ᠭᠤᠶᠤ ᠪᠤᠯᠬᠤ ᠠᠷᠭ᠎ᠠ
ᠨᠡᠶᠢᠲᠡᠯᠡᠭᠰᠡᠨ ᠴᠠᠭ᠄
2021/10/12
   1᠂ ᠦᠰᠦ ᠭᠡᠵᠢᠭᠡ ᠪᠠᠨ ᠤᠬᠢᠶᠠᠬᠤ ᠦᠶ᠎ᠠ ᠳᠤ ᠪᠠᠭ᠎ᠠ ᠰᠢᠭ᠋ ᠲᠠᠪᠤᠰᠤ ᠬᠢᠪᠡᠯ ᠦᠰᠦ ᠭᠡᠵᠢᠭᠡ ᠤᠨᠠᠬᠤ ᠶᠢ ᠰᠡᠷᠭᠡᠶᠢᠯᠡᠵᠦ ᠴᠢᠳᠠᠨ᠎ᠠ᠃    2᠂ ᠭᠡᠵᠢᠭᠡ ᠤᠬᠢᠶᠠᠬᠤ ᠤᠰᠤᠨ ᠳᠠᠭᠠᠨ ᠵᠢᠭᠠᠬᠠᠠ ᠼᠤᠤ ᠲᠤᠰᠤᠭᠠᠪᠠᠯ ᠦᠰᠦ ᠭᠡᠵᠢᠭᠡ ᠴᠢᠨᠢ ᠨᠡᠩ ᠬᠦᠯᠢᠭᠡᠷ ᠰᠠᠶᠢᠬᠠᠠ ᠪᠤᠯᠵᠦ᠂ ᠰᠠᠮᠨᠠᠵᠦ ᠠᠷᠢᠯᠭᠠᠬᠤ ᠳᠤ ᠠᠮᠠᠷ ᠮᠦᠷᠳᠡᠭᠡᠡ ᠬᠠᠭ ᠠᠷᠢᠯᠭᠠᠬᠤ ᠦᠢᠯᠡᠳᠦᠯ ᠲᠠᠢ᠃ ᠡᠨᠡ ᠠᠷᠭ᠎ᠠ ᠲᠠᠩᠨᠠᠭᠰᠠᠠ ᠭᠡᠵᠢᠭᠡ ᠳᠤ ᠤᠨᠴᠠ ᠲᠤᠬᠢᠷᠳᠠᠭ᠃    3᠂ ᠰᠢᠳᠦ ᠪᠠᠨ ᠤᠬᠢᠶᠠᠬᠤ ᠳᠠᠭᠠᠨ ᠶᠠᠭᠤᠤ ᠶᠢᠨ ᠢᠶᠠᠨ ᠲᠡᠭᠡᠷ᠎ᠠ ᠪᠠᠭ᠎ᠠ ᠰᠦᠳᠠ ᠬᠢᠵᠦ ᠱᠤᠸᠠᠵᠠᠳᠠᠪᠠᠯ ᠰᠢᠳᠦ ᠴᠢᠨᠢ ᠴᠠᠪ ᠴᠠᠭᠠᠠ ᠪᠤᠯᠬᠤ ᠪᠦᠭᠡᠳ ᠰᠢᠳᠦ ᠤᠨᠠᠬᠤ ᠶᠢ ᠰᠡᠷᠭᠡᠶᠢᠯᠡᠨ᠎ᠠ᠃    4᠂ ᠤᠷᠤᠢ ᠪᠤᠯᠭᠠᠠ ᠨᠢᠭᠤᠷ ᠤᠬᠢᠶᠠᠬᠤ ᠦᠶ᠎ᠠ ᠳᠤ ᠦᠨᠳᠡᠭᠡᠡ ᠴᠠᠭᠠᠠ ᠢᠶᠠᠷ ᠨᠢᠭᠤᠷ ᠢᠶᠠᠨ ᠵᠦᠯᠬᠦᠵᠦ᠂ ᠨᠢᠭᠡ ᠴᠠᠭ ᠤᠨ ᠲᠠᠷᠠᠭ᠎ᠠ ᠤᠬᠢᠶᠠᠵᠦ ᠠᠷᠢᠯᠭᠠᠪᠠᠯ᠂ ᠨᠢᠭᠤᠷ ᠴᠢᠷᠠᠢ ᠴᠢᠨᠢ ᠵᠦᠭᠡᠯᠡᠡ ᠪᠤᠯᠤᠨ᠎ᠠ᠃    5᠂ ᠬᠤᠭᠤᠯᠠᠠ ᠤ ᠲᠠᠷᠠᠭ᠎ᠠ 45 ᠮᠢᠨᠦ᠋ᠲ ᠤᠨ ᠬᠤᠶᠢᠨ᠎ᠠ᠂ ᠴᠠᠭ ᠪᠦᠷᠢ 4.8 ᠺᠢᠯᠤᠮᠧᠳ᠋ᠷ ᠤᠨ ᠬᠤᠷᠳᠤᠴᠠ ᠪᠠᠷ 20 ᠮᠢᠨᠦ᠋ᠲ ᠠᠯᠬᠤᠪᠠᠯ ᠬᠠᠯᠠᠭᠤᠨ ᠢ ᠶᠡᠬᠡᠪᠡᠷ ᠬᠤᠷᠤᠭᠳᠠᠭᠤᠯᠵᠦ᠂ ᠮᠠᠷᠢᠶ᠎ᠠ ᠰᠢᠭᠤᠷᠠᠠᠭᠤᠯᠬᠤ ᠳᠤ ᠠᠰᠢᠭᠳᠠᠢ ᠪᠠᠶᠢᠳᠠᠭ᠃ ᠬᠡᠷᠪᠡ ᠬᠤᠭᠤᠯᠠᠠ ᠤ ᠲᠠᠷᠠᠭ᠎ᠠ ᠬᠤᠶᠠᠷ ᠴᠠᠭ ᠤᠨ ᠬᠤᠶᠢᠨ᠎ᠠ ᠠᠯᠬᠤᠪᠠᠯ ᠦᠢᠯᠡᠳᠦᠯ ᠨᠢ ᠨᠡᠩ ᠰᠠᠶᠢᠨ ᠪᠠᠶᠢᠳᠠᠭ᠃    6᠂ ᠭᠠᠷ ᠤᠨ ᠠᠯᠠᠭ᠎ᠠ ᠬᠠᠭᠤᠷᠠᠶᠢᠳᠠᠵᠦ ᠬᠠᠭᠠᠷᠠᠬᠤ ᠲᠤᠷᠠᠳᠠᠢ ᠬᠦᠮᠦᠰ ᠭᠠᠷ ᠢᠶᠠᠨ ᠼᠤᠤ ᠲᠤᠳᠤᠷ᠎ᠠ 10 ᠮᠢᠨᠦ᠋ᠲ ᠲᠡᠪᠳᠦᠭᠡᠪᠡᠯ ᠭᠠᠷ ᠤᠨ ᠠᠯᠠᠭ᠎ᠠ ᠴᠢᠨᠢ ᠵᠦᠭᠡᠯᠡᠷᠡᠳᠡᠭ᠃    7᠂ ᠦᠷᠯᠦᠭᠡ ᠪᠦᠷᠢ ᠳ᠋ᠸᠦᠹᠦ᠋ ᠪᠠᠷ ᠬᠡᠳᠦᠨ ᠮᠢᠨᠦ᠋ᠲ ᠨᠢᠭᠤᠷ ᠢᠶᠠᠨ ᠵᠦᠯᠭᠦᠵᠦ᠂ ᠡᠨᠡ ᠮᠡᠳᠦ ᠪᠠᠷ ᠰᠠᠷ᠎ᠠ ᠵᠦᠯᠭᠦᠪᠡᠯ᠂ ᠨᠢᠭᠤᠷ ᠴᠢᠷᠠᠢ ᠴᠢᠨᠢ ᠤᠯᠠᠮ ᠪᠤᠯᠪᠠᠷᠠᠢ ᠵᠦᠭᠡᠯᠡᠡ ᠪᠤᠯᠤᠨ᠎ᠠ᠃  
 
ᠢᠷᠡᠯᠲᠡ᠄ ᠠᠯᠠᠱᠨ ᠵᠡᠬᠦᠨ ᠬᠤᠰᠢᠭᠤᠨ ᠤ ᠠᠷᠠᠳ ᠤᠨ ᠵᠠᠰᠠᠭ ᠤᠨ ᠤᠷᠲᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号