ᠰᠢᠬᠢᠷ ᠰᠢᠵᠢᠩ ᠡᠪᠡᠳᠴᠢᠨ ᠢ ᠶᠠᠭᠠᠬᠢᠪᠠᠯ ᠰᠡᠶ᠋ᠢ ᠡᠷᠳᠡ ᠶᠢᠨ ᠬᠤᠭᠤᠴᠠᠭᠠᠨ ᠳᠤᠨᠢ ᠤᠯᠵᠤ ᠮᠡᠳᠡᠬᠦ ᠪᠤᠢ︖
ᠨᠡᠶᠢᠲᠡᠯᠡᠭᠰᠡᠨ ᠴᠠᠭ᠄
2021/10/22
    ᠤᠢᠢᠷ᠎ᠡ ᠶᠢᠨ ᠭᠤᠷᠪᠠᠨ ᠰᠠᠷ᠎ᠠ ᠶᠢᠨ ᠪᠡᠶ᠎ᠡ ᠶᠢᠨ ᠪᠠᠶᠢᠳᠠᠯ ᠢᠶᠠᠨ ᠦᠨᠳᠦᠰᠦᠯᠡᠵᠦ᠂ ᠪᠡᠶ᠎ᠡ ᠶᠢᠨ ᠢᠶᠠᠨ ᠪᠠᠶᠢᠳᠠᠯ ᠲᠠᠢ ᠨᠡᠶᠢᠴᠡᠭᠰᠡᠨ ᠲᠦᠷᠦᠯ ᠳᠡᠭᠡᠷ᠎ᠡ ︽O︾ ᠲᠡᠮᠳᠡᠭ ᠵᠢᠷᠤᠵᠤ᠂ ᠤᠨᠴᠠᠭᠠᠢᠢᠯᠠᠨ ᠰᠢᠬᠢᠷ ᠰᠢᠵᠢᠩ ᠪᠤᠯᠤᠨ ᠴᠢᠰᠤᠨ ᠲᠤᠤᠷᠠᠬᠢ ᠰᠢᠬᠢᠷ ᠤᠨ ᠬᠡᠮᠵᠢᠶ᠎ᠡ ᠦᠨᠳᠦᠷ ᠬᠦᠮᠦᠰ ᠦᠷᠭᠦᠯᠵᠢ ᠪᠠᠶᠢᠴᠠᠭᠠᠬᠤ ᠬᠡᠷᠡᠭᠳᠡᠢ᠃     1᠂ ᠦᠷᠭᠦᠯᠵᠢ ᠤᠮᠳᠠᠭᠠᠰᠴᠤ᠂ ᠤᠰᠤ ᠠᠷᠪᠢᠨ ᠤᠤᠭᠤᠬᠤ︔     2᠂ ᠰᠢᠭᠡᠰᠦ ᠠᠷᠪᠢᠳᠬᠤ ᠮᠦᠷᠳᠡᠭᠡᠨ ᠬᠡᠮᠵᠢᠶ᠎ᠠ ᠨᠢ ᠴᠤ ᠠᠷᠪᠢᠨ︔     3᠂ ᠢᠳᠡᠭᠡᠨ ᠤ ᠲᠤᠷᠠᠰᠢᠯ ᠨᠡᠮᠡᠭᠳᠡᠬᠦ᠂ ᠰᠢᠬᠢᠷᠯᠢᠭ ᠢᠳᠡᠭᠡᠨ ᠢᠳᠡᠬᠦ ᠲᠤᠷᠠᠳᠠᠢ︔     4᠂ ᠪᠡᠶ᠎ᠡ ᠲᠠᠮᠢᠷᠳᠠᠵᠤ ᠮᠠᠰᠢ ᠶᠠᠳᠠᠷᠠᠬᠤ︔     5᠂ ᠶᠠᠷ᠎ᠠ ᠠᠮᠠᠷᠬᠠᠨ ᠭᠠᠷᠴᠤ᠂ ᠡᠳᠡᠭᠡᠷᠡᠬᠦ ᠦᠭᠡᠢ᠂ ᠠᠷᠠᠰᠤ ᠵᠠᠭᠠᠳᠤᠨᠠᠬᠤ︔     6᠂ ᠭᠡᠷ ᠤᠨ ᠬᠦᠮᠦᠰ ︵ᠠᠪᠤ ᠡᠵᠢ ᠡᠬᠡᠴᠢ ᠳᠡᠭᠦᠦ︶ ᠲᠤᠳᠤᠷ᠎ᠠ ᠰᠢᠬᠢᠷ ᠰᠢᠵᠢᠩ ᠡᠪᠡᠳᠴᠢᠨ ᠤᠯᠤᠭᠰᠠᠳ ᠪᠠᠶᠢᠬᠤ ᠡᠰᠡᠬᠦ ᠶᠢ ᠦᠵᠡᠨ᠎ᠡ︔     ᠵᠢᠱᠢᠶᠡᠯᠡᠪᠡᠯ᠂ 1᠂ 2᠂ 3 ᠲᠦᠷᠦᠯ ᠲᠤᠳᠤᠷ᠎ᠠ 1 ᠪᠤᠶᠤ 2 ᠨᠢ ︽O︾ ᠪᠠᠶᠢᠪᠠᠯ᠂ ᠳᠠᠷᠤᠢ ᠰᠢᠬᠢᠷ ᠰᠢᠵᠢᠩ ᠡᠪᠡᠳᠴᠢᠨ ᠤ ᠡᠯ᠎ᠡ ᠲᠦᠷᠦᠯ ᠤᠨ ᠪᠠᠶᠢᠴᠠᠭᠠᠯᠳᠠ ᠶᠢ ᠬᠢᠬᠦ ᠬᠡᠷᠡᠭᠳᠡᠢ᠃ 6 ᠲᠦᠷᠦᠯ ᠨᠢ ︽O︾ ᠪᠠᠶᠢᠪᠠᠯ ᠂ ᠤᠨᠴᠠ ᠠᠩᠬᠠᠷᠤᠯ ᠲᠠᠯᠪᠢᠵᠦ᠂ ᠰᠢᠬᠢᠷ ᠰᠢᠵᠢᠩ ᠡᠪᠡᠳᠴᠢᠨ ᠤ ᠪᠠᠶᠢᠴᠠᠭᠠᠯᠳᠠ ᠶᠢ ᠵᠠᠪᠠᠯ ᠬᠢᠬᠦ ᠬᠡᠷᠡᠭᠳᠡᠢ᠃ ᠰᠢᠬᠢᠷ ᠰᠢᠵᠢᠩ ᠡᠪᠡᠳᠴᠢᠨ ᠤ ᠡᠬᠢᠨ ᠤ ᠬᠤᠭᠤᠴᠠᠭᠠᠨ ᠳᠤ᠂ ᠤᠯᠠᠩᠬᠢ ᠬᠦᠮᠦᠰ ᠳᠡᠮᠡᠢ ᠰᠠᠨᠠᠭᠠᠨ ᠳᠠᠭᠠᠨ ᠠᠪᠳᠠᠭ ᠦᠭᠡᠢ᠂ ᠬᠡᠷᠪᠡ ᠪᠤᠯᠤᠯᠴᠠᠭ᠎ᠠ ᠲᠠᠢ ᠪᠠᠶᠢᠪᠠᠯ᠂ ᠵᠢᠯ ᠪᠦᠷᠢ ᠨᠢᠭᠡ ᠤᠳᠠᠭ᠎ᠠ ᠰᠢᠬᠢᠷ ᠰᠢᠵᠢᠩ ᠡᠪᠡᠳᠴᠢᠨ ᠤ ᠪᠠᠶᠢᠴᠠᠭᠠᠯᠳᠠ ᠬᠢᠪᠡᠯ ᠲᠠᠭᠠᠷᠠᠨ᠎ᠠ᠃    
 
ᠢᠷᠡᠯᠲᠡ᠄ ᠠᠯᠠᠱᠨ ᠵᠡᠬᠦᠨ ᠬᠤᠰᠢᠭᠤᠨ ᠤ ᠠᠷᠠᠳ ᠤᠨ ᠵᠠᠰᠠᠭ ᠤᠨ ᠤᠷᠲᠦᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号