ᠬᠤᠪᠢᠯᠭᠠᠨ ᠵᠠᠪᠢ ᠶᠢᠨ ᠦᠯᠦᠭᠡᠢ ᠪᠠᠷ ᠠᠶᠠᠯᠡᠨ ᠲᠡᠮᠡᠭᠡᠳᠦ ᠨᠤᠳᠤᠭ ᠤᠨ ᠭᠠᠶᠢᠬᠠᠮᠰᠢᠭ ᠢ ᠰᠤᠨᠢᠷᠬᠠᠨᠠᠮ ᠦᠪᠦᠷ ᠮᠤᠩᠭᠤᠯ ᠨᠢᠩᠰᠢᠶᠠ ᠱᠠᠨᠰᠢ ᠭᠠᠨᠰᠦ ᠶᠢᠨ ᠬᠠᠮ ᠵᠠᠭᠤᠴᠢᠯᠠᠭᠤᠷ ᠤᠨ ᠠᠯᠠᠱᠠ ᠳᠠᠬᠢ ᠰᠤᠷᠪᠤᠯᠵᠢᠯᠠᠬᠤ ᠠᠵᠢᠯᠯᠠᠭ᠎ᠠ ᠡᠬᠢᠯᠡᠯ᠎ᠠ
ᠨᠡᠶᠢᠲᠡᠯᠡᠭᠰᠡᠨ ᠴᠠᠭ᠄
2021/10/18
       ᠨᠠᠮ ᠪᠠᠶᠢᠭᠤᠯᠤᠭᠳᠠᠭᠰᠠᠠ 100 ᠵᠢᠯ ᠤᠨ ᠲᠤᠷᠰᠢᠬᠢ ᠠᠯᠠᠱᠠ ᠶᠢᠨ ᠠᠵᠦ ᠠᠬᠤᠢ᠂ ᠤᠯᠤᠰ ᠲᠦᠷᠦ᠂ ᠨᠡᠶᠢᠬᠡᠮ᠂ ᠠᠮᠢ ᠠᠬᠤᠢ ᠶᠢᠨ ᠪᠤᠯᠪᠠᠰᠦᠨ ᠤ ᠪᠠᠶᠢᠭᠤᠯᠤᠯᠳᠡ᠂ ᠶᠠᠳᠠᠭᠤ ᠠᠴᠠ ᠠᠩᠬᠢᠵᠢᠷᠠᠭᠤᠯᠬᠤ ᠵᠡᠷᠭᠡ ᠲᠠᠯ᠎ᠠ ᠳᠤ ᠤᠯᠤᠭᠰᠠᠠ ᠠᠮᠵᠢᠯᠳᠡ ᠶᠢ ᠪᠦᠷᠢᠨ ᠲᠤᠰᠬᠠᠵᠦ᠂ ᠠᠯᠠᠱᠠ ᠠᠶᠢᠮᠠᠭ ᠢ ᠭᠠᠳᠠᠭᠰᠢ ᠤᠬᠠᠭᠤᠯᠬᠤ ᠬᠦᠴᠦᠯᠡᠴᠡ ᠶᠢ ᠴᠢᠩᠭᠠᠳᠬᠠᠠ᠂ ᠠᠯᠠᠱᠠ ᠶᠢᠨ ᠠᠯᠳᠡᠷᠰᠢᠯ ᠢ ᠮᠠᠨᠳᠦᠭᠤᠯᠵᠦ᠂ ᠦᠪᠦᠷ ᠮᠤᠩᠭᠤᠯ᠂ ᠨᠢᠩᠰᠢᠶᠠ᠂ ᠱᠠᠨᠰᠢ᠂ ᠭᠠᠨᠰᠦ ᠵᠡᠷᠭᠡ ᠮᠠᠨ ᠤ ᠠᠶᠢᠮᠠᠭ ᠤᠨ ᠬᠦᠷᠰᠢ ᠵᠠᠷᠭᠡᠯᠠᠳᠡᠭᠡ ᠤᠷᠤᠨ ᠤ ᠵᠠᠭᠤᠴᠢᠯᠠᠭᠤᠷ ᠲᠠᠢ ᠬᠠᠮᠳᠦᠷᠡᠨ ᠠᠵᠢᠯᠯᠠᠵᠦ᠂ ᠰᠤᠯᠢᠯᠴᠠᠭ᠎ᠠ ᠬᠢᠬᠦ ᠪᠠ ᠠᠯᠠᠱᠠ ᠶᠢᠨ ᠡᠳᠦᠷ ᠤᠨ ᠰᠤᠨᠢᠨ ᠤ ᠬᠤᠷᠢᠶᠡᠨ ᠤ ᠵᠠᠭᠤᠴᠢᠯᠠᠭᠤᠷ ᠤᠨ ᠠᠭᠤᠰᠦᠯᠴᠠᠯ ᠢ ᠲᠦᠷᠭᠡᠳᠭᠡᠬᠦ ᠶᠢᠨ ᠲᠤᠰᠠᠳᠡ᠂ 10 ᠰᠠᠷ᠎ᠠ ᠶᠢᠨ 16 ᠤ ᠡᠳᠦᠷ᠂ ᠠᠯᠠᠱᠠ ᠠᠶᠢᠮᠠᠭ ᠤᠨ ᠨᠠᠮ ᠤᠨ ᠬᠤᠷᠢᠶᠠᠨ ᠤ ᠤᠬᠠᠭᠤᠯᠬᠤ ᠬᠡᠯᠳᠡᠰ ᠠᠴᠠ ᠭᠤᠤᠯᠯᠠᠨ ᠡᠷᠬᠢᠯᠡᠵᠦ᠂ ᠠᠯᠠᠱᠠ ᠶᠢᠨ ᠡᠳᠦᠷ ᠤᠨ ᠰᠤᠨᠢᠨ ᠤ ᠬᠤᠷᠢᠶ᠎ᠠ ᠠᠴᠠ ᠲᠠᠭᠠᠭᠠᠴᠢᠯᠡᠨ ᠡᠷᠬᠢᠯᠡᠭᠰᠡᠡ ︽ᠬᠤᠪᠢᠯᠭᠠᠨ ᠵᠠᠪᠢ ᠶᠢᠨ ᠦᠯᠦᠭᠡᠢ ᠪᠠᠷ ᠠᠶᠠᠯᠡᠨ ᠲᠡᠮᠡᠭᠡᠳᠦ ᠨᠤᠳᠤᠭ ᠤᠨ ᠭᠠᠶᠢᠬᠠᠮᠰᠢᠭ ᠢ ᠰᠤᠨᠢᠷᠬᠠᠨᠠᠮ︾ ᠦᠪᠦᠷ ᠮᠤᠩᠭᠤᠯ ᠨᠢᠩᠰᠢᠶᠠ ᠱᠠᠨᠰᠢ ᠭᠠᠨᠰᠦ ᠶᠢᠨ ᠬᠠᠮ ᠵᠠᠭᠤᠴᠢᠯᠠᠭᠤᠷ ᠤᠨ ᠠᠯᠠᠱᠠ ᠳᠠᠬᠢ ᠰᠤᠷᠪᠤᠯᠵᠢᠯᠠᠬᠤ ᠠᠵᠢᠯᠯᠠᠭ᠎ᠠ ᠪᠠᠶᠠᠨᠬᠤᠳᠡ ᠳᠤ ᠡᠬᠢᠯᠡᠯ᠎ᠠ᠃        ᠲᠤᠰ ᠤᠳᠠᠭᠠᠨ ᠤ ᠠᠵᠢᠯᠯᠠᠭ᠎ᠠ ᠨᠢ ︽ᠡᠷᠠᠮᠠᠭᠡᠢ ᠵᠠᠭᠤᠨ ᠵᠢᠯ ᠰᠢᠭᠤᠷᠬᠠᠢ ᠰᠢᠨ᠎ᠠ ᠠᠶᠠᠨ︾ ᠭᠡᠬᠦ ᠲᠤᠮᠳᠠᠳᠦ ᠤᠯᠤᠰ ᠤᠨ ᠡᠪ ᠬᠠᠮᠳᠦ ᠨᠠᠮ ᠪᠠᠶᠢᠭᠤᠯᠤᠭᠳᠠᠭᠰᠠᠠ 100 ᠵᠢᠯ ᠤᠨ ᠤᠢ ᠶᠢ ᠪᠡᠯᠭᠡᠯᠡᠬᠦ ᠭᠤᠤᠯ ᠰᠡᠳᠦᠪ ᠤᠨ ᠲᠤᠭᠤᠷᠢᠨ ᠳᠤ᠂ ᠰᠤᠳᠦᠯᠦᠨ ᠶᠠᠷᠢᠯᠴᠠᠬᠤ᠂ ᠰᠤᠯᠢᠯᠴᠠᠭ᠎ᠠ ᠬᠢᠬᠦ᠂ ᠰᠤᠷᠪᠦᠯᠵᠢᠯᠠᠭ᠎ᠠ ᠬᠢᠬᠦ᠂ ᠠᠬᠢᠭᠤᠯᠤᠨ ᠤᠬᠠᠭᠤᠯᠬᠤ ᠪᠠᠷ ᠬᠠᠷᠡᠯᠳᠡ ᠪᠠᠨ ᠪᠤᠯᠭᠠᠵᠦ᠂ ᠠᠯᠠᠱᠠ ᠶᠢᠨ ᠴᠢᠨᠠᠷ ᠰᠠᠶᠢᠳᠠᠢ ᠬᠦᠭᠵᠢᠯᠳᠡ᠂ ᠠᠮᠢ ᠠᠬᠤᠢ ᠶᠢᠨ ᠪᠦᠲᠦᠭᠡᠨ ᠪᠠᠶᠢᠭᠤᠯᠤᠯᠳᠡ᠂ ᠬᠦᠳᠡᠭᠡ ᠲᠤᠰᠬᠤᠨ ᠢ ᠬᠦᠭᠵᠢᠭᠦᠯᠦᠨ ᠮᠠᠨᠳᠦᠭᠤᠯᠬᠤ᠂ ᠰᠤᠶᠤᠯ ᠵᠢᠭᠤᠯᠴᠢᠯᠡᠯ ᠵᠡᠷᠭᠡ ᠲᠠᠯ᠎ᠠ ᠳᠤ ᠠᠩᠬᠠᠷᠤᠯ ᠢᠶᠠᠨ ᠬᠠᠨᠳᠦᠭᠤᠯᠵᠦ᠂ ᠦᠪᠡᠷᠮᠢᠴᠡ ᠤᠨᠴᠠᠯᠢᠭ ᠪᠦᠬᠦᠢ ᠰᠤᠶᠥᠯ ᠤᠨ ᠠᠭᠤᠯᠬᠤᠨ ᠢ ᠠᠭᠤᠳᠠᠯᠵᠦ᠂ ᠨᠡᠩ ᠤᠯᠡᠨ ᠬᠦᠮᠦᠰ ᠲᠤ ᠠᠯᠠᠱᠠ ᠶᠢ ᠦᠢᠯᠠᠭᠠᠭᠤᠯᠵᠦ᠂ ᠵᠠᠭᠤᠴᠢᠯᠡᠭᠤᠷ ᠤᠨ ᠤᠬᠠᠭᠤᠯᠭ᠎ᠠ ᠶᠢᠨ ᠬᠦᠴᠦᠯᠡᠴᠡ ᠶᠢᠨ ᠪᠦᠲᠦᠭᠡᠨ ᠪᠠᠶᠢᠭᠤᠯᠤᠯᠳᠡ ᠶᠢ ᠠᠬᠢᠭᠤᠯᠤᠨ᠂ ᠵᠠᠭᠤᠴᠢᠯᠠᠭᠤᠷ ᠤᠨ ᠬᠦᠨᠵᠡᠭᠡᠢ ᠠᠭᠤᠰᠤᠯᠴᠠᠯ ᠢ ᠵᠤᠷᠢᠭᠰᠠᠠ ᠪᠠᠶᠢᠨ᠎ᠠ᠃        