ᠤᠯᠤᠰ᠂ ᠥᠪᠡᠷᠲᠡᠭᠡᠨ ᠵᠠᠰᠠᠬᠤ ᠣᠷᠣᠨ ᠤ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠸᠠᠺᠼᠢᠨ ᠤ | ᠲᠠᠷᠢᠯᠭ᠎ᠠ ᠳᠠᠷᠢᠬᠤ ᠠᠵᠢᠯ ᠤᠨ ᠨᠢᠭᠡᠳᠦᠯᠲᠡᠢ ᠲᠤᠬᠢᠷᠠᠭᠤᠯᠤᠯᠳᠠ ᠪᠠᠶᠢᠷᠢᠯᠠᠭᠤᠯᠤᠯᠲᠠ ᠶᠣᠰᠣᠭᠠᠷ᠂ 10 ᠰᠠᠷ᠎ᠠ ᠶᠢᠨ | 18 ᠤ ᠡᠳᠦᠷ ᠠᠴᠠ ᠡᠬᠢᠯᠡᠨ᠂ ᠮᠠᠨ ᠤ ᠠᠶᠢᠮᠠᠭ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠸᠠᠺᠼᠢᠨ ᠤ 3 | ᠳ᠋ᠤᠭᠠᠷ ᠲᠠᠷᠢᠯᠭ᠎ᠠ ᠶᠢᠨ ᠠᠵᠢᠯ ᠢᠶᠠᠨ ᠪᠦᠬᠦ ᠲᠠᠯ᠎ᠠ ᠪᠠᠷ ᠡᠬᠢᠯᠡᠭᠦᠯᠦᠭᠰᠡᠨ ᠪᠠᠶᠢᠨ᠎ᠠ᠃ | | | | | | | | | | | | | | | | | | | ᠥᠪᠡᠷᠲᠡᠭᠡᠨ ᠵᠠᠰᠠᠬᠤ ᠣᠷᠣᠨ ᠤ ᠨᠢᠭᠡᠳᠦᠯᠲᠡᠶ ᠲᠣᠬᠢᠷᠠᠭᠤᠯᠤᠯᠲᠠ ᠶᠣᠰᠣᠭᠠᠷ᠂ 10 ᠰᠠᠷ᠎ᠠ ᠶᠢᠨ 18 ᠤ | ᠡᠳᠦᠷ ᠮᠠᠨ ᠤ ᠠᠶᠢᠮᠠᠭ 3 ᠳ᠋ᠤᠭᠠᠷ ᠤᠳᠠᠭᠠᠨ ᠤ ᠸᠠᠺᠼᠢᠨ ᠤ ᠲᠠᠷᠢᠯᠭ᠎ᠠ ᠶᠢ ᠡᠬᠢᠯᠡᠭᠦᠯᠵᠦ᠂ 11 ᠰᠠᠷ᠎ᠠ ᠶᠢᠨ | ᠰᠡᠭᠦᠯᠴᠢ ᠠᠴᠠ ᠡᠮᠦᠨ᠎ᠡ ᠪᠥᠬᠦ ᠲᠠᠯ᠎ᠠ ᠪᠠᠷ ᠪᠡᠶᠡᠯᠡᠭᠦᠯᠦᠨ᠎ᠡ᠃ ᠣᠲᠣ ᠪᠥᠬᠦ ᠠᠶᠢᠮᠠᠭ ᠤᠨ ᠡᠯ᠎ᠡ ᠸᠠᠺᠼᠢᠨ ᠤ | ᠲᠠᠷᠢᠯᠭ᠎ᠠ ᠶᠢᠨ ᠴᠡᠭ ᠤᠨ ᠸᠠᠺᠼᠢᠨ ᠤ ᠬᠠᠩᠭᠠᠯᠭ᠎ᠠ ᠬᠦᠢᠴᠡᠳ ᠪᠤᠢ᠂ 2 ᠤᠳᠠᠭ᠎ᠠ ᠸᠠᠺᠼᠢᠨ ᠤ ᠲᠠᠷᠢᠯᠭ᠎ᠠ ᠳᠠᠷᠢᠵᠦ | ᠳᠠᠭᠤᠰᠤᠭᠰᠠᠨ ᠪᠥᠭᠡᠳ 6 ᠰᠠᠷ᠎ᠠ ᠠᠴᠠ ᠳᠡᠭᠡᠭᠰᠢ ᠠᠯᠤᠰᠯᠠᠭᠰᠠᠨ ᠬᠥᠮᠦᠰ ᠪᠡᠶ᠎ᠡ ᠶᠢᠨ ᠦᠨᠡᠮᠯᠡᠯ ᠢᠶᠠᠨ ᠠᠪᠴᠤ | ᠬᠠᠷᠢᠶ᠎ᠠ ᠣᠷᠣᠨ ᠤ ᠣᠶᠢᠷᠠᠯᠴᠠᠭ᠎ᠠ ᠪᠠᠶᠢᠭ᠎ᠠ ᠸᠠᠺᠼᠢᠨ ᠤ ᠲᠠᠷᠢᠯᠭ᠎ᠠ ᠶᠢᠨ ᠴᠡᠭ ᠲᠤ ᠬᠦᠷᠴᠦ ᠲᠠᠷᠢᠯᠭ᠎ᠠ ᠳᠠᠷᠢᠵᠦ | ᠪᠤᠯᠤᠨ᠎ᠠ᠃ | 3 ᠳ᠋ᠤᠭᠠᠷ ᠤᠳᠠᠭ᠎ᠠ ᠲᠠᠷᠢᠯᠭ᠎ᠠ ᠲᠠᠷᠢᠬᠤ ᠬᠦᠮᠦᠰ ᠪᠣᠯ ᠨᠢᠭᠡᠨᠲᠡ 2 ᠤᠳᠠᠭ᠎ᠠ ᠳᠠᠷᠢᠭᠤᠯᠤᠭᠰᠠᠨ ᠴᠠᠭ ᠨᠢ | 6 ᠰᠠᠷ᠎ᠠ ᠠᠴᠠ ᠳᠡᠭᠡᠭᠰᠢ ᠪᠣᠯᠤᠭᠰᠠᠨ ᠬᠥᠮᠦᠰ ᠪᠣᠯᠤᠨ᠎ᠠ᠃ 3 ᠳ᠋ᠤᠭᠠᠷ ᠲᠠᠷᠢᠯᠭ᠎ᠠ ᠨᠢ ᠨᠢᠬᠡ᠂ ᠬᠤᠶᠠᠳᠤᠭᠠᠷ | ᠤᠳᠠᠭ᠎ᠠ ᠲᠠᠢ ᠠᠳᠠᠯᠢ᠂ ᠴᠥᠮ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠢᠳᠡᠪᠬᠢ ᠦᠬᠡᠶᠢᠳᠡᠬᠦᠯᠬᠦ ᠸᠠᠺᠼᠢᠨ | ᠮᠦᠷᠳᠡᠬᠡᠨ ᠸᠠᠺᠼᠢᠨ ᠤ ᠠᠮᠤᠷ ᠲᠦᠪᠰᠢᠨ ᠴᠢᠨᠠᠷ ᠪᠠ ᠪᠦᠳᠦᠮᠵᠢᠳᠦ ᠴᠢᠨᠠᠷ ᠨᠢ ᠨᠠᠶᠢᠳᠠᠪᠤᠷᠢᠲᠠᠢ ᠶᠤᠮ᠃ | | |