ᠤᠷᠳᠤ ᠶᠢᠨ ᠳᠠᠭᠤᠤ ᠪᠠᠨ ᠤᠯᠠᠮᠵᠢᠯᠠᠨ ᠬᠤᠪᠢᠰᠬᠠᠯ ᠤᠨ ᠳᠠᠭᠤᠤ ᠶᠢ ᠴᠤᠤᠷᠢᠶᠠᠳᠤᠭᠤᠯᠤᠭᠰᠠᠨ ᠤᠳᠬ᠎ᠠ ᠲᠡᠭᠦᠯᠳᠡᠷ ᠠᠵᠢᠯᠯᠠᠭ᠎ᠠ
ᠨᠡᠶᠢᠲᠡᠯᠡᠭᠰᠡᠨ ᠴᠠᠭ᠄
2021/10/19
        10 ᠰᠠᠷ᠎ᠠ ᠶᠢᠨ 17 ᠤ ᠡᠳᠣᠷ᠂ ᠠᠯᠠᠱᠠ ᠵᠡᠬᠦᠨ ᠬᠤᠰᠢᠭᠤᠨ ᠤ ᠪᠣᠳᠠᠰ ᠤᠨ ᠪᠣᠰᠣ ᠰᠣᠶᠣᠯ ᠤᠨ ᠦᠪ ᠢ ᠣᠯᠠᠮᠵᠢᠯᠠᠨ ᠬᠠᠮᠠᠭᠠᠯᠠᠬᠤ ᠰᠠᠭᠤᠷᠢᠨ ᠭᠠᠵᠠᠷ ᠲᠤ ᠠᠯᠠᠱᠠ ᠠᠶᠢᠮᠠᠭ ᠤᠨ ᠠᠷᠠᠳ ᠤᠨ ᠳᠠᠭᠤᠴᠢᠳ ᠤᠨ       ︽ᠳᠠᠭᠤᠤ ᠶᠢᠨ ᠨᠠᠶᠢᠷ︾ ᠤᠨ ᠭᠠᠯ ᠵᠠᠩᠭᠢᠶ᠎ᠠ ᠳᠠᠮᠵᠢᠭᠤᠯᠬᠤ ᠵᠢᠴᠢ ︽ᠪᠢᠳᠠ ᠡᠪ ᠬᠠᠮᠳᠣ ᠨᠠᠮ ᠢᠶᠠᠨ ᠮᠠᠭᠳᠠᠨ ᠳᠠᠭᠤᠯᠠᠵᠠᠭᠠᠶ᠎ᠠ︾ ᠬᠤᠪᠢᠰᠬᠠᠯ ᠤᠨ ᠳᠠᠭᠤᠤ ᠶᠢᠨ ᠣᠷᠣᠯᠳᠣᠭᠠᠨ ᠤ ᠱᠠᠩᠨᠠᠯ ᠣᠯᠭᠤᠬᠤ ᠶᠣᠰᠣᠯᠠᠯ ᠶᠠᠪᠣᠭᠳᠠᠵᠣ᠂ ᠡᠨᠡ ᠪᠤᠯ ᠠᠯᠠᠱᠠ ᠠᠶᠢᠮᠠᠭ ᠤᠨ ᠠᠷᠠᠳ ᠤᠨ ᠳᠠᠭᠤᠴᠢᠳ ᠤᠨ ᠨᠡᠶᠢᠭᠡᠮᠯᠢᠭ ᠠᠴᠠ ᠣᠷᠳᠣ ᠶᠢᠨ ᠳᠠᠭᠤᠣ ᠪᠠᠨ ᠣᠯᠠᠮᠵᠢᠯᠠᠨ ᠳᠡᠯᠭᠡᠷᠡᠬᠦᠯᠬᠦ ᠡᠬᠦᠳᠡᠨ ᠠᠴᠠ ᠶᠠᠪᠣᠭᠳᠠᠭᠤᠯᠣᠭᠰᠠᠨ ᠠᠵᠢᠯᠯᠠᠭ᠎ᠠ ᠪᠠᠶᠢᠭ᠎ᠠ ᠶᠤᠮ᠃
       ᠶᠣᠰᠣᠯᠠᠯ ᠳᠤ᠂ ᠠᠯᠠᠱᠠ ᠠᠶᠢᠮᠠᠭ ᠤᠨ ᠠᠷᠠᠳ ᠤᠨ ᠳᠠᠭᠤᠴᠢᠳ ᠤᠨ ᠨᠡᠶᠢᠭᠡᠮᠯᠢᠭ ᠤᠨ ᠳᠡᠷᠢᠬᠦᠯᠡᠭᠴᠢ ᠡᠷᠳᠡᠨᠢᠳᠠᠯᠠᠢ ᠠᠴᠠ ᠨᠡᠶᠢᠭᠡᠮᠯᠢᠭ ᠤᠨ ᠳᠡᠭᠡᠷ᠎ᠠ ᠬᠠᠭᠠᠰ ᠵᠢᠯ ᠤᠨ ᠠᠵᠢᠯ ᠤᠨ ᠳ᠋ᠦᠩᠨᠡᠯᠳᠡ ᠬᠢᠵᠣ᠂ ᠠᠷᠠᠳ ᠤᠨ ᠳᠠᠭᠤᠴᠢᠳ ᠲᠠᠭᠠᠨ ᠣᠷᠳᠣ ᠶᠢᠨ ᠳᠠᠭᠤᠣ ᠪᠠᠨ ᠦᠪᠯᠡᠨ ᠬᠠᠮᠠᠭᠠᠯᠠᠬᠤ᠂ ᠣᠯᠠᠮᠵᠢᠯᠠᠨ ᠵᠢᠭᠠᠬᠤ ᠵᠢᠴᠢ ᠳᠡᠯᠭᠡᠷᠡᠬᠦᠯᠣᠨ ᠬᠦᠭᠵᠢᠬᠦᠯᠬᠦ ᠶᠢᠨ ᠣᠳᠬ᠎ᠠ ᠠᠭᠤᠯᠭ᠎ᠠ ᠶᠢ ᠬᠦᠨᠵᠡᠭᠡᠶᠢᠷᠡᠬᠦᠯᠵᠣ ᠶᠠᠷᠢᠯ᠎ᠠ᠃ ᠠᠯᠠᠱᠠ ᠠᠶᠢᠮᠠᠭ ᠤᠨ ᠠᠷᠠᠳ ᠤᠨ ᠳᠠᠭᠤᠴᠢᠳ ᠤᠨ ᠨᠡᠶᠢᠭᠡᠮᠯᠢᠭ ᠨᠢ 2 ᠰᠠᠷ᠎ᠠ ᠶᠢᠨ 3 ᠪᠤᠯᠤᠨ 4 ᠤ ᠡᠳᠣᠷ ᠤᠨ ᠣᠷᠦᠢ ᠶᠢᠨ ᠴᠠᠭ ᠢ ᠠᠰᠢᠭᠯᠠᠨ ᠸᠢᠴᠠᠲ ᠬᠤᠯᠪᠣᠭ᠎ᠠ ᠪᠠᠷ ᠠᠯᠠᠱᠠ ᠬᠤᠱᠣᠳ᠂ ᠬᠠᠯᠬ᠎ᠠ᠂ ᠳᠣᠷᠭᠤᠳ ᠭᠤᠷᠪᠠᠨ ᠠᠶ᠎ᠠ ᠪᠠᠷ ᠳᠠᠭᠤᠯᠠᠭᠳᠠᠬᠤ        ︽ᠦᠯᠡᠮᠵᠢ ᠪᠣᠶᠠᠨ︾ ᠭᠡᠬᠦ ᠣᠷᠳᠣ ᠶᠢᠨ ᠳᠠᠭᠤᠤ ᠶᠢᠨ ᠣᠷᠣᠯᠳᠣᠭᠠᠨ ᠢ ᠶᠠᠪᠣᠭᠳᠠᠭᠤᠯᠵᠡᠢ᠃  ᠭᠤᠷᠪᠠᠳᠠᠬᠢ ᠣᠳᠠᠭᠠᠨ ᠤ ᠠᠯᠠᠱᠠ ︽ᠬᠤᠣᠰ ᠵᠠᠭᠤᠨ ᠳᠠᠭᠤᠣ︾ ᠶᠢᠨ ᠣᠷᠣᠯᠳᠣᠭᠠᠨ ᠳᠤ ᠠᠯᠠᠱᠠ ᠠᠶᠢᠮᠠᠭ ᠤᠨ ᠠᠷᠠᠳ ᠤᠨ ᠳᠠᠭᠤᠴᠢᠳ ᠤᠨ ᠨᠡᠶᠢᠭᠡᠮᠯᠢᠭ ᠤᠨ ᠳᠠᠭᠤᠴᠢᠳ ᠢᠳᠡᠪᠬᠢᠳᠡᠢ ᠣᠷᠣᠯᠴᠠᠵᠣ᠂ ᠠᠯᠠᠱᠠ ᠠᠶᠢᠮᠠᠭ ᠤᠨ ᠠᠷᠠᠳ ᠤᠨ ᠳᠠᠭᠤᠴᠢᠳ ᠤᠨ ᠨᠡᠶᠢᠭᠡᠮᠯᠢᠭ ᠤᠨ 4 ᠳᠠᠭᠤᠴᠢᠨ ᠬᠤᠶᠠᠷ ᠵᠠᠭᠤᠨ ᠳᠠᠭᠤᠤ ᠶᠢᠨ ᠡᠵᠡᠨ ᠪᠣᠯᠵᠣ᠂ 5 ᠳᠠᠭᠤᠴᠢᠨ ᠵᠠᠭᠤᠨ ᠲᠠᠭᠤᠤ ᠶᠢᠨ ᠡᠵᠡᠨ ᠪᠣᠯᠵᠣ ᠮᠧᠳᠠᠯ ᠵᠡᠬᠦᠪᠡ᠃ ᠳᠣᠮᠳᠠᠳᠣ ᠣᠯᠣᠰ ᠤᠨ ᠡᠪ ᠬᠠᠮᠳᠣ ᠨᠠᠮ ᠪᠠᠶᠢᠭᠤᠯᠣᠭᠳᠠᠭᠰᠠᠨ 100 ᠵᠢᠯ ᠤᠨ ᠣᠢ ᠶᠢ ᠪᠠᠶᠠᠷᠯᠠᠨ ᠪᠡᠯᠭᠡᠯᠡᠬᠦ ᠪᠠᠷ 6 ᠰᠠᠷ᠎ᠠ ᠶᠢᠨ 13 ᠠᠴᠠ 14 ᠤ ᠡᠳᠣᠷ ᠪᠣᠯᠳᠠᠯ᠎ᠠ ᠨᠡᠶᠢᠭᠡᠮᠯᠢᠭ ᠤᠨ ᠸᠢᠴᠠᠲ ᠬᠤᠯᠪᠣᠭ᠎ᠠ ᠪᠠᠷ ︽ᠪᠢᠳᠠ ᠡᠪ ᠬᠠᠮᠳᠣ ᠨᠠᠮ ᠢᠶᠠᠨ ᠮᠠᠭᠳᠠᠨ ᠳᠠᠭᠤᠯᠠᠵᠠᠭᠠᠶ᠎ᠠ︾ ᠭᠡᠬᠦ ᠭᠤᠣᠯ ᠰᠡᠳᠣᠪᠳᠣ ᠬᠤᠪᠢᠰᠬᠠᠯ ᠤᠨ ᠳᠠᠭᠤᠤ ᠶᠢᠨ ᠣᠷᠣᠯᠳᠣᠭᠠᠨ ᠢ ᠶᠠᠪᠣᠭᠳᠠᠭᠤᠯᠵᠣ᠂ ᠨᠡᠶᠢᠳᠡ 148 ᠳᠠᠭᠤᠴᠢᠨ ᠣᠷᠣᠯᠴᠠᠵᠣ᠂ ᠣᠷᠣᠯᠳᠣᠭᠠᠨ ᠢ ᠵᠠᠯᠠᠭᠤ ᠢᠳᠡᠷᠴᠣᠣᠯ ᠤᠨ ᠳᠣᠭᠤᠶᠢᠯᠠᠩ᠂ ᠬᠦᠭᠰᠢᠴᠣᠣᠯ ᠤᠨ ᠳᠣᠭᠤᠶᠢᠯᠠᠩ ᠭᠡᠵᠤ ᠬᠤᠶᠠᠷ ᠳᠣᠭᠤᠶᠢᠯᠠᠩ ᠬᠤᠪᠢᠶᠠᠨ ᠶᠠᠪᠣᠭᠳᠠᠭᠤᠯᠵᠡᠢ᠃                ᠳᠣᠰ ᠠᠵᠢᠯᠯᠠᠭ᠎ᠠ ᠪᠠᠷ ᠳᠣᠰ ᠣᠳᠠᠭᠠᠨ ᠤ ᠣᠷᠣᠯᠳᠣᠭᠠᠨ ᠳᠤ ᠰᠢᠯᠭᠠᠷᠠᠭᠰᠠᠨ ᠬᠦᠮᠣᠰ ᠲᠤ ᠱᠠᠩᠨᠠᠯ ᠣᠯᠭᠤᠵᠣ᠂ ᠵᠠᠯᠠᠭᠤ ᠢᠳᠡᠷᠴᠣᠣᠯ ᠤᠨ ᠳᠣᠭᠤᠶᠢᠯᠠᠩ ᠳᠤ 77 ᠳᠠᠭᠤᠴᠢᠨ ᠣᠷᠣᠯᠴᠠᠭᠠᠳ ᠨᠢᠭᠡᠳᠦᠭᠡᠷ ᠳᠡᠰ ᠲᠤ ᠬᠠᠰᠴᠡᠴᠡᠭ᠂ ᠬᠤᠶᠠᠳᠣᠭᠠᠷ ᠳᠡᠰ ᠲᠤ ᠡᠷᠳᠡᠨᠢᠴᠢᠯᠠᠭᠤ᠂ ᠵᠢᠩᠬᠤᠸᠠᠷ᠂ ᠭᠤᠷᠪᠠᠳᠣᠭᠠᠷ ᠳᠡᠰ ᠲᠤ ᠮᠦᠩᠭᠦᠨᠬᠤᠸᠠᠷ᠂ ᠠᠯᠳᠠᠨᠴᠡᠴᠡᠭ᠂ ᠬᠠᠰᠴᠡᠴᠡᠭ᠂ ᠰᠢᠯᠢᠳᠡᠭ ᠳᠡᠰ ᠲᠤ ᠠᠯᠳᠠᠨᠬᠤᠸᠠᠷ᠂ ᠨᠠᠪᠴᠢᠨᠬᠡᠷᠡᠯ᠂ ᠴᠠᠭᠠᠨᠴᠢᠯᠠᠭᠤ᠂ ᠠᠯᠳᠠᠨᠰᠣᠪᠣᠳ᠂ ᠰᠠᠷᠮᠣᠳ ᠶᠢᠩᠬᠤᠸᠠ᠂ ᠡᠷᠳᠡᠨᠢᠴᠡᠴᠡᠭ᠂ ᠨᠣ · ᠣᠶᠣᠨᠬᠡᠷᠡᠯ᠂ ᠶᠢᠩᠬᠤᠸᠠᠷ᠂ ᠰᠢᠶᠠᠩᠺᠦᠢ᠂ ᠰᠠᠷᠠᠨᠴᠡᠴᠡᠭ᠂ ᠰᠣᠶᠣᠯᠴᠡᠴᠡᠭ᠂ ᠨᠠᠪᠴᠢᠮ᠎ᠠ ᠨᠠᠷ ᠳᠣᠳᠣᠷᠠᠵᠣ᠂ ᠬᠦᠭᠰᠢᠴᠣᠣᠯ ᠤᠨ ᠳᠣᠭᠤᠶᠢᠯᠠᠩ ᠳᠤ 71 ᠳᠠᠭᠤᠴᠢᠨ ᠣᠷᠣᠯᠴᠠᠭᠠᠳ ᠨᠢᠭᠡᠳᠦᠭᠡᠷ ᠳᠡᠰ ᠲᠤ ᠴᠡᠸᠠᠨᠳᠣᠷᠵᠢ᠂ ᠬᠤᠶᠠᠳᠣᠭᠠᠷ ᠳᠡᠰ ᠲᠤ ᠪᠠᠶᠠᠨᠪᠢᠯᠢᠭ᠌᠂ ᠴᠡᠷᠡᠨᠵᠢᠳ᠂ ᠭᠤᠷᠪᠠᠳᠣᠭᠠᠷ ᠳᠡᠰ ᠲᠤ ᠡᠷᠳᠡᠨᠢᠰᠠᠷᠠ᠂ ᠶᠡᠭᠡ ᠴᠡᠴᠡᠭ᠂ ᠮᠦᠩᠭᠡᠴᠡᠴᠡᠭ᠂ ᠰᠢᠯᠢᠳᠡᠭ ᠳᠡᠰ ᠲᠤ ᠬᠤ · ᠮᠡᠷᠭᠡᠨᠭᠤᠸ᠎ᠠ᠂ ᠨᠠᠰᠣᠨᠴᠡᠴᠡᠭ᠂ ᠨᠠᠷᠠᠰᠣ᠂ ᠨᠠᠴᠣᠭᠳᠣᠷᠵᠢ᠂ ᠫᠠᠯᠠᠮᠼᠣᠣ᠂ ᠠᠯᠳᠠᠨᠴᠢᠮᠡᠭ᠂ ᠰᠠᠷᠠᠭᠤᠯ᠂ ᠴᠢᠯᠠᠭᠤ᠂ ᠪᠤᠨᠵᠢᠨ᠂ ᠮᠢ᠊ · ᠣᠶᠣᠨ᠂ ᠪᠦᠳᠦᠭᠴᠢ᠂ ᠪᠠᠳᠣᠪᠦ᠋ᠷᠢᠨ ᠨᠠᠷ ᠳᠣᠳᠣᠷᠠᠨ ᠱᠠᠩᠨᠠᠯ ᠭᠠᠷᠳᠠᠵᠣ᠂ ᠵᠣᠷᠢᠭᠵᠢᠭᠤᠯᠣᠯ ᠤᠨ ᠱᠠᠩᠨᠠᠯ ᠢ ᠴᠢᠮᠡᠳᠳᠣᠷᠬᠢ᠂ ᠴᠡᠷᠡᠨᠳᠣᠷᠵᠢ᠂ ᠮᠠ᠊ · ᠵᠢᠩᠬᠤᠸᠠ᠂ ᠴ᠊ · ᠰᠠᠷᠠᠨ᠎ᠠ ᠨᠠᠷ ᠲᠤ ᠭᠠᠷᠳᠠᠭᠤᠯᠣᠭᠰᠠᠨ ᠪᠠᠶᠢᠨ᠎ᠠ᠃       ᠶᠣᠰᠣᠯᠠᠯ ᠤᠨ ᠳᠡᠬᠦᠰᠭᠡᠯ ᠳᠤ ᠭᠠᠯ ᠵᠠᠩᠭᠢᠶ᠎ᠠ ᠳᠠᠮᠵᠢᠭᠤᠯᠬᠤ ᠠᠭᠤᠯᠭ᠎ᠠ ᠶᠠᠪᠣᠭᠳᠠᠵᠣ᠂ ᠨᠠᠢᠮᠠᠳᠣᠭᠠᠷ ᠣᠳᠠᠭᠠᠨ ᠤ ᠠᠷᠠᠳ ᠤᠨ ᠳᠠᠭᠤᠣ ᠶᠢᠨ ᠨᠠᠶᠢᠷ ᠤᠨ ᠭᠠᠯ ᠵᠠᠩᠭᠢᠶ᠎ᠠ ᠳᠣᠰᠣᠭᠰᠠᠨ ︽ᠬᠦᠭᠡ ᠮᠣᠩᠭᠤᠯ︾ ᠬᠤᠯᠪᠣᠭ᠎ᠠ ᠶᠢᠨ ᠬᠢᠨ ᠭᠠᠯ ᠵᠠᠩᠭᠢᠶ᠎ᠠ ᠶᠢ ᠠᠯᠠᠱᠠ ᠠᠶᠢᠮᠠᠭ ᠤᠨ ᠠᠷᠠᠳ ᠤᠨ ᠳᠠᠭᠤᠴᠢᠳ ᠤᠨ ᠨᠡᠶᠢᠭᠡᠮᠯᠢᠭ ᠤᠨ ᠳᠡᠷᠢᠬᠦᠯᠡᠭᠴᠢ ᠡᠷᠳᠡᠨᠢᠳᠠᠯᠠᠢ ᠳᠤ ᠳᠣᠰᠢᠶᠠᠵᠣ᠂ ᠡᠷᠳᠡᠨᠢᠳᠠᠯᠠᠢ ᠠᠴᠠ ᠶᠢᠰᠦᠳᠦᠭᠡᠷ ᠣᠳᠠᠭᠠᠨ ᠤ ᠠᠷᠠᠳ ᠤᠨ ᠳᠠᠭᠤᠣ ᠶᠢᠨ ᠨᠠᠶᠢᠷ ᠤᠨ ᠭᠠᠯ ᠵᠠᠩᠭᠢᠶ᠎ᠠ ᠶᠢ ᠡᠵᠡᠨ᠎ᠡ ᠬᠤᠰᠢᠭᠤᠨ ᠤ ᠦᠩᠳᠦᠭᠤᠣᠯ ᠤᠨ ᠬᠠᠷᠢᠶᠠᠳᠣ ᠶᠢᠨ ᠣᠷᠳᠣ ᠶᠢᠨ ᠳᠠᠭᠤᠴᠢᠳ ᠤᠨ ᠨᠡᠶᠢᠭᠡᠮᠯᠢᠭ ᠤᠨ ᠭᠡᠰᠢᠬᠦᠳ ᠲᠤ ᠭᠠᠷᠳᠠᠭᠤᠯᠣᠭᠰᠠᠨ ᠪᠠᠶᠢᠨ᠎ᠠ᠃
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号