ᠬᠤᠤᠷᠳᠦ ᠮᠥᠭᠦ ᠢᠳᠡᠭᠡᠳ ᠭᠤᠷᠪᠠᠨ ᠬᠥᠮᠥᠨ ᠠᠮᠢ ᠪᠠᠨ ᠠᠯᠳᠠᠪᠠ
ᠨᠡᠶᠢᠲᠡᠯᠡᠭᠰᠡᠨ ᠴᠠᠭ᠄
2021/10/13
    ᠣᠶᠢᠷ᠎ᠠ ᠳᠤ᠂ ᠭᠤᠸᠠᠩᠳᠦ᠋ᠩ ᠮᠤᠵᠢ ᠶᠢᠨ ᠨᠢᠭᠡ ᠠᠶᠢᠯ ᠤᠨ ᠭᠤᠷᠪᠠᠨ ᠬᠥᠮᠥᠨ  ᠬᠡᠭᠡᠷ᠎ᠡ   ᠶᠢᠨ ᠮᠥᠭᠦ ᠢᠳᠡᠭᠡᠳ ᠬᠤᠣᠷᠳᠠᠭᠳᠠᠵᠤ ᠠᠮᠢ ᠪᠠᠨ ᠠᠯᠳᠠᠭᠰᠠᠨ ᠪᠠᠶᠢᠨ᠎ᠠ᠃     ᠡᠶᠢᠮᠦ ᠠᠴᠠ ᠬᠡᠭᠡᠷ᠎ᠡ ᠶᠢᠨ ᠮᠦᠬᠦ ᠢᠳᠡᠬᠦ ᠳᠡᠭᠡᠨ ᠶᠠᠭᠤ ᠶᠢ ᠠᠩᠬᠠᠷᠬᠤ ᠲᠤᠬᠠᠢ ᠲᠠᠨᠢᠯᠴᠠᠭᠤᠯᠤᠶ᠎ᠠ᠃     ᠡᠶᠢᠮᠦ ᠪᠠᠶᠢᠳᠠᠯ ᠳᠤ ᠠᠮᠠᠷᠬᠠᠨ ᠬᠤᠤᠷᠳᠠᠬᠳᠠᠨ᠎ᠠ᠄ ᠵᠠᠷᠢᠮ ᠬᠤᠤᠷᠳᠦ ᠮᠦᠬᠦᠨ ᠤ  ᠬᠡᠯᠪᠡᠷᠢ ᠳᠦᠷᠬᠦ ᠨᠢ ᠢᠳᠡᠬᠡᠨ ᠤ ᠮᠦᠬᠦ ᠲᠠᠢ ᠢᠯᠭᠠᠭ᠎ᠠ ᠦᠬᠡᠢ ᠪᠠᠶᠢᠵᠦ᠂ ᠬᠦᠮᠦᠰ ᠠᠨᠳᠠᠷᠠᠭᠤᠷᠠᠨ ᠳᠡᠬᠦᠵᠦ ᠢᠳᠡᠳᠡᠭ᠃ ᠪᠠᠰᠠ ᠵᠠᠷᠢᠮ  ᠨᠢ ᠬᠡᠭᠡᠷ᠎ᠡ ᠶᠢᠨ ᠮᠦᠬᠦ ᠶᠢ ᠰᠠᠶᠢᠨ ᠴᠢᠨᠠᠵᠦ ᠪᠤᠯᠭᠤᠭᠰᠠᠨ ᠦᠬᠡᠢ ᠠᠴᠠ ᠪᠤᠯᠵᠦ ᠬᠤᠣᠷᠳᠠᠭᠳᠠᠳᠠᠭ᠃     ᠮᠥᠭᠦ ᠳᠤ ᠬᠤᠣᠷᠳᠠᠭᠳᠠᠪᠠᠯ ᠡᠶᠢᠮᠦ ᠪᠠᠶᠢᠳᠠᠯ ᠲᠠᠢ᠄ ᠡᠯᠢᠬᠡᠨ ᠤ ᠬᠤᠤᠷᠳᠠᠯ᠃ ᠶᠡᠷᠦᠳᠡᠬᠡᠨ ᠢᠳᠡᠭᠰᠡᠨ ᠤ ᠳᠠᠷᠠᠭ᠎ᠠ 6 — 12 ᠴᠠᠭ ᠤᠨ ᠳᠣᠳᠣᠷ᠎ᠠ ᠮᠡᠳᠡᠭᠳᠡᠳᠡᠭ᠃ ᠡᠬᠢᠯᠡᠭᠡᠳ ᠬᠤᠳᠣᠭᠤᠳᠦ ᠬᠡᠳᠡᠰᠦ ᠡᠪᠬᠦᠶᠢᠷᠡᠨ᠂ ᠨᠢᠬᠡ ᠬᠤᠶᠠᠷ ᠬᠤᠨᠤᠭ ᠤᠨ ᠳᠠᠷᠠᠭ᠎ᠠ ᠠᠶᠠᠨᠳᠠᠭᠠᠨ ᠨᠠᠮᠳᠠᠳᠠᠭ᠃ ᠵᠠᠯᠭᠠᠭᠠᠳ ᠴᠣᠴᠢᠮᠠᠭ ᠡᠯᠢᠬᠡᠨ ᠤ ᠬᠤᠤᠷᠳᠠᠯᠭ᠎ᠠ ᠡᠬᠦᠰᠬᠡᠵᠦ᠂ ᠰᠦᠰᠦ ᠪᠠᠷ  ᠪᠦᠬᠡᠯᠵᠢᠬᠦ᠂ ᠡᠯᠢᠬᠡᠨ ᠤ ᠬᠠᠪᠢᠴᠠᠭ᠎ᠠ ᠡᠪᠡᠳᠬᠦ᠂ ᠵᠠᠷᠢᠮ ᠨᠢ ᠪᠠᠰᠠ ᠵᠢᠷᠦᠬᠡᠨ ᠤ ᠳᠠᠮᠢᠷ ᠳᠣᠷᠣᠶᠢᠳᠠᠬᠤ᠂ ᠬᠠᠷ᠎ᠠ ᠪᠦᠬᠡᠷ᠎ᠡ ᠬᠤᠣᠷᠳᠠᠭᠳᠠᠬᠤ  ᠵᠡᠷᠬᠡ  ᠢᠯᠡᠷᠡᠯ ᠲᠠᠢ᠃ ᠬᠦᠨᠳᠦᠷᠡᠪᠡᠯ ᠡᠯᠢᠭᠡ ᠠᠭᠤᠰᠬᠢᠨ ᠤ ᠬᠤᠣᠷᠳᠠᠭᠳᠠᠯ ᠠᠴᠠ ᠪᠤᠯᠤᠭᠠᠳ ᠳᠠᠪᠤ  ᠬᠤᠨᠤᠭ ᠤᠨ ᠳᠣᠲᠣᠷ᠎ᠠ  ᠨᠠᠰᠦ  ᠪᠠᠷᠠᠬᠤ ᠠᠶᠤᠯᠲᠠᠢ᠃     ᠬᠠᠷ᠎ᠠ ᠪᠦᠬᠡᠷᠦᠨ ᠤ ᠠᠵᠢᠯᠯᠠᠭ᠎ᠠ ᠵᠤᠭᠰᠣᠬᠤ᠃  ᠢᠳᠡᠭᠰᠡᠨ ᠤ  ᠳᠠᠷᠠᠭ᠎ᠠ  6  —  12  ᠴᠠᠭ ᠤᠨ  ᠬᠤᠭᠤᠷᠤᠨᠳᠦ ᠮᠡᠳᠡᠭᠳᠡᠨ᠎ᠡ᠃ ᠰᠢᠬᠡᠰᠦ ᠬᠠᠭᠠᠭᠳᠠᠬᠤ᠂ ᠰᠢᠪᠳᠣᠷ ᠨᠡᠮᠡᠭᠳᠡᠬᠦ ᠢᠯᠡᠷᠡᠯ ᠲᠠᠢ᠃ ᠬᠦᠨᠳᠦᠷᠡᠪᠡᠯ  ᠬᠠᠷ᠎ᠠ  ᠪᠥᠭᠡᠷ᠎ᠡ  ᠠᠵᠢᠯᠯᠠᠭ᠎ᠠ   ᠪᠠᠨ ᠠᠯᠳᠠᠨ᠎ᠠ᠃
 
ᠢᠷᠡᠯᠲᠡ᠄ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号