠢᠶᠣᠣ ᠣᠪᠣᠭᠳᠣ ᠶᠢᠨ ᠰᠢᠷᠠᠭᠰᠠᠨ ᠮᠢᠬ᠎ᠠ ᠬᠤᠭᠤᠯᠠᠨ ᠭᠡᠷ  ᠨᠢ ᠨᠢᠭᠡ ᠡᠳᠣᠷ ᠲᠤ 400 ᠭᠠᠷᠦᠢ ᠬᠤᠪᠢ ᠬᠤᠭᠤᠯᠠ ᠬᠦᠷᠭᠡᠵᠣ᠂ ᠲᠠᠨ ᡁᠢ ᠵᠢᠶᠠ ᠰᠢᠷᠠᠭᠰᠠᠨ ᠮᠢᠬ᠎ᠠ ᠬᠤᠭᠤᠯᠠᠨ ᠭᠡᠷ ᠨᠢ ᠡᠳᠣᠷ ᠲᠤ 140 ᠬᠤᠪᠢ ᠬᠤᠭᠤᠯᠠ ᠬᠢᠵᠣ ᠬᠦᠷᠭᠡᠵᠣ ᠪᠣᠢ᠃ ᠦ᠋ ᠣᠪᠣᠭᠳᠣ ᠶᠢᠨ ᠵᠢᠢ ᠰᠢᠶᠠᠩ ᠦᠭᠡᠷ ᠤᠨ ᠮᠢᠬᠠᠨ ᠤ ᠰᠣᠩᠭᠠᠮᠠᠯ ᠭᠤᠯᠢᠷ ︵ᠪᠠᠷᠠᠭᠤᠨ ᠳᠣᠭᠤᠷᠢᠭ︶ ᠤᠨ ᠡᠵᠡᠩᠨᠡᠭᠴᠢ ᠦ᠋ ᠵᠢᠩ᠄ ︽ᠭᠤᠯᠢᠷ ᠬᠤᠭᠤᠯᠠ ᠶᠢ ᠠᠪᠴᠣ ᠶᠠᠪᠣᠬᠤ ᠳᠤ ᠳᠦᠬᠦᠮ ᠦᠭᠡᠢ᠂ ᠣᠳᠠᠪᠠᠯ ᠭᠤᠯᠢᠷ ᠤᠨ ᠠᠮᠳᠠ ᠨᠢ ᠬᠤᠪᠢᠷᠠᠳᠠᠭ  ᠠᠴᠠ ᠪᠢᠳᠠ ᠳᠦᠷᠭᠡᠠ ᠬᠦᠷᠭᠡᠬᠦ ᠶᠢ ᠪᠤᠳᠤᠯᠬᠢᠯᠠᠠ 20 ᠤ ᠡᠳᠣᠷ ᠠᠴᠠ ᠡᠬᠢᠯᠡᠨ ᠬᠤᠭᠤᠯᠠᠨ ᠭᠡᠷ ᠲᠤ ᠢᠷᠡᠭᠰᠡᠨ ᠬᠢᠵᠢᠭ ᠢ ᠰᠡᠷᠭᠡᠶᠢᠯᠡᠨ ᠡᠵᠡᠮᠳᠡᠬᠦ ᠡᠮᠣᠨ᠎ᠡ ᠹᠷᠦᠨᠲ ᠤᠨ ᠠᠵᠢᠯᠳᠠᠳ ᠲᠤ ᠦᠨ᠎ᠡ ᠳᠦᠯᠦᠪᠦᠷᠢ ᠦᠭᠡᠢ ᠪᠠᠷ ᠰᠣᠩᠭᠠᠮᠠᠯ ᠭᠤᠯᠢᠷ ᠬᠢᠵᠣ ᠦᠭᠴᠣ ᠪᠠᠶᠢᠨ᠎ᠠ᠃ ᠨᠢᠭᠡ ᠡᠳᠣᠷ ᠲᠤ ᠪᠠᠷᠤᠭ 40 ᠭᠠᠷᠦᠢ ᠠᠵᠢᠯᠳᠠᠨ ᠢᠷᠡᠵᠣ ᠢᠳᠡᠳᠡᠭ ᠶᠤᠮ᠃ ᠬᠤᠭᠤᠯᠠᠨ ᠭᠡᠷ ᠤᠨ ᠭᠤᠯᠢᠷ ᠰᠣᠩᠭᠠᠬᠤ ᠠᠵᠢᠯᠳᠠᠨ ᠭᠡᠷ ᠲᠡᠭᠡᠨ ᠬᠠᠷᠢᠭᠰᠠᠨ ᠠᠴᠠ ᠪᠣᠯᠣᠭᠠᠳ ᠪᠢ ᠦᠪᠡᠷ ᠢᠶᠠᠨ ᠭᠤᠯᠢᠷ ᠳᠠᠳᠠᠵᠣ ᠪᠠᠶᠢᠨ᠎ᠠ︾ ᠭᠡᠵᠤ ᠪᠠᠶᠢᠯ᠎ᠠ᠃      ᠠᠯᠠᠱᠠ ᠶᠢᠨ ᠠᠷᠠᠰᠣᠨ ᠣᠷᠠᠯᠢᠭᠴᠢᠨ ᠣᠨᠳᠣᠷᠣᠮᠠᠯ᠄ ︽ᠮᠠᠨᠠᠶᠢᠬᠢᠨ ᠭᠡᠳᠦᠨ ᠵᠠᠯᠠᠭᠤᠴᠣᠳ ᠨᠡᠶᠢᠯᠡᠭᠡᠳ 700 ᠭᠠᠷᠦᠢ ᠳᠦᠬᠦᠷᠢᠭ ᠵᠠᠷᠤᠴᠠᠭᠤᠯᠤᠠ ᠳᠡᠯᠭᠡᠬᠦᠷ ᠠᠴᠠ ᠪᠡᠯᠡᠨ ᠬᠤᠭᠤᠯᠠ᠂ ᠮᠢᠬ᠎ᠠ᠂ ᠰᠦ᠂ ᠣᠰᠣ ᠣᠮᠳᠠᠭᠠᠨ ᠬᠤᠳᠠᠯᠳᠣᠨ ᠠᠪᠣᠭᠠᠳ ᠸᠠᠩ ᠤᠨ ᠣᠷᠳᠣᠨ ᠵᠡᠭᠡᠯᠢ ᠭᠤᠳᠣᠮᠵᠢ ᠶᠢᠨ ᠳᠡᠭᠷᠢ ᠨᠡᠶᠢᠭᠡᠮ ᠳᠣᠭᠤᠷᠢᠭ ᠤᠨ ᠠᠵᠢᠯᠳᠠᠳ  ᠲᠤ ᠬᠦᠷᠭᠡᠯ᠎ᠡ︾ ᠭᠡᠪᠡ᠃ ᠱᠦ ᠵᠢᠦ ᠰᠢᠶᠠᠩ ᠬᠠᠯᠠᠭᠤᠨ ᠳᠣᠭᠤᠭ᠎ᠠ ᠪᠠ ᠴᠢ ᠶᠤᠸᠠᠢ ᠺᠣᠹᠧ ᠶᠢᠨ ᠮᠣᠬᠤᠯᠠᠭ ᠠᠴᠠ ᠡᠮᠦᠨ᠎ᠡ ᠹᠷᠣᠨᠲ ᠤᠨ ᠠᠵᠢᠯᠲᠠᠨ ᠳᠤ 4200 ᠯᠣᠩᠬᠤ ᠤᠰᠤ ᠵᠡᠷᠭᠡ ᠶᠢ ᠬᠦᠷᠭᠡᠵᠣ ᠦᠭᠬᠦᠭᠰᠡᠨ ᠪᠠᠶᠢᠨ᠎ᠠ᠃      ᠳᠡᠮ ᠳᠡᠮ ᠳᠡᠭᠡᠨ ᠭᠡᠭᠴᠢ ᠪᠠᠷ᠂ ᠨᠡᠶᠢᠭᠡᠮ ᠤᠨ ᠡᠯ᠎ᠡ ᠡᠳᠡᠭᠡᠳ ᠤᠨ ᠬᠢᠨ ᠤ ᠬᠠᠪᠰᠣᠷᠣᠯᠭ᠎ᠠ ᠳᠡᠮᠵᠢᠯᠭᠡ᠂ ᠬᠠᠶᠢᠷ᠎ᠠ ᠬᠠᠯᠠᠮᠵᠢ ᠨᠢ ᠬᠢᠵᠢᠭ ᠢ ᠰᠡᠷᠭᠡᠶᠢᠯᠡᠨ ᠡᠵᠡᠮᠳᠡᠬᠦ ᠡᠮᠣᠨ᠎ᠡ ᠹᠷᠦᠨᠲ ᠤᠨ ᠠᠵᠢᠯᠳᠠᠳ ᠲᠤ ᠢᠳᠡᠭᠡᠯ ᠵᠣᠷᠢᠭ᠂ ᠡᠷᠡᠯᠬᠡᠭᠯᠡᠨ ᠳᠡᠮᠡᠴᠡᠬᠦ ᠬᠦᠴᠦᠨ ᠢ ᠶᠡᠭᠡᠳᠡ ᠣᠯᠭᠤᠭᠰᠠᠨ ᠪᠠᠶᠢᠭ᠎ᠠ ᠶᠤᠮ᠃
 
ᠢᠷᠡᠯᠲᠡ᠄ ᠠᠯᠠᠱᠠ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号