ᠲᠤᠰ ᠠᠵᠢᠯᠯᠠᠭ᠎ᠠ ᠳᠤ ᠥᠪᠥᠷ ᠮᠤᠩᠭᠤᠯ᠂ ᠨᠢᠩᠰᠢᠶᠠ᠂ ᠱᠠᠨᠰᠢ᠂ ᠭᠠᠨᠰᠤ ᠵᠡᠷᠭᠡ ᠮᠤᠵᠢ ᠤᠷᠤᠨ ᠤ ᠬᠤᠷᠢ ᠭᠠᠷᠤᠢ ᠰᠤᠨᠢᠨ ᠮᠡᠳᠡᠭᠡ ᠵᠠᠭᠤᠴᠢᠯᠠᠭᠤᠷ ᠤᠨ ᠲᠦᠴᠢᠭᠡᠳ ᠰᠤᠷᠪᠤᠯᠵᠢᠯᠠᠭᠴᠢ ᠤᠷᠤᠯᠴᠠᠭᠰᠠᠨ ᠪᠠᠶᠢᠨ᠎ᠠ᠃ ᠦᠢᠯᠠᠭᠠᠭᠰᠠᠠ ᠢᠶᠠᠷ᠂ ᠠᠵᠢᠯᠯᠠᠭ᠎ᠠ ᠶᠢ 16 ᠠᠴᠠ 19 ᠤ ᠡᠳᠦᠷ ᠪᠤᠯᠳᠡᠯ᠎ᠠ ᠲᠦᠷᠪᠡᠨ ᠡᠳᠦᠷ ᠤᠨ ᠬᠤᠭᠤᠴᠠᠭ᠎ᠠ ᠲᠠᠢ ᠪᠠᠷ ᠠᠯᠠᠱᠠ ᠵᠡᠭᠦᠨ ᠬᠤᠰᠢᠭᠤᠨ ᠤ ᠪᠠᠶᠠᠨᠬᠤᠳᠡ ᠪᠠᠯᠭᠠᠰᠦ᠂ ᠲᠡᠭᠷᠢ ᠠᠵᠦ ᠠᠬᠤᠢ ᠮᠡᠷᠭᠡᠵᠢᠯ ᠤᠨ ᠨᠡᠭᠡᠭᠡᠯᠳᠡ ᠶᠢᠨ ᠤᠷᠤᠨ᠂ ᠠᠯᠠᠱᠠ ᠪᠠᠷᠠᠭᠤᠨ ᠬᠤᠰᠢᠭᠤᠨ ᠤ ᠠᠯᠳᠠᠨ᠋ᠤ᠋ᠪᠤᠭ᠎ᠠ ᠪᠠᠯᠭᠠᠰᠦᠨ ᠤ ᠲᠡᠮᠡᠭᠡᠨ ᠤ ᠠᠵᠦ ᠦᠢᠯᠡᠰ ᠤᠨ ᠬᠦᠷᠢᠶᠡᠯᠡᠩ᠂ ᠡᠵᠡᠨ᠎ᠠ ᠬᠤᠰᠢᠭᠤᠨ ᠤ ᠰᠤᠪᠨᠠᠭᠤᠷ ᠵᠡᠷᠭᠡ ᠭᠠᠵᠡᠷ ᠤᠷᠤᠨ ᠳᠤ ᠬᠦᠨᠵᠡᠭᠡᠶᠢᠷᠡᠨ ᠰᠤᠷᠪᠦᠯᠵᠢᠯᠠᠬᠤ ᠠᠵᠢᠯᠯᠠᠭ᠎ᠠ ᠦᠷᠨᠢᠭᠦᠯᠬᠦ ᠪᠠᠷ ᠪᠠᠶᠢᠨ᠎ᠠ᠃
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号