ᠬᠦᠵᠦᠬᠦᠤ ᠰᠡᠬᠡᠷ ᠤᠨ ᠡᠪᠡᠳᠴᠢᠨ ᠢ ᠬᠡᠷᠬᠢᠨ ᠰᠡᠷᠬᠡᠶᠢᠯᠡᠬᠦ ᠪᠤᠢ︖
ᠨᠡᠶᠢᠲᠡᠯᠡᠭᠰᠡᠨ ᠴᠠᠭ᠄
2021/10/12
    ᠤᠳᠤ ᠠᠯᠪᠠᠨ ᠬᠡᠷ ᠲᠤ ᠰᠠᠭᠤᠵᠤ ᠠᠵᠢᠯᠯᠠᠳᠠᠭ ᠬᠦᠮᠦᠰ ᠤᠨ 90% ᠨᠢ ᠴᠦᠮ ᠬᠦᠵᠦᠬᠦᠤ ᠰᠡᠬᠡᠷ ᠤᠨ ᠠᠰᠠᠭᠤᠳᠠᠯ ᠲᠠᠢ᠃ ᠡᠨᠡ ᠨᠢ ᠭᠤᠤᠯᠳᠠᠭᠤ ᠤᠷᠳᠤ ᠬᠤᠭᠤᠴᠠᠭ᠎ᠠ ᠪᠠᠷ ᠨᠢᠬᠡᠯᠡ ᠬᠡᠪ ᠢᠶᠠᠷ ᠰᠠᠭᠤᠭᠰᠠᠨ ᠠᠴᠠ ᠪᠤᠯᠵᠤ ᠬᠦᠵᠦᠬᠦᠨ ᠤ ᠬᠡᠰᠡᠭ ᠲᠤ ᠰᠦᠨ ᠬᠦᠴᠢᠯ ᠤᠪᠤᠭᠠᠷᠠᠵᠤ᠂ ᠴᠢᠰᠤᠨ ᠤ ᠡᠷᠬᠢᠯᠳᠡ ᠶᠢ ᠨᠦᠯᠦᠬᠡᠯᠡᠭᠰᠡᠨ ᠠᠴᠠ ᠪᠤᠯᠪᠠ᠃     ᠬᠦᠩᠬᠡᠨ ᠪᠠᠶᠢᠳᠠᠯ ᠲᠠᠢ ᠨᠢ ᠬᠦᠵᠦᠬᠦᠤ ᠰᠡᠬᠡᠷ ᠰᠢᠷᠬᠢᠷᠡᠨ ᠡᠪᠡᠳᠴᠦ᠂ ᠬᠦᠨᠳᠤᠷᠡᠭᠰᠡᠬᠡᠷ ᠲᠤᠯᠤᠭᠠᠢ ᠲᠦᠢᠨᠠᠷᠡᠨ ᠡᠪᠡᠳᠬᠦ ᠪᠠᠶᠢᠳᠠᠯ ᠢᠯᠡᠷᠡᠳᠡᠭ᠃ ᠬᠦᠵᠦᠬᠦᠤ ᠰᠡᠬᠡᠷ ᠤᠨ ᠡᠪᠡᠳᠴᠢᠨ ᠢ ᠤᠷᠢᠳᠴᠢᠯᠠᠨ ᠰᠡᠷᠬᠡᠶᠢᠯᠡᠬᠦ ᠳᠤ ᠶᠠᠭᠤᠨ ᠤ ᠡᠮᠤᠨ᠎ᠠ ᠲᠡᠬᠦᠨ ᠤ ᠪᠤᠢ ᠪᠤᠯᠤᠭᠰᠠᠨ ᠰᠢᠯᠳᠠᠭᠠᠨ ᠢ ᠮᠡᠳᠡᠵᠤ ᠠᠪᠬᠤ ᠴᠢᠬᠤᠯᠠᠳᠠᠢ᠃ ᠬᠦᠵᠦᠬᠦᠤ ᠰᠡᠬᠡᠷ ᠤᠨ ᠡᠪᠡᠳᠴᠢᠨ ᠪᠤᠢ ᠪᠤᠯᠤᠭᠰᠠᠨ ᠰᠢᠯᠳᠠᠭᠠᠨ ᠢ ᠲᠤᠳᠤᠭᠠᠳᠤ ᠶᠢᠨ ᠰᠢᠯᠳᠠᠭᠠᠨ ︵ᠪᠠᠶ᠎ᠠ ᠶᠢᠨ ᠰᠢᠯᠳᠠᠭᠠᠨ︶ ᠪᠠ ᠭᠠᠳᠠᠭᠠᠳᠤ ᠶᠢᠨ ᠰᠢᠯᠳᠠᠭᠠᠨ ︵ᠲᠦᠷᠬᠡᠨ ᠴᠢᠨᠠᠷᠳᠠᠢ ᠰᠢᠷᠬᠠᠳᠤᠯ︶ ᠬᠡᠮᠡᠨ ᠬᠤᠶᠠᠷ ᠵᠦᠢᠯ ᠬᠤᠪᠢᠶᠠᠵᠤ᠂ ᠲᠤᠳᠤᠭᠠᠳᠤ ᠰᠢᠯᠳᠠᠭᠠᠨ ᠪᠤᠯ ᠬᠦᠵᠤᠬᠦᠤ ᠰᠡᠬᠡᠷ ᠤᠨ ᠡᠪᠡᠳᠴᠢᠨ ᠪᠤᠢ ᠪᠤᠯᠤᠭᠰᠠᠨ ᠤ ᠰᠠᠭᠤᠷᠢ ᠮᠦᠨ᠃     ᠡᠪᠡᠳᠴᠢᠨ ᠪᠤᠢ ᠪᠤᠯᠤᠭᠰᠠᠨ ᠰᠢᠯᠳᠠᠭᠠᠨ ᠢ ᠲᠤᠳᠤᠯᠠᠭᠰᠠᠨ ᠬᠤᠶᠢᠨ᠎ᠠ ᠲᠠᠬᠢᠨ ᠡᠪᠡᠳᠴᠢᠨ ᠤ ᠪᠠᠶᠢᠳᠠᠯ ᠳᠠᠭᠠᠨ ᠵᠤᠬᠢᠴᠠᠭᠤᠯᠤᠨ ᠠᠨᠠᠭᠠᠵᠤ᠂ ᠦᠷᠬᠦᠯᠵᠢ ᠬᠦᠵᠤᠬᠦᠤ ᠰᠡᠬᠡᠷ ᠤᠨ ᠡᠷᠡᠬᠦᠯᠵᠢᠯ ᠤᠨ ᠲᠠᠮᠢᠷ ᠬᠢᠵᠤ᠂ ᠠᠮᠢᠳᠤᠷᠠᠯ ᠤᠨ ᠵᠢᠵᠢᠭ ᠰᠠᠵᠢᠭ ᠵᠦᠢᠯ ᠠᠴᠠ ᠭᠠᠷᠳᠠᠨ ᠤᠷᠤᠪᠠᠯ ᠬᠦᠵᠤᠬᠦᠤ ᠰᠡᠬᠡᠷ ᠤᠨ ᠡᠪᠡᠳᠴᠢᠨ ᠢ ᠠᠷᠢᠯᠭᠠᠵᠤ ᠲᠠᠶᠢᠯᠬᠦ ᠶᠤᠮ᠃ ᠲᠤᠳᠤᠭᠠᠳᠤ ᠰᠢᠯᠳᠠᠭᠠᠨ ᠳᠤ ᠭᠤᠷᠪᠠᠨ ᠲᠠᠯ᠎ᠠ ᠪᠤᠢ᠃     ᠨᠢᠬᠡ᠂ ᠨᠠᠰᠤ ᠵᠢᠯ ᠤᠨ ᠰᠢᠯᠳᠠᠭᠠᠨ᠃ ᠮᠠᠰᠢ ᠤᠯᠠᠨ ᠬᠦᠵᠤᠬᠦᠤ ᠰᠡᠬᠡᠷ ᠤᠨ ᠡᠪᠡᠳᠴᠢᠨ ᠨᠢ ᠨᠠᠰᠤ ᠵᠢᠯ ᠯᠤᠭ᠎ᠠ ᠨᠢᠬᠳᠠ ᠬᠠᠷᠢᠴᠠᠭ᠎ᠠ ᠲᠠᠢ᠃ ᠵᠢᠱᠢᠶᠡᠯᠡᠪᠡᠯ ᠬᠦᠵᠦᠬᠦᠨ ᠤ ᠶᠠᠰᠤ ᠤᠪᠤᠶᠢᠯᠳᠠ ᠨᠢ ᠵᠠᠯᠠᠭᠤᠴᠤᠳ ᠲᠤ ᠤᠨᠤᠭᠳᠠᠳᠠᠭ᠃ ᠤᠴᠢᠷ ᠡᠨᠡᠬᠦ ᠬᠤᠭᠤᠴᠠᠭᠠᠨ ᠳᠤ ᠶᠠᠰᠤᠨ ᠳᠠᠬᠢ ᠤᠰᠤᠨ ᠤ ᠠᠭᠤᠯᠤᠭᠳᠠᠴᠠ ᠨᠡᠯᠢᠶᠡᠳ ᠦᠨᠳᠤᠷ ᠪᠠᠶᠢᠵᠤ᠂ ᠬᠠᠷᠢᠮᠠᠬᠠᠢ ᠴᠢᠨᠠᠷ ᠨᠢ ᠴᠢᠩᠭ᠎ᠠ ᠪᠠᠶᠢᠳᠠᠭ ᠪᠤᠯᠬᠤᠷ ᠰᠢᠷᠬᠡᠭᠯᠢᠭ ᠡᠳ᠋ ᠤᠨ ᠴᠠᠭᠠᠷᠢᠭ ᠡᠪᠳᠡᠭᠳᠡᠭᠰᠡᠬᠡᠷ ᠶᠠᠰᠤᠯᠢᠭ ᠡᠳ᠋ ᠨᠢ ᠲᠤᠳᠤᠭᠠᠳᠤ ᠶᠢᠨ ᠲᠠᠷᠤᠯᠳᠠ ᠠᠴᠠ ᠪᠤᠯᠤᠭᠠᠳ ᠭᠠᠳᠠᠭᠰᠢ ᠤᠪᠤᠶᠢᠳᠠᠭ᠃ ᠨᠠᠰᠤᠳᠠᠶᠢᠴᠤᠳ ᠤᠨ ᠶᠠᠰᠤᠨ ᠳᠠᠬᠢ ᠤᠰᠤᠨ ᠤ ᠠᠭᠤᠯᠤᠭᠳᠠᠴᠠ ᠨᠡᠯᠢᠶᠡᠳ ᠴᠦᠬᠡᠨ᠂ ᠲᠤᠳᠤᠭᠠᠳᠤ ᠲᠠᠷᠤᠯᠳᠠ ᠨᠡᠯᠢᠶᠡᠳ ᠰᠤᠯᠠ᠂ ᠬᠠᠷᠢᠮᠠᠬᠠᠢ ᠴᠢᠨᠠᠷ ᠢᠶᠠᠷ ᠴᠦ ᠪᠠᠷᠤᠭᠳᠠᠢ ᠪᠠᠶᠢᠳᠠᠭ ᠪᠤᠯᠬᠤᠷ ᠰᠢᠷᠬᠡᠭᠯᠢᠭ ᠡᠳ᠋ ᠤᠨ ᠴᠠᠭᠠᠷᠢᠭ ᠨᠢ ᠡᠪᠳᠡᠭᠳᠡᠭᠰᠡᠨ ᠴᠦ ᠶᠠᠰᠤᠯᠢᠭ ᠡᠳ᠋ ᠨᠢ ᠪᠠᠷᠤᠭ ᠲᠠᠢ ᠳᠤ ᠤᠪᠤᠶᠢᠳᠠᠭ ᠦᠬᠡᠢ᠃     ᠬᠤᠶᠠᠷ᠂ ᠠᠵᠢᠯ ᠦᠢᠯᠡᠰ᠃ ᠠᠵᠢᠯ ᠦᠢᠯᠡᠰ ᠬᠡᠳᠦ᠋ᠢᠪᠡᠷ ᠬᠦᠮᠦᠨ ᠤ ᠪᠠᠶ᠎ᠠ ᠶᠢᠨ ᠲᠤᠳᠤᠭᠠᠳᠤ ᠶᠢᠨ ᠰᠢᠯᠳᠠᠭᠠᠨ ᠪᠢᠰᠢ ᠪᠤᠯᠪᠠᠴᠦ ᠲᠡᠷᠡ ᠨᠢ ᠲᠤᠳᠤᠭᠠᠳᠤ ᠰᠢᠯᠳᠠᠭᠠᠨ ᠵᠢᠴᠢ ᠬᠦᠵᠤᠬᠦᠤ ᠰᠡᠬᠡᠷ ᠤᠨ ᠡᠪᠡᠳᠴᠢᠨ ᠢ ᠡᠬᠦᠰᠬᠡᠬᠦ ᠲᠠᠢ ᠨᠢᠭᠳᠠ ᠬᠠᠷᠢᠴᠠᠭ᠎ᠠ ᠲᠠᠢ᠃ ᠵᠢᠱᠢᠶᠡᠯᠡᠪᠡᠯ ᠤᠷᠳᠤ ᠬᠤᠭᠤᠴᠠᠭ᠎ᠠ ᠪᠠᠷ ᠰᠢᠷᠡᠭᠡ ᠡᠯᠢᠬᠡᠳᠡᠨ ᠠᠵᠢᠯᠯᠠᠳᠠᠭ ᠦᠰᠦᠭ ᠴᠤᠬᠢᠬᠴᠢ᠂ ᠨᠢᠭᠳᠠᠯᠠᠨ ᠪᠤᠳᠤᠭᠴᠢ ᠶᠢᠨ ᠰᠢᠷᠡᠬᠡᠨ ᠤ ᠦᠨᠳᠤᠷ ᠪᠤᠭᠤᠨᠢ ᠨᠢ ᠵᠤᠬᠢᠰ ᠦᠬᠡᠢ ᠪᠤᠯ ᠬᠦᠵᠦᠬᠦᠤ ᠰᠡᠬᠡᠷ ᠤᠨ ᠡᠪᠡᠳᠴᠢᠨ ᠳᠤ ᠠᠮᠠᠷᠬᠠᠨ ᠨᠠᠷᠪᠡᠭᠳᠡᠳᠡᠭ᠃ ᠲᠠᠮᠨᠠᠬᠤ᠂ ᠡᠷᠬᠦᠬᠦ᠂ ᠰᠢᠳᠠᠬᠦ ᠮᠡᠳᠤ ᠶᠢᠨ ᠬᠦᠨᠳᠤ ᠬᠦᠳᠡᠯᠮᠤᠷᠢ ᠶᠢᠨ ᠠᠵᠢᠯᠴᠢᠳ ᠤᠨ ᠬᠦᠴᠦ ᠵᠠᠷᠤᠬᠤ ᠨᠢ ᠵᠤᠬᠢᠰ ᠦᠬᠡᠢ ᠪᠤᠯᠪᠠᠯ ᠪᠠᠰᠠ ᠬᠦᠵᠦᠬᠦᠤ ᠰᠡᠬᠡᠷ ᠪᠤᠶᠤ ᠨᠢᠷᠤᠭᠤ ᠶᠠᠰᠤᠨ ᠤ ᠡᠪᠡᠳᠴᠢᠨ ᠳᠤ ᠠᠮᠠᠷᠬᠠᠨ ᠨᠡᠷᠪᠡᠭᠳᠡᠳᠡᠭ ᠶᠤᠮ᠃     ᠭᠤᠷᠪᠠ᠂ ᠪᠡᠶ᠎ᠡ ᠶᠢᠨ ᠪᠠᠶᠢᠳᠠᠯ᠃ ᠪᠠᠶ᠎ᠠ ᠮᠠᠬᠠᠪᠤᠳ ᠴᠢᠬᠢᠷᠠᠭ ᠪᠤᠯ ᠪᠤᠯᠴᠢᠩ ᠨᠢ ᠬᠦᠴᠦᠳᠠᠢ ᠪᠠᠶᠢᠵᠤ᠂ ᠭᠠᠳᠠᠨᠠᠬᠢ ᠲᠠᠷᠤᠯᠳᠠ ᠪᠠ ᠬᠦᠢᠳᠡᠨ ᠬᠠᠯᠠᠭᠤᠨ ᠢ ᠬᠦᠯᠢᠴᠡᠬᠦ ᠴᠢᠳᠠᠪᠤᠷᠢ ᠪᠠᠷ ᠴᠢᠩᠭ᠎ᠠ ᠪᠤᠯᠬᠤᠷ ᠠᠮᠠᠷᠬᠠᠨ ᠬᠦᠵᠤᠬᠦᠤ ᠰᠡᠬᠡᠷ ᠤᠨ ᠡᠪᠡᠳᠴᠢᠨ ᠳᠤ ᠨᠡᠷᠪᠡᠭᠳᠡᠬᠦ ᠦᠬᠡᠢ᠃ ᠲᠠᠶᠢᠮᠤ ᠪᠢᠰᠢ ᠪᠤᠯ ᠦᠶ᠎ᠠ ᠬᠡᠰᠢᠬᠦᠤ ᠠᠮᠠᠷᠬᠠᠨ ᠮᠤᠯᠳᠤᠷᠠᠳᠠᠭ ᠶᠤᠮ᠃ ᠵᠢᠱᠢᠶᠡᠯᠡᠪᠡᠯ ᠪᠠᠶ᠎ᠠ ᠶᠢᠨ ᠪᠠᠶᠢᠳᠠᠯ ᠠᠨᠠᠢ ᠰᠢᠬ ᠪᠠᠶᠢᠳᠠᠭ ᠨᠠᠰᠤᠳᠠᠶᠢᠴᠤᠳ ᠵᠠᠩᠬᠢᠨᠠᠵᠤ ᠰᠡᠷᠢᠬᠦᠳᠡᠭᠰᠡᠨ ᠠᠴᠠ ᠪᠤᠯᠵᠤ ᠬᠦᠵᠦᠬᠦᠤ ᠰᠡᠬᠡᠷ ᠤᠨ ᠡᠪᠡᠳᠴᠢᠨ ᠳᠤ ᠨᠠᠷᠪᠡᠭᠳᠡᠬᠡᠳ ᠬᠦᠵᠦᠬᠦᠤ ᠰᠡᠬᠡᠷ ᠬᠠᠳᠠᠭᠤᠷᠠᠨ ᠡᠪᠡᠳᠴᠦ᠂ ᠮᠦᠷᠤ ᠲᠠᠯᠤ ᠡᠪᠡᠳᠤᠳᠡᠭ ᠶᠤᠮ᠃     ᠭᠠᠳᠠᠭᠠᠳᠤ ᠰᠢᠯᠳᠠᠭᠠᠨ ᠳᠤ ᠬᠤᠶᠠᠷ ᠲᠠᠯ᠎ᠠ ᠪᠤᠢ᠃     ᠨᠢᠬᠡ᠂ ᠲᠤᠯᠤᠭᠠᠢ᠂ ᠬᠦᠵᠦᠬᠦᠤ ᠪᠠ ᠮᠦᠷᠤ ᠶᠢᠨ ᠰᠢᠷᠬᠠᠳᠤᠯ᠃ ᠵᠠᠷᠢᠮ ᠭᠠᠳᠠᠷ ᠰᠢᠷᠬ᠎ᠠ ᠶᠢ ᠬᠦᠮᠦᠰ ᠲᠠᠮᠡᠢ ᠤᠪᠠᠶᠢᠯᠠᠳᠠᠭ ᠦᠬᠡᠢ᠃ ᠵᠢᠱᠢᠶᠡᠯᠡᠪᠡᠯ ᠲᠠᠷᠬᠡᠨ ᠳᠤ ᠰᠠᠭᠤᠭᠠᠳ ᠲᠤᠭᠬᠢᠵᠤ᠂ ᠲᠡᠷᠬᠡ ᠲᠤᠷᠮᠤᠰᠯᠠᠬᠤ ᠦᠶᠡᠰ ᠲᠤᠯᠤᠭᠠᠢ ᠬᠡᠨᠡᠳᠳᠡ ᠠᠷᠤᠨᠰᠢ ᠬᠡᠳᠡᠶᠢᠬᠦ ᠨᠢ ᠬᠦᠵᠤᠬᠦᠤ ᠰᠡᠬᠡᠷ ᠢ ᠰᠢᠷᠬᠠᠳᠤᠭᠤᠯᠵᠤ ᠮᠡᠳᠡᠨ᠎ᠠ᠃ ᠨᠢᠯᠬ᠎ᠠ ᠬᠡᠤᠬᠡᠳ ᠤᠨ ᠬᠦᠵᠦᠬᠦᠨ ᠤ ᠪᠤᠯᠴᠢᠩ ᠲᠠᠮᠡᠢ ᠬᠦᠭᠵᠢᠬᠡᠳᠤᠢ ᠪᠤᠯᠬᠤᠷ ᠬᠡᠳᠤ ᠡᠷᠳᠡ ᠲᠠᠪᠡᠷᠢᠵᠤ ᠪᠤᠰᠬᠠᠬᠤ ᠪᠤᠶᠤ ᠲᠡᠪᠡᠷᠢᠬᠦ ᠠᠷᠭ᠎ᠠ ᠬᠡᠯᠪᠡᠷᠢ ᠲᠠᠭᠠᠷᠠᠬᠤ ᠦᠬᠡᠢ ᠪᠤᠯ ᠪᠠᠰᠠ ᠬᠦᠵᠦᠬᠦᠤ ᠰᠡᠬᠡᠷ ᠢ ᠨᠢ ᠰᠢᠷᠬᠠᠳᠤᠭᠤᠯᠵᠤ ᠮᠡᠳᠡᠳᠡᠭ᠃     ᠬᠤᠶᠠᠷ᠂ ᠠᠮᠢᠳᠤᠷᠠᠯ ᠤᠨ ᠲᠤᠮᠳᠠᠬᠢ ᠬᠦᠳᠡᠯᠤᠯ ᠪᠠᠶᠢᠳᠠᠯ᠃ ᠤᠳᠤ ᠶᠢᠨ ᠬᠦᠮᠦᠰ ᠠᠵᠢᠯ ᠠᠮᠢᠳᠤᠷᠠᠯ ᠤᠨ ᠲᠤᠮᠳᠠ ᠪᠠᠨ ᠺᠤᠮᠫᠢᠦ᠋ᠲ᠋ᠧᠷ ᠵᠠᠷᠤᠬᠤ ᠳᠠᠭᠠᠨ ᠡᠪ ᠦᠬᠡᠢ ᠰᠠᠭᠤᠬᠤ᠂ ᠬᠡᠪᠳᠡᠬᠡᠳ ᠨᠤᠮ ᠦᠵᠡᠬᠦ᠂ ᠶᠠᠳᠠᠷᠠᠭᠰᠠᠨ ᠦᠶ᠎ᠠ ᠳᠤ ᠲᠠᠷᠬᠡ ᠪᠠᠷᠢᠬᠤ᠂ ᠱᠠᠹᠠ ᠲᠠᠬᠡᠷ᠎ᠠ ᠪᠠᠨ ᠤᠨᠳᠠᠬᠤ ᠵᠡᠷᠬᠡ ᠨᠢ ᠴᠦᠮ ᠬᠦᠵᠦᠬᠦᠤ ᠰᠡᠬᠡᠷ ᠢ ᠬᠦᠨᠳᠤ ᠨᠤᠴᠢᠳᠠᠢ ᠨᠦᠯᠦᠬᠡᠯᠡᠳᠡᠭ ᠲᠦᠷᠪᠡᠨ ᠰᠢᠯᠳᠠᠭᠠᠨ ᠪᠤᠯᠵᠤ ᠪᠤᠢ᠃ ᠡᠬᠦᠨ ᠢ ᠤᠯᠠᠩᠬᠢ ᠬᠦᠮᠦᠰ ᠬᠠᠷᠢᠨ ᠲᠠᠮᠡᠢ ᠠᠩᠬᠠᠷᠳᠠᠭ ᠦᠬᠡᠢ ᠶᠤᠮ᠃ ᠠᠮᠢᠳᠤᠷᠠᠯ ᠤᠨ ᠵᠢᠵᠢᠭ ᠰᠠᠵᠢᠬ ᠵᠦᠢᠯ ᠠᠴᠠ ᠭᠠᠷᠳᠠᠨ ᠬᠦᠵᠦᠬᠦᠤ ᠰᠡᠬᠡᠷ ᠤᠨ ᠡᠪᠡᠳᠴᠢᠨ ᠢ ᠤᠷᠢᠳᠴᠢᠯᠠᠨ ᠰᠡᠷᠬᠡᠶᠢᠯᠡᠬᠦ ᠴᠢᠬᠤᠯᠠᠳᠠᠢ᠃     ᠬᠦᠵᠦᠬᠦᠤ ᠰᠡᠬᠡᠷ ᠤᠨ ᠡᠪᠡᠳᠴᠢᠨ ᠢ ᠰᠡᠷᠬᠡᠶᠢᠯᠡᠬᠦ ᠳᠤ     ᠨᠢᠬᠡ᠂ ᠠᠮᠠᠷᠠᠬᠤ ᠪᠠ ᠠᠵᠢᠯᠯᠠᠬᠤ ᠲᠠᠯ᠎ᠠ ᠶᠢᠨ ᠮᠠᠭᠤ ᠲᠠᠳᠬᠠᠯ ᠢᠶᠠᠨ ᠵᠠᠯᠠᠷᠠᠭᠤᠯᠤᠨ ᠬᠦᠵᠦᠬᠦᠨ ᠤ ᠬᠡᠰᠡᠭ ᠤᠨ ᠶᠠᠳᠠᠷᠠᠭ᠎ᠠ ᠶᠢ ᠪᠠᠭᠠᠰᠬᠠᠵᠤ᠂ ᠤᠷᠳᠤ ᠬᠤᠭᠤᠴᠠᠭ᠎ᠠ ᠪᠠᠷ ᠲᠧᠯᠸᠢᠰ ᠱᠠᠭᠠᠢᠢᠬᠤ ᠪᠤᠶᠤ ᠤᠷᠳᠤ ᠬᠤᠭᠤᠴᠠᠭ᠎ᠠ ᠪᠠᠷ ᠲᠤᠯᠤᠭᠠᠢ ᠪᠦᠬᠦ᠋ᠢᠨ ᠠᠵᠢᠯᠯᠠᠵᠤ ᠪᠤᠯᠬᠤ ᠦᠬᠡᠢ᠃ ᠠᠵᠢᠯᠯᠠᠬᠤ ᠦᠶ᠎ᠠ ᠳᠡᠭᠡᠨ ᠤᠷᠳᠤ ᠬᠤᠭᠤᠴᠠᠭ᠎ᠠ ᠪᠠᠷ ᠨᠢᠬᠡᠯᠡ ᠬᠡᠪ ᠢᠶᠠᠷ ᠰᠠᠭᠤᠵᠤ ᠪᠤᠯᠬᠤ ᠦᠬᠡᠢ᠃ ᠤᠷᠳᠤ ᠬᠤᠭᠤᠴᠠᠭ᠎ᠠ ᠪᠠᠷ ᠰᠢᠷᠡᠭᠡ ᠡᠯᠢᠬᠡᠳᠡᠨ ᠠᠵᠢᠯᠯᠠᠬᠤ ᠵᠢᠴᠢ ᠤᠷᠳᠤ ᠬᠤᠭᠤᠴᠠᠭ᠎ᠠ ᠪᠠᠷ ᠲᠤᠯᠤᠭᠠᠢ ᠪᠦᠬᠦ᠋ᠢᠨ ᠠᠵᠢᠯᠯᠠᠬᠤ ᠨᠢ ᠬᠦᠵᠦᠬᠦᠤ ᠰᠡᠬᠡᠷ ᠤᠨ ᠹᠢᠽᠢᠤᠯᠦᠬᠢ ᠶᠢᠨ ᠮᠤᠷᠦ᠋ᠢᠯᠳᠠ ᠶᠢ ᠡᠪᠳᠡᠵᠤ᠂ ᠬᠦᠵᠦᠬᠦᠤ ᠰᠡᠬᠡᠷ ᠤᠨ ᠹᠢᠽᠢᠤᠯᠦᠬᠢ ᠶᠢᠨ ᠮᠤᠷᠦ᠋ᠢᠯᠳᠠ ᠬᠡᠳᠡᠷᠬᠦ ᠪᠠᠨ ᠮᠤᠷᠦ᠋ᠢᠵᠤ ᠮᠡᠳᠡᠳᠡᠭ᠃ ᠡᠶᠢᠮᠤ ᠠᠴᠠ ᠠᠵᠢᠯᠯᠠᠬᠤ ᠴᠠᠭ ᠲᠠᠭᠠᠨ ᠴᠦ ᠲᠤᠭᠳᠠᠭᠰᠠᠨ ᠬᠤᠭᠤᠴᠠᠭ᠎ᠠ ᠲᠠᠢ ᠪᠠᠷ ᠠᠮᠠᠷᠠᠰᠬᠢᠬᠦ ᠶᠢᠨ ᠬᠠᠮᠳᠤ ᠲᠤᠯᠤᠭᠠᠢ ᠪᠠᠨ ᠡᠷᠬᠦᠬᠦ ᠮᠡᠳᠤ ᠪᠠᠷ ᠵᠢᠭᠠᠬᠠᠨ ᠬᠦᠳᠡᠯᠬᠡᠬᠡᠨ ᠬᠢᠪᠡᠯ ᠰᠠᠶᠢᠨ᠃ ᠺᠤᠮᠫᠢᠦ᠋ᠲ᠋ᠧᠷ ᠢᠶᠠᠷ ᠠᠵᠢᠯᠯᠠᠳᠠᠭ ᠬᠦᠮᠦᠰ ᠤᠨ ᠬᠦᠵᠦᠬᠦᠤ ᠰᠡᠬᠡᠷ ᠨᠢ ᠤᠷᠳᠤ ᠬᠤᠭᠤᠴᠠᠭ᠎ᠠ ᠪᠠᠷ ᠨᠢᠬᠡᠯᠡ ᠪᠠᠶᠢᠳᠠᠯ ᠳᠤ ᠤᠷᠤᠰᠢᠳᠠᠭ ᠪᠤᠯᠬᠤᠷ ᠬᠦᠵᠦᠬᠦᠨ ᠤ ᠪᠤᠯᠴᠢᠩ ᠶᠠᠳᠠᠷᠠᠨ ᠰᠢᠷᠬᠠᠳᠤᠵᠤ ᠮᠡᠳᠡᠬᠦ ᠶᠤᠮ᠃ ᠡᠳᠤᠷ ᠪᠦᠷᠢ 1 ᠴᠠᠭ ᠠᠵᠢᠯᠯᠠᠪᠠᠯ ᠬᠦᠳᠡᠯᠦᠯ ᠪᠠᠶᠢᠳᠠᠯ ᠢᠶᠠᠨ ᠬᠤᠪᠢᠷᠠᠭᠤᠯᠬᠤ ᠶᠢᠨ ᠬᠠᠮᠳᠤ ᠵᠦᠢ ᠵᠤᠬᠢᠰᠳᠠᠢ ᠪᠠᠷ ᠬᠦᠳᠡᠯᠬᠡᠬᠡᠨ ᠬᠢᠬᠦ ᠪᠠᠷ ᠲᠠᠮᠵᠢᠨ ᠬᠦᠵᠦᠬᠦᠨ ᠤ ᠪᠤᠯᠴᠢᠩ ᠤᠨ ᠴᠢᠰᠤᠨ ᠤ ᠬᠠᠩᠭᠠᠯᠭ᠎ᠠ ᠶᠢ ᠪᠠᠳᠤᠯᠠᠵᠤ᠂ ᠬᠠᠷᠢᠮᠠᠬᠠᠢ ᠴᠢᠨᠠᠷ ᠢ ᠨᠢ ᠨᠡᠮᠡᠭᠳᠡᠬᠦᠯᠦᠨ ᠬᠡᠳᠤ ᠶᠠᠳᠠᠷᠠᠭᠰᠠᠨ ᠠᠴᠠ ᠪᠤᠯᠵᠤ ᠰᠢᠷᠬᠠᠳᠤᠬᠤ ᠶᠢ ᠰᠡᠷᠬᠡᠶᠢᠯᠡᠬᠦ ᠴᠢᠬᠤᠯᠠᠳᠠᠢ᠃     ᠬᠤᠶᠠᠷ᠂ ᠤᠨᠳᠠᠬᠤ ᠳᠠᠭᠠᠨ ᠪᠠᠶ᠎ᠠ ᠶᠢᠨ ᠪᠠᠶᠢᠳᠠᠯ ᠢᠶᠠᠨ ᠰᠠᠶᠢᠬᠠᠨ ᠲᠤᠬᠢᠷᠠᠭᠤᠯᠵᠤ᠂ ᠲᠤᠬᠢᠳᠠᠢ ᠲᠡᠷ᠎ᠡ ᠶᠢ ᠰᠤᠩᠭᠤᠬᠤ ᠬᠡᠷᠡᠭᠳᠠᠢ᠃ ᠤᠨᠳᠠᠬᠤ ᠳᠠᠭᠠᠨ ᠲᠠᠬᠡᠭᠰᠢ ᠬᠠᠨᠳᠤᠬᠤ ᠬᠡᠯᠪᠡᠷᠢ ᠪᠠᠷ ᠭᠤᠤᠯ ᠪᠤᠯᠭᠠᠨ ᠬᠠᠵᠠᠭᠤᠯᠠᠬᠤ ᠪᠠᠷ ᠲᠠᠳ᠋ ᠪᠤᠯᠭᠠᠪᠠᠯ ᠵᠤᠬᠢᠨ᠎ᠠ᠃ ᠬᠠᠵᠠᠭᠤᠯᠠᠵᠤ ᠬᠡᠪᠳᠡᠬᠦ ᠳᠡᠭᠡᠨ ᠬᠤᠶᠠᠷ ᠬᠦᠯ ᠢᠶᠠᠨ ᠵᠢᠭᠠᠬᠠᠨ ᠠᠳᠤᠷᠢᠭᠤᠯᠪᠠᠯ ᠰᠠᠶᠢᠨ᠃ ᠡᠯᠢᠬᠡᠳᠡᠨ ᠤᠨᠳᠠᠬᠤ᠂ ᠬᠠᠭᠠᠰ ᠡᠯᠢᠬᠡᠳᠡ ᠤᠨᠳᠠᠬᠤ᠂ ᠲᠠᠬᠡᠷ᠎ᠠ ᠲᠤᠤᠷ᠎ᠠ ᠪᠠᠶ᠎ᠠ ᠴᠦᠮ ᠠᠳᠤᠷᠢᠭᠤᠯᠤᠨ ᠤᠨᠳᠠᠬᠤ ᠵᠡᠷᠬᠡ ᠨᠢ ᠴᠦᠮ ᠰᠠᠶᠢᠨ ᠤᠨᠳᠠᠯᠭ᠎ᠠ ᠪᠢᠰᠢ᠃ ᠴᠠᠭ ᠲᠠᠷᠤᠢ ᠳᠤᠨᠢ ᠵᠠᠯᠠᠷᠠᠭᠤᠯᠬᠤ ᠬᠡᠷᠡᠭᠳᠠᠢ᠃ ᠤᠨᠳᠠᠬᠤ ᠳᠠᠭᠠᠨ ᠲᠤᠯᠤᠭᠠᠢ ᠪᠠᠨ ᠲᠡᠷ᠎ᠡ ᠶᠢᠨ ᠢᠶᠠᠨ ᠭᠤᠤᠯ ᠳᠤ ᠲᠠᠯᠪᠢᠵᠤ᠂ ᠭᠠᠷ ᠤᠨ ᠠᠯᠠᠭ᠎ᠠ ᠶᠢᠨ ᠬᠡᠮᠵᠢᠶ᠎ᠠ ᠲᠠᠢ ᠪᠠᠨ ᠲᠠᠩᠴᠡᠭᠰᠡᠨ ᠦᠨᠳᠤᠷ ᠢᠶᠠᠷ ᠲᠡᠷ᠎ᠡ ᠰᠤᠩᠭᠤᠪᠠᠯ ᠰᠠᠶᠢᠨ᠃ ᠬᠡᠬᠦ ᠳᠡᠭᠡᠨ ᠬᠡᠳᠤ ᠬᠠᠳᠠᠭᠤ ᠲᠠᠷ᠎ᠡ ᠶᠢ ᠰᠤᠩᠭᠤᠵᠤ ᠪᠤᠯᠬᠤ ᠦᠬᠡᠢ᠃ ᠤᠨᠳᠠᠬᠤ ᠦᠶᠡᠰ ᠲᠠᠷ᠎ᠡ ᠪᠠᠨ ᠡᠮᠡᠬᠡᠯ ᠤᠨ ᠬᠡᠯᠪᠡᠷᠢ ᠲᠠᠢ ᠪᠤᠯᠭᠠᠪᠠᠯ ᠰᠠᠶᠢᠨ᠃     ᠭᠤᠷᠪᠠ᠂ ᠲᠠᠭᠠᠷᠠᠵᠤ ᠵᠠᠩᠬᠢᠨᠠᠬᠤ ᠠᠴᠠ ᠰᠡᠷᠬᠡᠶᠢᠯᠡᠨ᠎ᠠ᠃ ᠲᠠᠭᠠᠷᠠᠵᠤ ᠵᠠᠩᠬᠢᠨᠠᠪᠠᠯ ᠪᠤᠯᠴᠢᠩ ᠤᠨ ᠰᠤᠨᠤᠯᠳᠠ ᠲᠠᠬᠡᠭᠰᠢᠯᠡᠵᠤ᠂ ᠬᠠᠷᠢᠮᠠᠬᠠᠢ ᠴᠢᠨᠠᠷ ᠢᠶᠠᠨ ᠠᠯᠳᠠᠬᠤ ᠪᠤᠯᠬᠤᠷ ᠠᠮᠠᠷᠬᠠᠨ ᠰᠢᠷᠬᠠᠳᠤᠳᠠᠭ᠃ ᠡᠨᠡ ᠨᠢ ᠪᠠᠰᠠ ᠬᠦᠵᠤᠬᠦᠤ ᠰᠡᠬᠡᠷ ᠤᠨ ᠲᠠᠷᠤᠯᠳᠠ ᠶᠢᠨ ᠬᠦᠴᠦ ᠶᠢ ᠨᠡᠮᠡᠭᠳᠡᠬᠦᠯᠦᠨ ᠮᠡᠳᠡᠷᠡᠯ ᠤᠨ ᠤᠭ ᠤᠨ ᠲᠠᠷᠤᠯᠳᠠ ᠶᠢ ᠨᠡᠮᠡᠭᠳᠡᠬᠦᠯᠳᠡᠭ᠃ ᠲᠠᠭᠠᠷᠠᠵᠤ ᠵᠠᠩᠬᠢᠨᠠᠪᠠᠯ ᠮᠡᠳᠡᠷᠡᠯ ᠤᠨ ᠤᠭ ᠤᠨ ᠡᠷᠬᠢᠨ ᠲᠤᠭᠤᠷᠢᠨ ᠳᠠᠬᠢ ᠦᠷᠪᠢᠰᠤᠯ ᠢ ᠠᠬᠠᠳᠠᠭᠤᠯᠵᠤ ᠮᠡᠳᠡᠨ᠎ᠠ᠃     ᠲᠦᠷᠪᠡ᠂ ᠡᠪᠡᠳᠴᠢᠨ ᠤ ᠪᠠᠶᠢᠳᠠᠯ ᠬᠦᠩᠬᠡᠨ ᠪᠤᠯ ᠡᠮᠴᠢ ᠶᠢᠨ ᠵᠢᠯᠦᠭᠤᠳᠤᠯᠭ᠎ᠠ ᠪᠠᠷ ᠤᠷᠤ ᠲᠠᠬᠡᠷ᠎ᠠ ᠪᠠᠨ ᠬᠡᠪᠳᠡᠬᠡᠳ ᠠᠮᠠᠷᠠᠬᠤ᠂ ᠬᠦᠵᠦᠬᠦᠤ ᠪᠠᠨ ᠤᠷᠢᠶᠠᠨ ᠠᠯᠢ ᠴᠢᠳᠠᠬᠤ ᠪᠠᠷ ᠬᠦᠳᠡᠯᠬᠡᠬᠦ ᠦᠬᠡᠢ ᠪᠠᠶᠢᠬᠤ᠂ ᠦᠷᠪᠢᠰᠤᠯ ᠢ ᠨᠠᠮᠳᠠᠭᠠᠬᠤ ᠡᠮ ᠤᠤᠭᠤᠬᠤ ᠪᠤᠶᠤ ᠴᠢᠰᠤ ᠬᠦᠶᠦᠯᠬᠡᠨ ᠬᠠᠪᠤᠳᠠᠷ ᠢ ᠠᠷᠢᠯᠭᠠᠬᠤ ᠡᠪᠡᠰᠤᠨ ᠡᠮ ᠤᠤᠭᠤᠬᠤ᠂ ᠹᠢᠽᠢᠺ ᠤᠨ ᠵᠠᠰᠠᠯᠳᠠ ᠬᠢᠬᠦ ᠵᠡᠷᠬᠡ ᠪᠠᠷ ᠡᠮᠨᠡᠵᠤ ᠪᠤᠯᠳᠠᠭ᠃ ᠬᠦᠵᠦᠬᠦᠤ ᠰᠡᠬᠡᠷ ᠢᠶᠠᠨ ᠰᠤᠩᠭᠠᠬᠤ ᠶᠢ ᠬᠡᠷ ᠲᠡᠭᠡᠨ ᠬᠢᠵᠤ ᠪᠤᠯᠤᠨ᠎ᠠ᠃ ᠬᠡᠬᠦ ᠳᠡᠭᠡᠨ ᠡᠮᠴᠢ ᠠᠴᠠ ᠠᠷᠭ᠎ᠠ ᠤᠬᠠᠭᠠᠨ ᠪᠠ ᠰᠤᠩᠭᠠᠬᠤ ᠬᠦᠴᠦᠯᠡᠴᠡ ᠬᠤᠭᠤᠴᠠᠭ᠎ᠠ ᠶᠢ ᠨᠢᠮᠪᠠᠢ ᠠᠰᠠᠭᠤᠬᠤ ᠴᠢᠬᠤᠯᠠᠳᠠᠢ᠃ ᠬᠡᠷᠪᠡ ᠬᠦᠵᠦᠬᠦᠤ ᠰᠡᠬᠡᠷ ᠤᠨ ᠡᠪᠡᠳᠴᠢᠨ ᠨᠡᠯᠢᠶᠡᠳ ᠬᠦᠨᠳᠦᠷᠡᠭᠰᠡᠨ ᠪᠤᠯ ᠲᠡᠬᠡᠳᠤ ᠮᠦᠴᠡ ᠬᠦᠴᠦᠳᠠᠢ ᠡᠪᠡᠳᠴᠦ ᠮᠢᠨᠴᠦᠬᠦᠷᠡᠬᠦ ᠪᠤᠶᠤ ᠲᠦᠷᠪᠡᠨ ᠮᠦᠴᠡ ᠬᠦᠴᠦ ᠠᠯᠳᠠᠵᠤ᠂ ᠵᠠᠮ ᠶᠠᠪᠤᠬᠤ ᠳᠠᠭᠠᠨ ᠲᠤᠭᠳᠠᠪᠤᠷᠢ ᠠᠯᠳᠠᠬᠤ ᠪᠤᠯᠤᠨ᠎ᠠ᠃ ᠡᠨᠡ ᠦᠶᠡᠰ ᠮᠠᠰᠠ ᠵᠠᠰᠠᠯ ᠬᠢᠯᠬᠡᠬᠦ ᠴᠢᠬᠤᠯᠠᠳᠠᠢ᠃     ᠲᠠᠪᠤ᠂ ᠬᠦᠵᠦᠬᠦᠤ ᠰᠡᠬᠡᠷ ᠤᠨ ᠰᠤᠩᠭᠠᠯᠳᠠ ᠶᠢ ᠪᠤᠯᠭᠤᠮᠵᠢᠳᠠᠢ ᠬᠢᠬᠦ ᠬᠡᠷᠡᠭᠳᠠᠢ᠃ ᠬᠦᠵᠦᠬᠦᠤ ᠰᠡᠬᠡᠷ ᠢ ᠰᠤᠩᠭᠠᠬᠤ ᠪᠤᠯ ᠤᠳᠤᠬᠠᠨ ᠤ ᠬᠦᠵᠦᠬᠦᠤ ᠰᠡᠬᠡᠷ ᠤᠨ ᠡᠪᠡᠳᠴᠢᠨ ᠢ ᠵᠠᠰᠠᠬᠤ ᠨᠡᠯᠢᠶᠡᠳ ᠪᠦᠳᠦᠮᠵᠢᠳᠠᠢ ᠠᠷᠭ᠎ᠠ ᠪᠠᠷᠢᠯ ᠤᠨ ᠨᠢᠬᠡ ᠪᠤᠯᠪᠠᠴᠦ ᠪᠤᠯᠭᠤᠮᠵᠢᠯᠠᠬᠤ ᠦᠬᠡᠢ ᠪᠤᠯ ᠬᠦᠵᠦᠬᠦᠤ ᠰᠡᠬᠡᠷ ᠳᠤ ᠡᠪᠡᠳᠴᠢᠨ ᠤ ᠬᠤᠪᠢᠷᠠᠯᠳᠠ ᠡᠬᠦᠰᠴᠦ᠂ ᠬᠦᠵᠦᠬᠦᠤ ᠰᠡᠬᠡᠷ ᠤᠨ ᠲᠤᠯᠭᠠᠭᠤᠷᠢᠯᠠᠬᠤ ᠦᠢᠯᠡᠳᠤᠯ ᠮᠠᠭᠤᠳᠠᠵᠤ ᠮᠡᠳᠡᠨ᠎ᠠ᠃ ᠵᠢᠷᠭᠤᠭ᠎ᠠ᠂ ᠪᠠᠶ᠎ᠠ ᠶᠢᠨ ᠪᠤᠯᠪᠠᠰᠤᠷᠠᠯᠳᠠ ᠪᠠᠨ ᠴᠢᠩᠭᠠᠳᠬᠠᠨ ᠬᠦᠵᠦᠬᠦᠨ ᠤ ᠪᠤᠯᠴᠢᠩ ᠢᠶᠠᠨ ᠴᠢᠩᠭᠠᠷᠠᠭᠤᠯᠬᠤ ᠴᠢᠬᠤᠯᠠᠳᠠᠢ᠃ ᠡᠳᠤᠷ ᠪᠦᠷᠢ ᠠᠵᠢᠯ ᠤᠨ ᠴᠢᠯᠦᠬᠡ ᠵᠠᠪ ᠲᠠᠭᠠᠨ ᠬᠦᠵᠦᠬᠦᠤ ᠰᠡᠬᠡᠷ ᠤᠨ ᠲᠠᠮᠢᠷ ᠢ ᠬᠢᠵᠤ᠂ ᠬᠦᠵᠦᠬᠦᠤ ᠰᠡᠬᠡᠷ ᠢᠶᠠᠨ ᠬᠠᠮᠠᠭᠠᠯᠠᠵᠤ ᠪᠤᠯᠤᠨ᠎ᠠ᠃  
 
ᠢᠷᠡᠯᠲᠡ᠄ ᠠᠯᠠᠱᠨ ᠵᠡᠬᠦᠨ ᠬᠤᠰᠢᠭᠤᠨ ᠤ ᠠᠷᠠᠳ ᠤᠨ ᠵᠠᠰᠠᠭ ᠤᠨ ᠤᠷᠲᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号