ᠳᠡᠯᠡᠬᠡᠢ ᠶᠢᠨ ᠠᠭᠤᠷ ᠠᠮᠢᠰᠬᠤᠯ ᠤᠨ ᠬᠠᠮᠤᠭ ᠤᠳ
ᠨᠡᠶᠢᠲᠡᠯᠡᠭᠰᠡᠨ ᠴᠠᠭ᠄
2021/10/12
    ᠳᠡᠯᠡᠬᠡᠢ ᠳᠡᠭᠡᠷᠡᠬᠢ ᠬᠠᠮᠤᠭ ᠬᠦᠢᠳᠡᠨ ᠤᠷᠤᠨ ᠪᠤᠯ ᠡᠮᠦᠨᠡᠳᠦ ᠳᠦᠢᠯ ᠤᠨ ᠲᠢᠪ᠂ ᠳᠡᠨᠳᠡᠬᠢ ᠵᠢᠯ ᠤᠨ ᠳᠤᠮᠳᠠᠴᠢ ᠳᠤᠯᠠᠭᠠᠨ ᠤ ᠬᠡᠮᠵᠢᠶ᠎ᠡ ᠲᠡᠭ ᠠᠴᠠ ᠳᠤᠷᠤᠭᠰᠢ 25 ᠭᠷᠠᠳᠦ᠋ᠰ ᠠᠴᠠ ᠳᠤᠤᠷ᠎ᠠ ᠪᠠᠶᠢᠵᠤ᠂ ᠵᠠᠷᠢᠮ ᠰᠤᠳᠤᠯᠭᠠᠳᠠᠨ ᠠᠴᠠ ᠬᠠᠮᠤᠭ ᠤᠨ ᠳᠤᠤᠷ᠎ᠠ ᠳᠤᠯᠠᠭᠠᠨ ᠤ ᠬᠡᠮᠵᠢᠶ᠎ᠡ ᠳᠡᠭ ᠠᠴᠠ ᠳᠤᠷᠤᠭᠰᠢ 89.5 ᠭᠷᠠᠳᠦ᠋ᠰ ᠪᠤᠯᠬᠤ ᠶᠢ ᠬᠡᠮᠵᠢᠨ ᠭᠠᠷᠭᠠᠪᠠ᠃ ᠬᠦᠮᠦᠰ ᠤᠨ ᠶᠡᠷᠦᠳᠡᠭᠡᠨ ᠰᠠᠭᠤᠭ᠎ᠠ ᠬᠠᠮᠤᠭ ᠤᠨ ᠬᠦᠢᠳᠡᠨ ᠭᠠᠵᠠᠷ ᠲᠤ ᠤᠷᠤᠰ ᠤᠨ ᠵᠡᠬᠦᠨ ᠰᠢᠪᠧᠷᠢᠶ᠎ᠠ ᠶᠢᠨ ᠸᠧᠷᠤᠾᠤᠶᠠᠠᠰᠺ ᠪᠠ ᠦᠢᠮᠢᠶᠡᠺᠦᠨ ᠭᠠᠵᠠᠷ ᠤᠷᠤᠨ ᠳᠤᠭᠠᠴᠠᠭᠳᠠᠨ᠎ᠠ᠃ ᠳᠡᠨᠳᠡᠬᠢ ᠵᠢᠯ ᠤᠨ ᠳᠤᠮᠳᠠᠴᠢ ᠳᠤᠯᠠᠭᠠᠨ ᠤ ᠬᠡᠮᠵᠢᠶ᠎ᠡ ᠳᠡᠭ ᠠᠴᠠ ᠳᠤᠷᠤᠭᠰᠢ 15 ᠭᠷᠠᠳᠦ᠋ᠰ ᠤᠷᠴᠢᠮ ᠪᠠᠶᠢᠳᠠᠭ᠂ ᠭᠡᠬᠦ ᠳᠡᠭᠡᠨ ᠡᠪᠦᠯ ᠤᠨ ᠤᠯᠠᠷᠢᠯ ᠤᠨ ᠭᠤᠷᠪᠠᠨ ᠰᠠᠷ᠎ᠠ ᠶᠢᠨ ᠳᠤᠮᠳᠠᠴᠢ ᠳᠤᠯᠠᠭᠠᠨ ᠤ ᠬᠡᠮᠵᠢᠶ᠎ᠡ ᠳᠡᠭ ᠠᠴᠠ ᠳᠤᠷᠤᠭᠰᠢ 68 ᠭᠷᠡᠳᠦ᠋ᠰ ᠠᠴᠠ ᠳᠡᠭ ᠠᠴᠠ ᠳᠤᠷᠤᠭᠰᠢ 78 ᠭᠷᠠᠳᠦ᠋ᠰ ᠤᠨ ᠬᠤᠭᠤᠷᠤᠨᠳᠤ ᠪᠠᠶᠢᠳᠠᠭ᠃     ᠡᠬᠦᠨ ᠲᠠᠢ ᠡᠰᠡᠷᠭᠦ ᠪᠠᠷ ᠳᠡᠯᠡᠬᠡᠢ ᠶᠢᠨ ᠬᠠᠮᠤᠭ ᠬᠠᠯᠠᠭᠤᠨ ᠭᠠᠵᠠᠷ ᠪᠤᠯ ᠠᠹᠷᠢᠺᠠ ᠲᠢᠪ ᠤᠨ ᠡᠸ᠋ᠽᠢᠥᠪᠢᠶ᠎ᠠ ᠶᠢᠨ ᠮᠠᠰᠠᠸᠠ ᠪᠤᠯᠤᠨ᠎ᠠ᠃ ᠳᠡᠨᠳᠡ ᠵᠢᠯ ᠤᠨ ᠳᠤᠮᠳᠠᠴᠢ ᠳᠤᠯᠠᠭᠠᠨ ᠤ ᠬᠡᠮᠵᠢᠶ᠎ᠠ 32.2 ᠭᠷᠠᠳᠦ᠋ᠰ ᠪᠠᠶᠢᠵᠤ᠂ 1 ᠰᠠᠷ᠎ᠠ ᠶᠢᠨ ᠳᠤᠮᠳᠠᠴᠢ ᠳᠤᠯᠠᠭᠠᠨ ᠤ ᠬᠡᠮᠵᠢᠶ᠎ᠡ 26 ᠭᠷᠠᠳᠦ᠋ᠰ ᠪᠠᠶᠢᠵᠤ᠂ 7 ᠰᠠᠷ᠎ᠠ ᠶᠢᠨ ᠳᠤᠮᠳᠠᠴᠢ ᠳᠤᠯᠠᠭᠠᠨ ᠤ ᠬᠡᠮᠵᠢᠶ᠎ᠠ 35 ᠭᠷᠠᠳᠦ᠋ᠰ ᠤᠷᠴᠢᠮ ᠪᠠᠶᠢᠳᠠᠭ᠃ ᠰᠤᠮᠠᠯᠢ ᠳᠤ ᠬᠠᠮᠤᠭ ᠤᠨ ᠦᠨᠳᠦᠷ ᠳᠤᠯᠠᠭᠠᠨ ᠤ ᠬᠡᠮᠵᠢᠶ᠎ᠡ ᠢᠯᠡᠷᠡᠨ᠂ ᠰᠡᠭᠦᠳᠡᠷ ᠲᠠᠢ ᠭᠠᠵᠠᠷ ᠤᠨ ᠳᠤᠯᠠᠭᠠᠨ ᠤ ᠬᠡᠮᠵᠢᠶ᠎ᠡ 63 ᠭᠷᠠᠳᠦ᠋ᠰ ᠪᠤᠯᠬᠤ ᠶᠢ ᠬᠡᠮᠵᠢᠨ ᠤᠯᠵᠠᠢ᠃ ᠰᠤᠨᠤᠰᠤᠯᠳᠠ ᠪᠠᠷ ᠰᠠᠬᠠᠷᠠ ᠡᠯᠡᠰᠦᠨ ᠴᠦᠯ ᠤᠨ ᠳᠤᠯᠠᠭᠠᠨ ᠤ ᠬᠡᠮᠵᠢᠶ᠎ᠡ ᠨᠡᠩ ᠦᠨᠳᠦᠷ ᠭᠡᠨ᠎ᠠ᠃     ᠳᠡᠯᠡᠬᠡᠢ ᠳᠡᠭᠡᠷᠡᠬᠢ ᠪᠤᠷᠤᠭᠠᠨ ᠤ ᠬᠡᠮᠵᠢᠶ᠎ᠡ ᠬᠠᠮᠤᠭ ᠤᠨ ᠠᠷᠪᠢᠨ ᠭᠠᠵᠠᠷ ᠪᠤᠯ ᠢᠨᠳᠤᠨᠧᠰᠢᠶ᠎ᠠ ᠶᠢᠨ ᠵᠧᠷᠧᠪᠦ᠋ᠨᠵᠢ ᠂ ᠵᠢᠯ ᠤᠨ ᠳᠤᠮᠳᠠᠴᠢ ᠪᠤᠷᠤᠭᠠᠨ ᠤ ᠬᠡᠮᠵᠢᠶ᠎ᠡ 12700 ᠮᠢᠯᠢᠮᠧᠳ᠋ᠷ ᠪᠠᠶᠢᠵᠤ᠂ ᠵᠢᠯ ᠤᠨ ᠬᠠᠮᠤᠭ ᠠᠷᠪᠢᠨ ᠪᠤᠷᠤᠭᠠᠨ ᠤ ᠬᠡᠮᠵᠢᠶ᠎ᠡ 22990.1 ᠮᠢᠯᠢᠮᠧᠳ᠋ᠷ ᠬᠦᠷᠴᠠᠢ᠃ ᠠᠹᠷᠢᠺᠠ ᠶᠢᠨ ᠸᠠᠩ ᠨᠢ ᠯᠢᠦ ᠠᠷᠠᠯ ᠳᠤ ᠳᠡᠯᠡᠬᠡᠢ ᠳᠡᠭᠡᠷᠡᠬᠢ ᠡᠳᠦᠷ ᠪᠦᠷᠢ ᠶᠢᠨ ᠲᠤᠨᠤᠳᠠᠰᠤᠨ ᠤ ᠬᠡᠮᠵᠢᠶ᠎ᠡ ᠬᠠᠮᠤᠭ ᠠᠷᠪᠢᠨ ᠪᠤᠯᠤᠭᠰᠠᠨ ᠮᠦᠷᠳᠡᠭᠡᠨ ᠡᠳᠦᠷ ᠪᠦᠷᠢ ᠶᠢᠨ ᠬᠤᠷ᠎ᠠ ᠳᠤᠨᠤᠳᠠᠰᠤ ᠶᠢᠨ ᠬᠡᠮᠵᠢᠶ᠎ᠡ 1870 ᠮᠢᠯᠢᠮᠧᠳ᠋ᠷ ᠬᠦᠷᠴᠠᠢ᠃ ᠡᠨᠡ ᠨᠢ 1952 ᠤᠨ ᠤ 3 ᠰᠠᠷ᠎ᠠ ᠶᠢᠨ 16 ᠤ ᠡᠳᠦᠷ ᠢᠯᠡᠷᠡᠪᠡ᠃ ᠡᠮᠦᠨᠡᠳᠦ ᠠᠮᠧᠷᠢᠺᠠ ᠲᠢᠪ ᠤᠨ ᠴᠢᠯᠢ ᠶᠢᠨ ᠶᠠᠹᠧᠯᠢᠶᠠᠰ ᠲᠤ ᠳᠡᠯᠡᠬᠡᠢ ᠳᠡᠭᠡᠷᠡᠬᠢ ᠵᠢᠯ ᠤᠨ ᠬᠤᠷ᠎ᠠ ᠳᠤᠨᠤᠳᠠᠰᠤ ᠪᠠᠭᠤᠭᠰᠠᠨ ᠬᠠᠮᠤᠭ ᠤᠨ ᠤᠷᠳᠤ ᠬᠤᠭᠤᠴᠠᠭ᠎ᠠ᠂ ᠨᠢᠬᠡ ᠵᠢᠯ ᠤᠨ 325 ᠡᠳᠦᠷ ᠲᠤ ᠬᠤᠷ᠎ᠠ ᠪᠠᠭᠤᠭᠰᠠᠨ ᠪᠠᠶᠢᠨ᠎ᠠ᠃     ᠳᠡᠯᠡᠬᠡᠢ ᠳᠡᠭᠡᠷᠡᠬᠢ ᠬᠠᠮᠤᠭ ᠤᠨ ᠭᠠᠩ ᠬᠠᠭᠤᠷᠠᠢ ᠤᠷᠤᠨ ᠪᠤᠯ ᠡᠮᠦᠨᠡᠳᠦ ᠠᠮᠧᠷᠢᠺᠠ ᠲᠢᠪ ᠤᠨ ᠴᠢᠯᠢ ᠶᠢᠨ ᠠᠲ᠋ᠠᠺᠠᠮᠠ ᠡᠯᠡᠰᠦᠨ ᠴᠦᠯ ᠤᠷᠤᠨ ᠪᠠᠶᠢᠵᠤ᠂ ᠳᠡᠨᠳᠡ 16 ᠳ᠋ᠤᠭᠠᠷ ᠵᠠᠭᠤᠨ ᠠᠴᠠ ᠤᠳᠤ ᠪᠤᠯᠳᠠᠯᠠᠬᠢ 400 ᠢᠯᠡᠭᠦᠥ ᠵᠢᠯ ᠳᠤ ᠨᠢᠭᠡ ᠳᠤᠰᠤᠯ ᠪᠤᠷᠤᠭᠠᠨ ᠴᠤ ᠤᠷᠤᠭᠰᠠᠨ ᠦᠬᠡᠢ᠃     ᠳᠡᠯᠡᠬᠡᠢ ᠳᠡᠭᠡᠷᠡᠬᠢ ᠨᠠᠷᠠᠨ ᠬᠡᠷᠡᠯ ᠬᠠᠮᠤᠭ ᠬᠦᠢᠴᠡᠳ ᠤᠷᠤᠨ ᠪᠤᠯ ᠠᠹᠷᠢᠺᠠ ᠲᠢᠪ ᠤᠨ ᠰᠠᠬᠠᠷᠠ ᠡᠯᠡᠰᠦᠨ ᠴᠦᠯ᠂ ᠵᠢᠯ ᠪᠦᠷᠢ ᠶᠢᠨ ᠨᠠᠷᠠᠨ ᠤ ᠭᠡᠷᠡᠯ ᠳᠤᠰᠬᠤ ᠡᠳᠦᠷ 97% ᠢ ᠡᠵᠡᠯᠡᠪᠡ᠃ ᠠᠮᠧᠷᠢᠺᠠ ᠲᠢᠪ ᠤᠨ ᠹᠯᠤᠷᠢᠳᠠ ᠵᠸᠤ ᠶᠢᠨ ᠫᠢᠲ᠋ᠧᠷᠰᠪᠦ᠋ᠷᠡᠭ ᠲᠤ 1967 ᠤᠨ ᠤ 2 ᠰᠠᠷ᠎ᠠ ᠠᠴᠠ 1963 ᠤᠨ ᠤ 3 ᠰᠠᠷ᠎ᠠ ᠪᠤᠯᠳᠠᠯ᠎ᠠ ︵ᠦᠷᠬᠦᠯᠵᠢᠯᠡᠨ 2 ᠰᠠᠷ᠎ᠠ ᠢᠯᠡᠭᠦᠦ︶᠂ ᠡᠳᠦᠷ ᠪᠦᠷᠢ ᠨᠠᠷᠠ ᠳᠤᠯᠠᠶᠢᠮ᠎ᠠ ᠪᠠᠶᠢᠪᠠ᠃     