10 ᠰᠠᠷ᠎ᠠ ᠶᠢᠨ 19 ᠤ ᠡᠳᠦᠷ ᠤᠨ ᠦᠳᠡ ᠶᠢᠨ ᠡᠮᠦᠨ᠎ᠡ᠂ ᠡᠵᠡᠨ᠎ᠡ ᠬᠤᠰᠢᠭᠤ ᠰᠢᠨ᠎ᠡ ᠲᠢᠳᠢᠮᠯᠢᠭ | ᠠᠭᠤᠰᠬᠢᠨ ᠦᠷᠪᠢᠰᠦᠯ ᠤᠨ ᠬᠢᠵᠢᠭ ᠢ ᠰᠡᠷᠭᠡᠶᠢᠯᠡᠨ ᠡᠵᠡᠮᠳᠡᠬᠦ ᠠᠵᠢᠯ ᠤᠨ ᠰᠤᠨᠢᠨ ᠮᠡᠳᠡᠭᠡ ᠨᠡᠶᠢᠳᠡᠯᠡᠬᠦ ᠬᠤᠷᠠᠯ | ᠬᠤᠷᠠᠯᠳᠤᠭᠤᠯᠵᠤ᠂ ᠪᠦᠬᠦ ᠬᠤᠰᠢᠭᠤᠨ ᠤ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠬᠢᠵᠢᠭ ᠢ ᠰᠡᠷᠭᠡᠶᠢᠯᠡᠨ | ᠡᠵᠡᠮᠳᠡᠵᠤ ᠪᠠᠶᠢᠭ᠎ᠠ ᠪᠠᠶᠢᠳᠠᠯ ᠪᠤᠯᠤᠨ ᠬᠢᠵᠢᠭ ᠤᠨ ᠰᠡᠷᠭᠡᠶᠢᠯᠡᠯᠳᠡ ᠶᠢᠨ ᠪᠠᠴᠢᠮ ᠪᠠᠶᠢᠳᠠᠯ ᠢ ᠠᠷᠭᠠᠴᠠᠭᠠᠬᠤ | ᠲᠦᠰᠦᠪ ᠤᠨ ᠬᠡᠷᠡᠭᠵᠢᠭᠦᠯᠦᠯᠳᠡ ᠶᠢᠨ ᠪᠠᠶᠢᠳᠠᠯ ᠢ ᠰᠤᠨᠢᠨ ᠮᠡᠳᠡᠭᠡ ᠵᠠᠭᠤᠴᠢᠯᠠᠭᠤᠷ ᠢᠶᠠᠷ ᠲᠠᠮᠵᠢᠭᠤᠯᠤᠨ ᠨᠡᠶᠢᠬᠡᠮ | ᠨᠡᠶᠢᠳᠡ ᠳᠤ ᠨᠡᠶᠢᠳᠡᠯᠡᠭᠰᠡᠨ ᠪᠠᠶᠢᠨ᠎ᠠ᠃ | ᠡᠵᠡᠨ᠎ᠡ ᠬᠤᠰᠢᠭᠤᠨ ᠤ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ | ᠡᠵᠡᠮᠳᠡᠬᠦ ᠠᠵᠢᠯ ᠤᠨ ᠵᠢᠯᠤᠭᠤᠳᠬᠤ ᠭᠠᠵᠠᠷ ᠤᠨ ᠪᠠᠢᠴᠠᠭᠠᠯᠳᠠ ᠪᠠᠷ ᠲᠠᠮᠵᠢᠨ ᠶᠡᠨ ᠤᠪᠤᠬᠳᠤ ᠵᠡᠷᠭᠡ 8 ᠬᠦᠮᠦᠨ | 10 ᠰᠠᠷ᠎ᠠ ᠶᠢᠨ 11 ᠤ ᠡᠳᠦᠷ ᠤᠨ 15 ᠴᠠᠬ ᠠᠴᠠ 10 ᠰᠠᠷ᠎ᠠ ᠶᠢᠨ 14 ᠤ ᠡᠳᠦᠷ ᠤᠨ 9 ᠴᠠᠭ ᠪᠤᠯᠳᠠᠯ᠎ᠠ | ᠡᠵᠡᠨ᠎ᠡ ᠬᠤᠰᠢᠭᠤᠨ ᠳᠤ ᠠᠶᠠᠯᠠᠨ ᠵᠤᠭᠠᠴᠠᠵᠤ᠂ 3 ᠦᠵᠡᠮᠵᠢ ᠶᠢᠨ ᠤᠷᠤᠨ᠂ 1 ᠬᠤᠷᠢᠶᠠᠯᠠᠯ᠂ 4 ᠬᠤᠭᠤᠯᠠᠨ ᠭᠡᠷ᠂ | 1 ᠪᠦᠬᠡᠮ ᠬᠦᠴᠢᠯ ᠤᠨ ᠰᠢᠯᠭᠠᠨ ᠪᠠᠶᠢᠴᠠᠭᠠᠯᠳᠠ ᠶᠢᠨ ᠴᠢᠭ ᠢᠶᠠᠷ ᠠᠶᠠᠯᠠᠬᠰᠠᠨ ᠠᠵᠢᠯᠯᠠᠭᠠᠨ ᠤ ᠵᠠᠮ ᠮᠦᠷ ᠢ | ᠪᠠᠶᠢᠴᠠᠭᠠᠨ ᠤᠯᠪᠠ᠃ ᠲᠡᠭᠡᠨᠷᠡᠬᠢ 8 ᠬᠦᠮᠦᠨ ᠡᠵᠡᠨ᠎ᠡ ᠬᠤᠰᠢᠭᠤᠨ ᠳᠤ ᠢᠷᠡᠵᠤ ᠲᠤᠭᠤᠷᠢᠨ ᠵᠤᠭᠠᠴᠠᠵᠤ | ᠠᠶᠠᠯᠠᠬᠰᠠᠨ ᠭᠠᠵᠠᠷ ᠨᠢ ᠭᠤᠤᠯᠳᠠᠭᠤ ᠬᠠᠴᠢᠨ ᠤᠢ ᠶᠢᠨ ᠦᠵᠡᠮᠵᠢ ᠶᠢᠨ ᠤᠷᠤᠨ᠂ ᠬᠠᠷ᠎ᠠ ᠬᠤᠳᠠ ᠶᠢᠨ ᠬᠠᠷ᠎ᠠ | ᠭᠤᠤᠯ ᠤᠨ ᠲᠤᠤᠷᠠᠢ ᠶᠢᠨ ᠦᠵᠡᠮᠵᠢ ᠶᠢᠨ ᠤᠷᠤᠨ᠂ ᠡᠯᠡᠰᠦ ᠮᠠᠩᠬᠠᠨ ᠤ ᠨᠡᠭᠦᠳᠡᠯ ᠦᠷᠳᠡᠭᠡ ᠶᠢᠨ ᠰᠠᠭᠤᠭᠠᠯᠢ | ᠠᠷᠠᠳ ᠤᠨ ᠤᠷᠤᠨ ᠰᠠᠭᠤᠴᠠ ︵ᠶᠠᠩ ᠭᠤᠸᠠᠩ ᠬᠤᠷᠢᠶᠠᠯᠠᠯ ᠤᠨ ᠵᠡᠭᠦᠨ ᠲᠠᠯ᠎ᠠ ᠶᠢᠨ ᠬᠤᠶᠠᠷ ᠲᠠᠪᠬᠤᠷ ᠠᠰᠠᠷ ᠤᠨ | ᠬᠤᠶᠢᠳᠤ ᠲᠠᠯ᠎ᠠ ᠶᠢᠨ ᠵᠡᠭᠦᠨ ᠲᠠᠯ᠎ᠠ ᠶᠢᠨ ᠦᠷᠦᠭᠡ︶᠂ ᠰᠢᠤᠸᠠᠢ ᠹᠦ᠋ ᠵᠠᠮ ᠤᠨ ᠲᠤᠤᠷᠠᠢ ᠤᠢ ᠶᠢᠨ ᠪᠢᠴᠢᠬᠠᠨ | ᠲᠤᠭᠤᠭᠠᠴᠢ ᠬᠤᠭᠤᠯᠠᠨ ᠭᠡᠷ᠂ ᠰᠢᠤᠸᠧ ᠹᠦ᠋ ᠵᠠᠮ ᠤᠨ ᠲᠦᠩ ᠨᠠᠨ ᠭᠧ ᠬᠤᠭᠤᠯᠠᠨ ᠭᠡᠷ᠂ ᠰᠤᠪᠨᠠᠭᠤᠷ ᠤᠨ | ᠦᠵᠡᠮᠵᠢ ᠶᠢᠨ ᠤᠷᠤᠨ᠂ ᠮᠠ ᠤᠪᠤᠬᠳᠤ ᠶᠢᠨ ᠯᠠᠨᠵᠸᠤ ᠶᠢᠨ ᠰᠤᠩᠭᠠᠭᠠᠬᠰᠠᠨ ᠭᠤᠯᠢᠷ ᠤᠨ ᠬᠤᠭᠤᠯᠠᠨ ᠭᠡᠷ᠂ | ᠲᠤᠤᠷᠠᠢ ᠪᠠᠭᠤᠳᠠᠯ ᠤᠨ ᠮᠠᠰᠢᠨ ᠲᠡᠷᠭᠡᠨ ᠵᠤᠬᠰᠤᠭᠠᠯ ᠤᠨ ᠲᠠᠯᠠᠪᠠᠢ᠂ ᠨᠢᠭᠡᠳᠦᠭᠡᠷ ᠬᠦᠬᠦᠷᠭᠡ ᠶᠢᠨ ᠲᠤᠤᠷᠠᠢ ᠶᠢᠨ | ᠤᠢ ᠶᠢᠨ ᠦᠵᠡᠮᠵᠢ ᠶᠢᠨ ᠤᠷᠤᠨ᠂ ᠯᠢᠩ ᠲᠸᠤ ᠶᠠᠩ ᠮᠤᠩᠭᠤᠯ ᠬᠤᠭᠤᠯᠠ ᠮᠠᠯ ᠤᠨ ᠰᠡᠭᠡᠷ ᠨᠢᠷᠤᠭᠤᠨ ᠤ ᠶᠠᠰᠤ ᠲᠠᠢ | ᠬᠠᠯᠠᠭᠤᠨ ᠲᠤᠭᠤᠭᠠᠨ ᠤ ᠬᠤᠭᠤᠯᠠᠨ ᠭᠡᠷ ︵ᠰᠢᠤᠸᠠᠢ ᠹᠦ᠋ ᠬᠤᠷᠢᠶᠠᠯᠠᠯ ᠤᠨ ᠬᠤᠶᠢᠳᠤ ᠲᠠᠯ᠎ᠠ ᠶᠢᠨ ᠬᠤᠳᠠᠯᠳᠤᠭᠠᠨ ᠤ | ᠡᠷᠦᠬᠡ︶᠂ ᠡᠵᠡᠨ᠎ᠡ ᠬᠤᠰᠢᠭᠤᠨ ᠤ ᠠᠷᠠᠳ ᠤᠨ ᠡᠮᠨᠡᠯᠭᠡ ᠶᠢᠨ ᠬᠤᠷᠢᠶ᠎ᠠ ᠪᠠᠷ ᠶᠠᠪᠤᠬᠰᠠᠨ ᠪᠠᠶᠢᠨ᠎ᠠ᠃ ᠬᠢᠵᠢᠭ | ᠡᠪᠡᠳᠴᠢᠨ ᠤ ᠰᠤᠳᠤᠯᠤᠯ ᠤᠨ ᠪᠠᠶᠢᠴᠠᠭᠠᠯᠳᠠ ᠪᠠ ᠪᠦᠭᠡᠮ ᠬᠦᠴᠢᠯ ᠤᠨ ᠰᠢᠯᠭᠠᠨ ᠪᠠᠶᠢᠴᠠᠭᠠᠯᠳᠠ ᠬᠢᠬᠦ ᠪᠠᠷ ᠲᠠᠮᠵᠢᠨ | ᠦᠪᠡᠷᠳᠡᠭᠡᠨ ᠵᠠᠰᠠᠬᠤ ᠤᠷᠤᠨ ᠤ ᠡᠮᠴᠢᠯᠡᠭᠡᠨ ᠤ ᠲᠤᠰᠬᠠᠢ ᠮᠡᠷᠭᠡᠵᠢᠯᠳᠡᠨ ᠤ ᠤᠨᠤᠰᠢᠯᠠᠯᠳᠠ ᠪᠠᠷ ᠰᠢᠨ᠎ᠡ ᠲᠢᠳᠢᠮᠯᠢᠭ | ᠠᠭᠤᠰᠬᠢᠨ ᠦᠷᠪᠢᠰᠦᠯ ᠢᠶᠠᠷ ᠤᠨᠤᠰᠢᠯᠠᠬᠳᠠᠬᠰᠠᠨ 5 ᠡᠪᠡᠳᠴᠢᠳᠡᠨ ᠢ ᠲᠤᠳᠤᠯᠠᠵᠤ᠂ ᠡᠭᠦᠨ ᠤ ᠬᠠᠮᠳᠤ ᠪᠠᠰᠠ ᠰᠢᠨ᠎ᠡ | ᠲᠢᠳᠢᠮᠯᠢᠭ ᠸᠢᠷᠦ᠋ᠰ ᠤᠨ ᠪᠦᠬᠡᠮ ᠬᠦᠴᠢᠯ ᠤᠨ ᠠᠩᠬᠠᠨ ᠤ ᠰᠢᠭᠰᠢᠨ ᠪᠠᠶᠢᠴᠠᠭᠠᠯᠳᠠ ᠳᠤ ᠠᠷᠭ᠎ᠠ ᠴᠢᠨᠠᠷ ᠢᠯᠡᠷᠡᠭᠰᠡᠨ | 2 ᠬᠦᠮᠦᠨ ᠢ ᠶᠠᠭ ᠲᠠᠬᠢ ᠬᠢᠨᠠᠨ ᠬᠠᠷᠭᠤᠭᠤᠯᠵᠤ ᠪᠠᠶᠢᠨ᠎ᠠ᠃ ᠲᠡᠭᠡᠷᠡᠬᠢ 7 ᠬᠦᠮᠦᠨ ᠢ ᠪᠦᠬᠦᠨ ᠢ ᠲᠤᠬᠳᠠᠬᠰᠠᠨ | ᠡᠮᠨᠡᠯᠭᠡ ᠶᠢᠨ ᠬᠤᠷᠢᠶᠠᠨ ᠳᠤ ᠬᠦᠷᠭᠡᠵᠤ ᠲᠤᠰᠠᠭᠠᠷᠯᠠᠨ ᠡᠮᠨᠡᠬᠦ ᠪᠠ ᠠᠵᠢᠬᠯᠠᠵᠤ᠂ ᠬᠤᠯᠪᠤᠬᠳᠠᠯ ᠪᠦᠬᠦᠢ ᠰᠢᠭᠰᠢᠨ | ᠪᠠᠶᠢᠴᠠᠭᠠᠬᠤ ᠪᠠ ᠬᠠᠮᠢᠶᠠᠷᠤᠨ ᠡᠵᠡᠮᠳᠡᠬᠦ ᠠᠵᠢᠯ ᠢ ᠶᠠᠭ ᠭᠦᠨᠵᠡᠭᠡᠶᠢᠷᠡᠭᠦᠯᠦᠨ ᠠᠬᠢᠭᠤᠯᠵᠤ ᠪᠠᠶᠢᠨ᠎ᠠ᠃ ᠲᠤᠰᠬᠠᠢ | ᠮᠡᠷᠭᠡᠵᠢᠯᠳᠡᠨ ᠤ ᠤᠨᠤᠰᠢᠯᠠᠬᠰᠠᠨ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠬᠢᠵᠢᠭ ᠲᠤ ᠨᠡᠷᠪᠡᠭᠳᠡᠭᠰᠡᠨ 5 | ᠬᠦᠮᠦᠨ ᠠᠴᠠ 1 ᠬᠦᠮᠦᠨ ᠨᠢ ᠬᠦᠩᠬᠡᠨ ᠬᠡᠯᠪᠡᠷᠢ᠂ 4 ᠬᠦᠮᠦᠨ ᠨᠢ ᠡᠩ ᠤᠨ ᠬᠡᠯᠪᠡᠷᠢ ᠶᠢᠨ ᠪᠠᠶᠢᠵᠤ᠂ ᠤᠯᠤᠰ᠂ | ᠦᠪᠡᠷᠳᠡᠭᠡᠨ ᠵᠠᠰᠠᠬᠤ ᠤᠷᠤᠨ ᠤ ᠡᠮᠴᠢᠯᠡᠭᠡᠨ ᠤ ᠲᠤᠰᠬᠠᠢ ᠮᠡᠷᠭᠡᠵᠢᠯᠳᠡᠨ ᠨᠢᠭᠡᠨᠳᠡ ᠡᠵᠡᠨ᠎ᠡ ᠬᠤᠰᠢᠭᠤᠨ ᠳᠤ ᠢᠷᠡᠵᠤ᠂ | ᠡᠮᠴᠢᠯᠡᠬᠦ ᠠᠵᠢᠯ ᠳᠤ ᠵᠢᠭᠠᠨ ᠵᠢᠯᠤᠭᠤᠳᠤᠯᠭ᠎ᠠ ᠬᠢᠵᠤ ᠪᠠᠶᠢᠨ᠎ᠠ᠃ | ᠡᠵᠡᠨ᠎ᠡ ᠬᠤᠰᠢᠭᠤ ᠨᠢ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠬᠠᠮᠤᠭ ᠪᠠᠷᠠᠭᠤᠨ | ᠬᠡᠰᠡᠭ ᠲᠤ ᠪᠠᠶᠢᠷᠢᠯᠠᠵᠤ᠂ ᠪᠦᠬᠦ ᠬᠤᠰᠢᠭᠤᠨ ᠤ ᠲᠠᠯᠠᠪᠠᠢ 11.46 ᠲᠦᠮᠡᠨ ᠬᠠᠪᠳᠠᠭᠠᠢ ᠲᠦᠷᠪᠡᠯᠵᠢᠨ | ᠺᠢᠯᠦᠮᠧᠲᠷ ᠲᠤ ᠬᠦᠷᠴᠦ᠂ 3.2 ᠲᠦᠮᠡᠨ ᠬᠦᠮᠦᠨ ᠠᠮᠠ ᠲᠠᠢ᠃ ᠠᠯᠠᠱᠠ ᠠᠶᠢᠮᠠᠬ ᠤᠨ ᠲᠦᠪ ᠪᠠᠶᠠᠨᠬᠤᠳᠠ ᠠᠴᠠ | 653 ᠺᠢᠯᠤᠮᠧᠲᠷ ᠵᠠᠶᠢᠳᠠᠢ᠂ ᠦᠪᠡᠷᠳᠡᠭᠡᠨ ᠵᠠᠰᠠᠬᠤ ᠤᠷᠤᠨ ᠤ ᠲᠦᠪ ᠬᠦᠬᠡᠬᠤᠳᠠ ᠠᠴᠠ 1062 ᠺᠢᠯᠤᠮᠧᠲᠷ | ᠵᠠᠶᠢᠳᠠᠢ ᠪᠠᠶᠢᠵᠤ᠂ ᠤᠳᠤᠬᠠᠨ ᠳᠤ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ | ᠰᠡᠷᠭᠡᠶᠢᠯᠡᠨ ᠡᠵᠡᠮᠳᠡᠬᠦ ᠳᠤ ᠬᠡᠷᠡᠭᠰᠡᠬᠦ ᠪᠤᠳᠠᠰ ᠢ ᠬᠦᠮᠦᠷᠭᠡᠯᠡᠬᠦ ᠪᠠ ᠵᠦᠭᠡᠭᠡᠪᠦᠷᠢᠯᠡᠬᠦ ᠠᠵᠢᠯ ᠤᠨ ᠲᠠᠯ᠎ᠠ ᠪᠠᠷ ᠪᠦᠷᠢᠨ | ᠪᠡᠯᠡᠳᠭᠡᠯ ᠬᠢᠵᠡᠢ᠃ | ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠡᠭᠦᠰᠦᠭᠰᠡᠨ ᠤ ᠲᠠᠷᠠᠭ᠎ᠠ ᠡᠵᠡᠨ᠎ᠡ | ᠬᠤᠰᠢᠭᠤ 4 ᠲᠡᠰ ᠤᠨ ᠪᠠᠴᠢᠮ ᠠᠷᠭᠠᠴᠠᠭᠠᠬᠤ ᠲᠤᠬᠳᠠᠯᠴᠠᠭ᠎ᠠ ᠶᠢ ᠬᠡᠷᠡᠭᠵᠢᠭᠦᠯᠵᠤ᠂ ᠲᠠᠷᠤᠢ ᠲᠦᠷᠭᠡᠨ ᠡᠵᠡᠨ᠎ᠡ | ᠬᠤᠰᠢᠭᠤᠨ ᠳᠤ ᠤᠷᠤᠵᠤ ᠭᠠᠷᠬᠤ ᠵᠠᠮ ᠱᠤᠭᠤᠮ ᠳᠤ ᠬᠠᠮᠢᠶᠠᠷᠤᠯᠳᠠ ᠬᠢᠵᠤ᠂ ᠴᠡᠭᠡ ᠪᠤᠭᠤᠮᠳᠠ ᠪᠠᠷ ᠤᠷᠤᠵᠤ | ᠭᠠᠷᠬᠤ ᠶᠢ ᠵᠤᠬᠰᠤᠭᠠᠵᠤ᠂ ᠬᠦᠬᠡᠬᠤᠳᠠ ᠠᠴᠠ ᠡᠵᠡᠨ᠎ᠡ ᠬᠦᠷᠬᠦ K7911 ᠭᠠᠯᠳᠤ ᠲᠡᠷᠭᠡ ᠪᠤᠯᠤᠨ K7912 | ᠭᠠᠯᠳᠤ ᠲᠡᠷᠭᠡ ᠶᠢ ᠵᠤᠬᠰᠤᠭᠠᠵᠤ᠂ ᠪᠤᠢ ᠪᠦᠬᠦᠢ ᠦᠵᠡᠮᠵᠢ ᠶᠢᠨ ᠤᠷᠤᠨ᠂ ᠤᠯᠠᠨ ᠨᠡᠶᠢᠳᠡ ᠶᠢᠨ ᠲᠠᠯᠠᠪᠠᠢ ᠵᠢᠴᠢ | ᠤᠯᠠᠨ ᠨᠡᠶᠢᠳᠡ ᠶᠢᠨ ᠵᠠᠮ ᠬᠠᠷᠢᠯᠴᠠᠭᠠᠨ ᠤ ᠡᠵᠡᠩᠨᠡᠯᠳᠡ ᠪᠤᠯᠤᠨ ᠡᠯ᠎ᠡ ᠰᠤᠷᠭᠠᠭᠤᠯᠢ ᠶᠢᠨ ᠬᠢᠴᠢᠶᠡᠯ ᠤᠷᠤᠬᠤ ᠶᠢ | ᠵᠤᠬᠰᠤᠭᠠᠵᠤ᠂ ᠭᠤᠤᠯᠳᠠᠯᠠᠭ᠎ᠠ ᠴᠢᠭ ᠤᠷᠤᠨ ᠢ ᠪᠢᠳᠡᠭᠦᠮᠵᠢᠯᠡᠨ ᠬᠠᠮᠢᠶᠠᠷᠴᠤ ᠡᠬᠢᠯᠡᠵᠡᠢ᠃ ᠡᠭᠦᠨ ᠤ ᠬᠠᠮᠳᠤ | ᠬᠦᠳᠡᠯᠦᠩᠭᠦᠢ ᠵᠤᠬᠢᠴᠠᠭᠤᠯᠤᠨ ᠬᠠᠮᠢᠶᠠᠷᠬᠤ ᠠᠵᠢᠯ ᠢ ᠲᠠᠷᠤᠢ ᠲᠦᠷᠭᠡᠨ ᠡᠬᠢᠯᠡᠭᠦᠯᠵᠤ᠂ ᠤᠳᠤᠬᠠᠨ ᠳᠤ ᠨᠢᠬᠳᠠ | ᠦᠢᠷᠠᠳᠤᠬᠰᠠᠳ 197 ᠬᠦᠮᠦᠨ᠂ ᠤᠳᠠᠭ᠎ᠠ ᠪᠦᠷᠢ ᠦᠢᠷᠠᠳᠤᠬᠰᠠᠳ 85 ᠬᠦᠮᠦᠨ ᠢ ᠪᠠᠶᠢᠴᠠᠭᠠᠵᠤ ᠤᠯᠪᠠ᠃ | ᠪᠦᠬᠡᠮ ᠬᠦᠴᠢᠯ ᠤᠨ ᠰᠢᠯᠭᠠᠨ ᠪᠠᠶᠢᠴᠠᠭᠠᠯᠳᠠ ᠶᠢᠨ ᠠᠵᠢᠯ ᠢ ᠡᠬᠢᠯᠡᠭᠦᠯᠵᠤ᠂ ᠪᠦᠬᠡᠮ ᠬᠦᠴᠢᠯ ᠤᠨ ᠰᠢᠯᠭᠠᠨ | ᠪᠠᠶᠢᠴᠠᠭᠠᠯᠳᠠ ᠶᠢᠨ ᠬᠡᠪ ᠠᠪᠬᠤ 12 ᠴᠢᠭ ᠭᠠᠷᠭᠠᠵᠤ᠂ ᠰᠢᠯᠭᠠᠨ ᠪᠠᠶᠢᠴᠠᠭᠠᠯᠳᠠ ᠶᠢᠨ ᠡᠮᠴᠢ ᠠᠵᠢᠯᠳᠠᠨ ᠢ | ᠵᠤᠬᠢᠴᠠᠭᠤᠯᠤᠨ ᠲᠤᠬᠢᠷᠠᠭᠤᠯᠵᠤ᠂ ᠪᠦᠬᠦ ᠠᠷᠠᠳ ᠤᠨ ᠪᠦᠬᠡᠮ ᠬᠦᠴᠢᠯ ᠤᠨ ᠰᠢᠯᠭᠠᠨ ᠪᠠᠶᠢᠴᠠᠭᠠᠯᠳᠠ ᠬᠢᠬᠦ ᠠᠵᠢᠯ ᠢ | ᠡᠮᠬᠢ ᠴᠡᠭᠴᠡ ᠲᠠᠢ ᠦᠷᠨᠢᠭᠦᠯᠵᠤ᠂ ᠨᠢᠭᠡᠨᠳᠡ ᠪᠠᠶᠢᠴᠠᠭᠠᠨ ᠤᠯᠤᠬᠰᠠᠨ ᠨᠢᠬᠳᠠ ᠦᠢᠷᠠᠳᠤᠬᠰᠠᠳ᠂ ᠤᠳᠠᠭ᠎ᠠ ᠪᠦᠷᠢ | ᠦᠢᠷᠠᠳᠤᠬᠰᠠᠳ ᠢ ᠲᠡᠷᠡ ᠳᠤᠤᠷ᠎ᠠ ᠨᠢ ᠲᠦᠪᠯᠡᠷᠡᠭᠦᠯᠦᠨ ᠲᠤᠰᠠᠭᠠᠷᠯᠠᠬᠤ ᠭᠠᠵᠠᠷ ᠲᠤ ᠬᠦᠷᠭᠡᠪᠠ᠃ | ᠤᠳᠤᠬᠠᠠᠨ ᠳᠤ᠂ ᠦᠪᠡᠷᠳᠡᠭᠡᠨ ᠵᠠᠰᠠᠬᠤ ᠤᠷᠤᠨ᠂ ᠠᠶᠢᠮᠠᠭ ᠵᠢᠴᠢ ᠬᠦᠷᠰᠢ ᠵᠡᠷᠭᠡᠯᠡᠳᠡᠭᠡ ᠬᠤᠰᠢᠭᠤ | ᠰᠢᠶᠡᠨ ᠤ ᠬᠢᠨ ᠡᠮᠴᠢ ᠠᠵᠢᠯᠳᠠᠨ᠂ ᠮᠡᠷᠭᠡᠵᠢᠯᠳᠡᠨ᠂ ᠪᠠᠴᠢᠮ ᠠᠪᠤᠷᠠᠯᠳᠠ ᠶᠢᠨ ᠲᠤᠰᠠᠯᠠᠬᠤ ᠠᠩᠬᠢ ᠶᠢ ᠵᠤᠬᠢᠶᠠᠨ | ᠪᠠᠶᠢᠭᠤᠯᠤᠨ ᠲᠤᠮᠢᠯᠠᠵᠤ᠂ ᠡᠵᠡᠨ᠎ᠡ ᠬᠤᠰᠢᠭᠤᠨ ᠤ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠬᠢᠵᠢᠭ ᠤᠨ | ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠢ ᠪᠦᠬᠦ ᠬᠦᠴᠦᠨ ᠢᠶᠠᠷ ᠬᠠᠪᠰᠤᠷᠤᠨ ᠲᠤᠰᠠᠯᠠᠵᠤ ᠪᠠᠶᠢᠨ᠎ᠠ᠃ ᠡᠭᠦᠨ ᠠᠴᠠ | ᠭᠠᠳᠠᠨ᠎ᠠ ᠡᠵᠡᠨ᠎ᠡ ᠬᠤᠰᠢᠭᠤ ᠪᠤᠳᠠᠰ ᠤᠨ ᠬᠡᠷᠡᠭᠯᠡᠭᠡᠨ ᠤ ᠬᠠᠩᠭᠠᠯᠭ᠎ᠠ ᠪᠤᠯᠤᠨ ᠵᠦᠭᠡᠭᠡᠪᠦᠷᠢᠯᠡᠬᠦ ᠠᠵᠢᠯ ᠤᠨ ᠪᠦᠷᠢᠨ | ᠪᠡᠯᠡᠳᠭᠡᠵᠤ᠂ ᠠᠮᠢᠳᠤᠷᠠᠯ ᠤᠨ ᠪᠤᠳᠠᠰ ᠪᠤᠯᠤᠨ ᠡᠮᠴᠢᠯᠡᠭᠡ᠂ ᠬᠢᠵᠢᠭ ᠢ ᠰᠡᠷᠭᠡᠶᠢᠯᠡᠨ ᠡᠵᠡᠮᠳᠡᠬᠦ ᠪᠤᠳᠠᠰ ᠤᠨ ᠨᠦᠭᠡᠴᠡ | ᠭᠦᠢᠴᠡᠳ ᠪᠤᠯᠤᠬᠰᠠᠨ ᠪᠠᠶᠢᠨ᠎ᠠ᠃ |