ᠬᠦᠳᠡᠭᠡ ᠬᠡᠬᠡᠷ᠎ᠡ ᠠᠮᠢᠳᠠᠨ ᠤ ᠦᠬᠦᠳᠡᠯ ᠢ ᠪᠤᠬᠢᠷᠳᠤᠯ ᠦᠬᠡᠢ ᠰᠢᠢᠳᠪᠤᠷᠢᠯᠠᠬᠦ ᠳᠤ ᠤᠯᠠᠩᠬᠢ ᠳᠠᠭᠠᠨ ᠰᠢᠭᠤᠳ | ᠪᠤᠯᠠᠬᠤ ᠠᠷᠭ᠎ᠠ ᠪᠠ ᠰᠢᠲᠠᠭᠠᠬᠤ ᠠᠷᠭ᠎ᠠ ᠶᠢ ᠬᠡᠷᠡᠭᠯᠡᠳᠡᠭ᠃ | ᠨᠢᠬᠡ᠂ ᠰᠢᠭᠤᠳ ᠪᠤᠯᠠᠬᠤ ᠠᠷᠭ᠎ᠠ | ⒈ ᠪᠤᠯᠠᠬᠤ ᠭᠠᠵᠠᠷ ᠢ ᠰᠣᠩᠭᠤᠬᠤ ᠳᠤ ᠭᠠᠵᠠᠷ ᠤᠨ ᠪᠠᠶᠢᠴᠠ ᠶᠢ ᠥᠨᠳᠥᠷ ᠬᠠᠭᠤᠷᠠᠶ᠂ ᠰᠠᠯᠬᠢᠨ ᠤ ᠳᠣᠤᠷ᠎ᠠ | ᠲᠠᠯ᠎ᠠ ᠳᠤ ᠪᠠᠶᠢᠯᠭᠠᠬᠤ ᠬᠡᠷᠡᠭᠲᠡᠶ᠃ ᠮᠠᠯ ᠤᠨ ᠫᠧᠩ ᠬᠤᠷᠤᠭ᠎ᠠ᠂ ᠤᠷᠤᠨ ᠰᠠᠭᠤᠴᠠ᠂ ᠤᠰᠤᠨ ᠰᠤᠷᠪᠤᠯᠵᠢ᠂ ᠵᠠᠮ | ᠬᠠᠷᠢᠯᠴᠠᠭ᠎ᠠ ᠵᠡᠷᠭᠡ ᠦᠢᠯᠡᠳᠪᠤᠷᠢᠯᠠᠯ ᠠᠮᠢᠳᠤᠷᠠᠯ ᠤᠨ ᠲᠠᠯᠠᠪᠤᠷ ᠠᠴᠠ ᠬᠤᠯᠠ ᠪᠠᠶᠢᠯᠭᠠᠬᠤ ᠬᠡᠷᠡᠭᠲᠡᠶ᠃ | ⒉ ᠪᠤᠯᠠᠬᠤ ᠨᠦᠬᠡ ᠶᠢᠨ ᠪᠠᠭᠲᠠᠭᠠᠮᠵᠢ ᠶᠢ ᠠᠮᠢᠲᠠᠨ ᠤ ᠦᠬᠦᠳᠡᠯ ᠵᠢᠴᠢ ᠲᠤᠭ᠎ᠠ ᠬᠡᠮᠵᠢᠶ᠎ᠡ ᠶᠢ ᠦᠨᠳᠦᠰᠦᠯᠡᠨ | ᠮᠠᠯᠳᠠᠨ᠎ᠠ᠃ ᠨᠦᠬᠡᠨ ᠤ ᠢᠷᠣᠭᠠᠷ ᠤᠨ ᠬᠡᠰᠡᠭ ᠢ ᠭᠠᠵᠠᠷ ᠳᠣᠣᠷᠠᠬᠢ ᠤᠰᠤᠨ ᠲᠦᠪᠰᠢᠨ ᠠᠴᠠ 1. 5m ᠠᠴᠠ | ᠳᠡᠭᠡᠭᠰᠢ ᠪᠠᠶᠢᠯᠭᠠᠵᠤ᠂ ᠳᠤᠷᠤᠭᠰᠢ ᠨᠡᠪᠴᠢᠬᠦ ᠶᠢ ᠰᠠᠶᠢᠳᠤᠷ ᠰᠡᠷᠭᠡᠶᠢᠯᠡᠬᠦ ᠬᠡᠷᠡᠭᠲᠡᠶ᠃ | ⒊ ᠨᠦᠬᠡᠨ ᠤ ᠢᠷᠣᠭᠠᠷ ᠲᠤ 2 ~ 5cm ᠵᠤᠵᠠᠭᠠᠨ ᠲᠦᠭᠦᠬᠡᠶ ᠴᠣᠬᠤᠢ ᠪᠤᠶᠤ ᠴᠠᠶᠢᠷᠠᠭᠤᠯᠬᠤ ᠨᠤᠨᠲᠠᠭ | ᠵᠡᠷᠭᠡ ᠠᠷᠢᠭᠤᠳᠬᠠᠬᠤ ᠡᠮ ᠰᠠᠴᠤᠵᠤ᠂ ᠪᠤᠯᠠᠵᠤ ᠳᠠᠷᠤᠬᠤ ᠰᠢᠷᠦᠢ ᠶᠢᠨ ᠬᠦᠨ ᠨᠢ 1.2 ᠮᠧᠲᠷ ᠠᠴᠠ ᠪᠠᠭ᠎ᠠ | ᠪᠠᠶᠢᠵᠤ ᠪᠣᠯᠬᠤ ᠥᠬᠡᠶ᠃ | ⒋ ᠬᠡᠳᠦ ᠨᠢᠭᠳᠠ ᠳᠠᠷᠤᠵᠤ ᠪᠤᠯᠠᠵᠤ ᠪᠤᠯᠬᠤ ᠦᠬᠡᠢ᠂ ᠢᠯᠵᠢᠷᠡᠬᠦ ᠠᠴᠠ ᠪᠤᠯᠵᠤ ᠬᠡᠢ ᠪᠡᠶᠡᠳᠦ ᠡᠬᠦᠰᠬᠦ ᠪᠠ | ᠰᠢᠩᠭᠡᠨ ᠪᠡᠶᠡᠲᠦ ᠨᠡᠪᠴᠢᠬᠦ ᠠᠴᠠ ᠰᠡᠷᠭᠡᠶᠢᠯᠡᠨ᠎ᠡ᠃ ᠪᠤᠯᠠᠭᠰᠠᠨ ᠭᠠᠵᠠᠷ ᠲᠤ ᠫᠠᠶᠢᠰᠠ ᠲᠡᠮᠳᠡᠭ ᠳᠠᠯᠪᠢᠵᠦ᠂ ᠲᠣᠭᠲᠠᠮᠠᠯ | ᠬᠤᠭᠤᠴᠠᠭ᠎ᠠ ᠲᠠᠢ ᠪᠠᠷ ᠲᠣᠭᠤᠷᠢᠨ ᠪᠠᠶᠢᠴᠠᠭᠠᠵᠤ᠂ ᠬᠡᠷᠪᠡ ᠴᠦᠮᠦᠷᠡᠵᠤ ᠬᠤᠳᠦ᠋ᠢᠭ᠌ᠰᠠᠨ ᠪᠠᠶᠢᠪᠠᠯ ᠴᠠᠭ ᠲᠤᠬᠠᠶ ᠳᠤᠨᠢ | ᠰᠢᠷᠦᠢ ᠨᠡᠮᠡᠵᠦ ᠰᠡᠯᠪᠢᠬᠦ ᠬᠡᠷᠡᠭᠳᠡᠢ᠃ | ᠬᠤᠶᠠᠷ᠂ ᠰᠢᠲᠠᠭᠠᠬᠤ ᠠᠷᠭ᠎ᠠ | ⒈ ᠭᠠᠵᠠᠷ ᠰᠣᠩᠭᠤᠬᠤ ᠳᠠᠭᠠᠨ ᠭᠡᠷ ᠤᠷᠤᠨ᠂ ᠨᠣᠴᠣᠮᠠᠲᠠᠭᠠᠢ ᠪᠣᠳᠠᠰ᠂ ᠴᠠᠬᠢᠯᠭᠠᠨ ᠤᠳᠠᠰᠤ ᠵᠡᠷᠭᠡ ᠠᠴᠠ | ᠬᠤᠯᠠ ᠪᠠᠶᠢᠬᠤ ᠬᠡᠷᠡᠭᠲᠡᠢ᠂ ᠡᠷᠭᠢᠨ ᠲᠣᠭᠤᠷᠢᠨ ᠳᠤ ᠭᠠᠯ ᠤᠨ ᠠᠶᠤᠯ ᠡᠬᠦᠰᠬᠦ ᠦᠬᠡᠢ ᠪᠠᠶᠢᠬᠤ ᠶᠢ ᠬᠦᠢᠴᠡᠳ | ᠪᠠᠳᠤᠯᠠᠵᠤ᠂ ᠰᠠᠯᠬᠢᠨ ᠤ ᠳᠣᠣᠷ᠎ᠠ ᠲᠠᠯ᠎ᠠ ᠳᠤ ᠪᠠᠶᠢᠷᠢᠯᠠᠭᠤᠯᠬᠤ ᠬᠡᠷᠡᠭᠳᠡᠢ᠃ | ⒉ ᠴᠠᠶᠢᠶ᠋ᠢᠦ ᠲᠤᠰᠤ ᠪᠠᠨ ᠮᠣᠳᠣᠨ ᠲᠦᠯᠡᠭᠡ ᠪᠠ ᠦᠬᠦᠳᠡᠯ ︵ᠴᠢᠶ᠋ᠢᠦ ᠲᠤᠰᠤ ᠬᠡᠷᠡᠭᠯᠡᠵᠦ ᠪᠣᠯᠬᠤ ᠦᠭᠡᠢ︶ | ᠳᠡᠭᠡᠷ᠎ᠡ ᠬᠦᠢᠴᠡᠳ ᠴᠢᠳᠬᠤᠵᠤ᠂ ᠮᠣᠳᠣᠨ ᠰᠢᠳᠠᠮ᠂ ᠪᠦᠰ ᠵᠡᠷᠭᠡ ᠪᠤᠳᠠᠰ ᠢᠶᠠᠷ ᠡᠭᠦᠰᠬᠡᠨ ᠨᠣᠴᠣᠭᠠᠨ᠎ᠠ᠃ ᠮᠠᠯ ᠤᠨ | ᠬᠡᠭᠦᠷ ᠦᠬᠦᠳᠡᠯ ᠢ ᠰᠢᠲᠠᠭᠠᠵᠤ ᠪᠠᠷᠠᠭᠰᠠᠨ ᠤ ᠲᠠᠷᠠᠭ᠎ᠠ ᠦᠨᠡᠰᠦ ᠶᠢ ᠨᠢ ᠰᠠᠶᠢᠳᠤᠷ ᠪᠤᠯᠠᠵᠤ᠂ ᠭᠠᠳᠠᠷᠭᠤ ᠳᠡᠭᠡᠷ᠎ᠡ ᠨᠢ | ᠲᠦᠭᠦᠬᠡᠶ ᠴᠤᠬᠤᠢ ᠪᠤᠶᠤ ᠴᠠᠶᠢᠷᠠᠭᠤᠯᠬᠤ ᠨᠤᠨᠲᠠᠭ ᠰᠠᠴᠤᠵᠤ᠂ ᠫᠠᠶᠢᠰᠠ ᠳᠡᠮᠳᠡᠭ ᠪᠤᠰᠬᠠᠵᠤ᠂ ᠲᠣᠭᠲᠠᠮᠠᠯ | ᠬᠤᠭᠤᠴᠠᠭ᠎ᠠ ᠲᠠᠢ ᠪᠠᠷ ᠪᠠᠶᠢᠴᠠᠭᠠᠨ ᠦᠵᠡᠬᠦ ᠬᠡᠷᠡᠭᠲᠡᠶ᠃ | ᠠᠩᠬᠠᠷᠬᠤ ᠵᠦᠢᠯᠡᠰ᠄ ᠪᠤᠬᠢᠷᠳᠤᠯ ᠦᠬᠡᠢ ᠰᠢᠢᠳᠪᠤᠷᠢᠯᠠᠬᠦ ᠶᠠᠪᠤᠴᠠ ᠳᠤ ᠬᠠᠮᠠᠭᠠᠯᠠᠬᠤ ᠬᠤᠪᠴᠠᠰᠤ᠂ ᠠᠮᠠᠪᠴᠢ᠂ | ᠨᠢᠳᠦ ᠬᠠᠮᠠᠭᠠᠯᠠᠬᠤ ᠰᠢᠯ᠂ ᠭᠤᠮ ᠱᠠᠬᠠᠶ ᠵᠢᠴᠢ ᠪᠡᠭᠡᠯᠡᠶ ᠵᠡᠷᠭᠡ ᠬᠠᠮᠠᠭᠠᠯᠠᠬᠤ ᠬᠡᠷᠡᠭᠰᠡᠯ ᠢ ᠡᠮᠦᠰᠴᠦ ᠵᠡᠬᠦᠪᠡᠯ | ᠵᠤᠬᠢᠨ᠎ᠠ᠃ ᠨᠢᠭᠡ ᠯᠡ ᠤᠳᠠᠭ᠎ᠠ ᠶᠢᠨ ᠴᠢᠨᠠᠷᠲᠠᠶ ᠬᠠᠮᠠᠭᠠᠯᠠᠯᠲᠠ ᠶᠢᠨ ᠬᠡᠷᠡᠭᠰᠡᠯ ᠢ ᠴᠠᠭ ᠳᠤᠬᠠᠢ ᠳᠤ ᠨᠢ | ᠰᠢᠢᠳᠪᠤᠷᠢᠯᠡᠵᠦ᠂ ᠡᠷᠭᠢᠯᠳᠦᠭᠦᠯᠦᠨ ᠬᠡᠷᠡᠭᠯᠡᠬᠦ ᠬᠠᠮᠠᠭᠠᠯᠠᠯᠲᠠ ᠶᠢᠨ ᠬᠡᠷᠡᠭᠰᠡᠯ ᠢ ᠰᠠᠶᠢᠳᠤᠷ ᠠᠷᠢᠭᠤᠳᠬᠠᠯ ᠬᠢᠬᠦ ᠬᠡᠷᠡᠭᠲᠡᠶ᠃ | | |