ᠳᠡᠯᠡᠬᠡᠢ ᠳᠡᠭᠡᠷᠡᠬᠢ ᠳᠤᠯᠠᠭᠠᠨ ᠤ ᠬᠡᠮᠵᠢᠶ᠎ᠡ ᠶᠢᠨ ᠬᠤᠪᠢᠷᠠᠯᠳᠠ ᠬᠠᠮᠤᠭ ᠬᠤᠷᠴᠠ ᠰᠢᠷᠦᠬᠦᠨ ᠭᠠᠵᠠᠷ ᠤᠷᠤᠨ ᠪᠤᠯ ᠠᠮᠧᠷᠢᠺᠠ ᠶᠢᠨ ᠡᠮᠦᠨᠡᠳᠦ ᠳ᠋ᠠᠺᠤᠲ᠋ᠠ ᠵᠸᠤ ᠶᠢᠨ ᠰᠫᠢᠷᠹᠠᠶᠢᠰᠸᠠ᠂ ᠳᠡᠨᠳᠡ ᠦᠡᠭᠭᠡᠷᠡᠭᠰᠡᠨ ᠳᠤ 2 ᠮᠢᠨᠦ᠋ᠲ ᠤᠨ ᠳᠤᠳᠤᠷ᠎ᠠ ᠳᠤᠯᠠᠭᠠᠨ ᠤ ᠬᠡᠮᠵᠢᠶ᠎ᠡ ᠳᠡᠭ ᠠᠴᠠ ᠲᠤᠷᠤᠭᠰᠢ 4 ᠭᠷᠠᠳᠦ᠋ᠰ ᠠᠴᠠ ᠰᠢᠷᠦᠬᠦᠨ ᠢᠶᠠᠷ 45 ᠭᠷᠠᠳᠦ᠋ᠰ ᠪᠤᠯᠳᠠᠯ᠎ᠠ ᠳᠡᠭᠡᠭᠰᠢᠯᠡᠪᠡ᠂ ᠬᠦᠮᠦᠰ ᠳᠤᠤᠷᠠᠬᠠᠨ ᠢᠶᠠᠨ ᠬᠡᠳᠦᠨ ᠤᠯᠠᠷᠢᠯ ᠢ ᠦᠡᠭᠭᠡᠷᠭᠡᠭᠰᠡᠨ ᠭᠡᠳᠡᠭ᠃      ᠳᠡᠯᠡᠬᠡᠢ ᠳᠡᠭᠡᠷᠡᠬᠢ ᠬᠠᠮᠤᠭ ᠤᠯᠠᠨ ᠪᠦᠷᠬᠦᠭ ᠤᠷᠤᠨ ᠪᠤᠯ ᠮᠠᠨ ᠤ ᠤᠯᠤᠰ ᠤᠨ ᠡᠸ᠋ᠮᠸᠢ ᠠᠭᠤᠯᠠᠨ ᠳᠤ᠂ ᠵᠢᠯ ᠳᠤ ᠳᠤᠮᠳᠠᠴᠢ ᠪᠠᠷ 323.4 ᠡᠳᠦᠷ ᠪᠦᠷᠬᠦᠭ ᠪᠤᠯᠤᠭᠰᠠᠨ ᠭᠡᠳᠡᠭ᠃  
 
ᠢᠷᠡᠯᠲᠡ᠄ ᠠᠯᠠᠱᠨ ᠵᠡᠬᠦᠨ ᠬᠤᠰᠢᠭᠤᠨ ᠤ ᠠᠷᠠᠳ ᠤᠨ ᠵᠠᠰᠠᠭ ᠤᠨ ᠤᠷᠲᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号