1᠂ ᠤᠷᠤᠨ ᠳᠠᠭᠠᠨ ᠵᠠᠯᠬᠠᠭᠤᠷᠠᠨ ᠭᠡᠪᠳᠡᠭᠦ ᠶᠢ ᠴᠡᠭᠡᠷᠯᠡᠨ᠎ᠠ ᠤᠳᠤᠬᠠᠨ ᠦᠷᠯᠦᠭᠡ ᠰᠡᠷᠢᠴᠢᠭᠡᠭᠡᠳ ᠪᠤᠰᠬᠤ | ᠦᠭᠡᠢ ᠠᠯᠵᠠᠭᠤᠷᠠᠨ ᠭᠡᠪᠳᠡᠭᠦ ᠭᠦᠮᠦᠰ ᠶᠠᠪᠤᠬᠤ ᠲᠤᠳᠤᠮ ᠤᠯᠠᠰᠢᠷᠠᠵᠠᠢ᠃ ᠠᠮᠠᠷᠠᠯᠳᠠ ᠶᠢᠨ ᠡᠳᠦᠷ ᠪᠤᠯ ᠨᠠᠩ ᠴᠤ | ᠪᠤᠰᠬᠤ ᠲᠤᠷ᠎ᠠ ᠦᠭᠡᠢ᠃ ᠤᠷᠤᠨ ᠳᠠᠭᠠᠨ ᠠᠯᠵᠠᠭᠤᠷᠠᠨ ᠭᠡᠪᠳᠡᠭᠴᠢ ︵ᠨᠠᠰᠤᠳᠠᠢ ᠵᠠᠯᠠᠭᠤ ᠭᠡᠵᠤ ᠢᠯᠭᠠᠯ ᠦᠭᠡᠢ︶ | ᠪᠦᠷ ᠡᠶᠢᠮᠦ ᠨᠢᠭᠡᠨ ᠲᠦᠷᠦᠭᠳᠡᠯ ᠲᠠᠢ᠄ ᠠᠯᠵᠠᠭᠤᠷᠠᠨ ᠭᠡᠪᠳᠡᠭᠦ ᠲᠤᠳᠤᠮ ᠪᠠᠶ᠎ᠠ ᠭᠦᠨᠳᠦᠷᠠᠨ᠂ ᠴᠤᠭ ᠵᠤᠯᠢ ᠦᠭᠡᠢ | ᠪᠤᠯᠵᠤ᠂ ᠤᠨᠳᠠᠬᠤ ᠲᠤᠳᠤᠮ ᠶᠠᠳᠠᠷᠠᠬᠤ᠂ ᠤᠨᠳᠠᠬᠤ ᠲᠤᠳᠤᠮ ᠲᠠᠭᠠᠯᠠᠮᠵᠢ ᠦᠭᠡᠢ ᠪᠤᠯᠬᠤ ᠪᠤᠯᠤᠨ᠎ᠠ᠃ ᠡᠭᠦᠨ ᠤ | ᠳ᠋ᠦᠩ ᠳᠤ᠂ ᠡᠷᠳᠡ ᠪᠤᠰᠴᠤ ᠠᠵᠢᠯ ᠳᠠᠭᠠᠨ ᠰᠢᠮᠳᠠᠭᠰᠠᠨ ᠢ ᠴᠤ ᠭᠦᠷᠭᠦ ᠦᠭᠡᠢ ᠪᠠᠶᠢᠵᠤ᠂ ᠡᠳᠦᠷ ᠲᠤᠳᠤᠮ ᠤᠨ | ᠭᠡᠪ ᠤᠨ ᠠᠮᠢᠳᠤᠷᠠᠯ ᠤᠨ ᠡᠮᠭᠢ ᠵᠢᠷᠤᠮ ᠰᠠᠮᠠᠭᠤᠷᠠᠵᠤ᠂ ᠪᠡᠶ᠎ᠡ ᠶᠢᠨ ᠠᠮᠢᠳᠤ ᠪᠤᠳᠠᠰ ᠤᠨ ᠴᠠᠭ ᠲᠢᠭᠯᠢᠮ ᠢᠶᠠᠨ | ᠠᠯᠳᠠᠳᠠᠭ᠃ | 2᠂ ᠪᠤᠰᠤᠮᠠᠭᠴᠡ ᠰᠢᠭᠡᠭᠦ ᠶᠢ ᠴᠡᠭᠡᠷᠯᠡᠨ᠎ᠠ ᠦᠷᠯᠦᠭᠡ ᠰᠡᠷᠢᠭᠦ ᠦᠶ᠎ᠠ ᠳᠤ᠂ ᠲᠠᠪᠤᠰᠠᠩ ᠨᠢᠭᠡᠮᠦᠰᠦᠨ ᠴᠢᠨᠦᠵᠤ᠂ | ᠬᠤᠷᠳᠤᠠᠬᠨ ᠰᠢᠭᠡᠶᠠ ᠭᠡᠵᠤ ᠪᠤᠳᠤᠳᠠᠭ᠃ ᠭᠡᠳᠦ ᠰᠢᠭᠡᠶᠠ ᠭᠡᠵᠤ ᠪᠤᠳᠤᠬᠤ ᠲᠤᠳᠤᠮ ᠰᠢᠭᠡᠰᠦ ᠭᠦᠷᠴᠤ᠂ ᠲᠠᠷᠡ | ᠲᠤᠤᠷ᠎ᠠ ᠨᠢ ᠪᠤᠰᠴᠤ ᠰᠢᠭᠡᠳᠡᠭ᠃ ᠢᠡᠭᠭᠢᠬᠦ ᠨᠢ ᠲᠤᠭᠢᠷᠠᠮᠵᠢ ᠦᠭᠡᠢ ᠪᠠᠶᠢᠵᠤ᠂ ᠢᠯᠠᠩᠭᠤᠶ᠎ᠠ ᠨᠠᠰᠤᠳᠠᠢ ᠭᠦᠮᠦᠨ ᠳᠤ | ᠠᠰᠢᠭ ᠦᠭᠡᠢ᠃ ᠤᠴᠢᠷ ᠨᠢ ᠦᠷᠯᠦᠭᠡ ᠡᠷᠳᠡ ᠨᠢᠭᠡᠯᠡ ᠲᠤᠤᠷ᠎ᠠ ᠲᠠᠪᠤᠰᠠᠩ ᠢᠶᠠᠨ ᠬᠤᠭᠤᠰᠤᠯᠠᠪᠠᠯ᠂ ᠲᠤᠯᠤᠭᠠᠢ | ᠡᠷᠭᠢᠭᠦ ᠴᠢᠨᠠᠭᠰᠢᠯᠠᠨ ᠰᠢᠭᠡᠭᠦ ᠠᠴᠠ ᠪᠤᠯᠤᠭᠰᠠᠨ ᠮᠠᠨᠠᠷᠠᠯᠳᠠ ᠶᠢ ᠡᠭᠦᠰᠭᠡᠵᠤ ᠮᠡᠳᠡᠨ᠎ᠠ᠃ | 3᠂ ᠪᠤᠰᠤᠮᠠᠭᠴᠠ ᠰᠢᠷᠦᠭᠦᠨ ᠭᠦᠳᠡᠯᠭᠡᠭᠡᠨ ᠭᠢᠭᠦ ᠶᠢ ᠴᠡᠭᠡᠷᠯᠡᠨ᠎ᠠ ᠭᠦᠮᠦᠰ ᠦᠷᠯᠦᠭᠡ ᠪᠤᠰᠪᠠᠯ ᠭᠦᠳᠡᠯᠭᠡᠭᠡᠨ | ᠭᠢᠭᠦ ᠲᠠᠳᠬᠠᠯ ᠲᠠᠢ ᠪᠠᠶᠢᠳᠠᠭ᠃ ᠵᠤᠭᠢᠰᠳᠠᠢ ᠭᠦᠳᠡᠯᠭᠡᠭᠡᠨ ᠭᠢᠭᠦ ᠨᠢ ᠡᠷᠡᠭᠦᠯ ᠮᠡᠨᠳᠦ ᠳᠤ ᠠᠰᠢᠭᠳᠠᠢ᠃ ᠭᠡᠪᠡᠴᠤ | ᠭᠦᠳᠡᠯᠭᠡᠭᠡᠨ ᠭᠢᠭᠦ ᠠᠴᠠ ᠪᠠᠨ ᠡᠮᠦᠨ᠎ᠠ ᠡᠷᠭᠡᠪᠰᠢ ᠪᠠᠭ᠋ᠠᠨ ᠠᠮᠤᠰᠭᠢᠭᠦ ᠭᠡᠷᠡᠭᠳᠡᠢ᠃ ᠪᠠᠭ᠋ᠠᠨ ᠠᠮᠤᠰᠭᠢᠵᠤ ᠴᠢᠰᠤ ᠭᠡᠢ | ᠲᠠᠩᠴᠡᠭᠦᠷᠢᠳᠡᠢ ᠡᠷᠭᠢᠯᠳᠦᠭᠦ ᠦᠶᠡᠰ ᠭᠦᠳᠡᠯᠭᠡᠭᠡᠨ ᠭᠢᠪᠠᠯ ᠵᠤᠭᠢᠰᠳᠠᠢ᠃ ᠭᠡᠷᠪᠠ ᠦᠷᠯᠦᠭᠡ ᠪᠤᠰᠤᠭᠰᠠᠨ ᠤ ᠲᠠᠷᠠᠭ᠎ᠠ | ᠪᠠᠯᠠᠳᠭᠡᠯ ᠬᠦᠳᠡᠯᠭᠡᠭᠡᠨ ᠭᠢᠭᠰᠡᠨ ᠦᠭᠡᠢ ᠪᠠᠷ ᠰᠢᠭᠤᠳ ᠰᠢᠷᠦᠭᠦᠨ ᠰᠢᠭ ᠭᠦᠳᠡᠯᠭᠡᠭᠡᠨ ᠭᠢᠪᠡᠯ᠂ ᠵᠢᠷᠦᠭᠡ ᠲᠠᠷᠢᠭᠢᠨ | ᠴᠢᠰᠤᠨ ᠰᠤᠳᠠᠯ ᠤᠨ ᠡᠪᠡᠳᠴᠢᠨ ᠢ ᠡᠭᠦᠰᠭ᠊ ᠡᠵᠤ ᠠᠳᠡᠯ ᠭᠠᠷᠴᠤ ᠮᠡᠳᠡᠨ᠎ᠠ᠃ | 4᠂ ᠬᠤᠭᠤᠯᠠ ᠢᠳᠡᠭᠦ ᠦᠭᠡᠢ ᠶᠢ ᠴᠡᠭᠡᠷᠯᠡᠨ᠎ᠠ ᠤᠯᠠᠩᠭᠢ ᠭᠦᠮᠦᠰ ᠦᠷᠯᠦᠭᠡ ᠶᠢᠨ ᠬᠤᠭᠤᠯᠠ ᠶᠢ | ᠭᠦᠨᠳᠦᠳᠭᠡᠭᠦ ᠦᠭᠡᠢ᠂ ᠢᠳᠡᠭᠰᠡᠨ ᠡᠰᠡ ᠢᠳᠡᠭᠰᠡᠨ ᠪᠦᠷ ᠪᠤᠯᠤᠨ᠎ᠠ ᠭᠡᠮᠡᠨ ᠦᠵᠡᠳᠡᠭ᠃ ᠴᠦᠭᠡᠨ ᠪᠤᠰᠤ ᠲᠤᠭᠠᠨ ᠤ | ᠭᠦᠮᠦᠨ ᠤᠯᠠᠨ ᠵᠦᠢᠯ ᠤᠨ ᠰᠢᠯᠳᠠᠭᠠᠨ ᠠᠴᠠ ᠪᠤᠯᠵᠤ ︵ᠠᠯᠵᠠᠭᠤᠷᠠᠭᠠᠳ ᠪᠤᠰᠬᠤ ᠦᠭᠡᠢ ᠪᠤᠶᠤ ᠵᠠᠷᠢᠮ ᠭᠡᠦᠭᠡᠨᠴᠤᠳ | ᠮᠠᠷᠢᠶ᠎ᠠ ᠰᠢᠭᠤᠷᠠᠭᠤᠯᠬᠤ ᠵᠡᠷᠭᠡ ᠰᠢᠯᠳᠠᠭᠠᠨ ᠠᠴᠠ︶ ᠦᠷᠯᠦᠭᠡ ᠶᠢᠨ ᠬᠤᠭᠤᠯᠠ ᠢᠳᠡᠭᠦ ᠦᠭᠡᠢ ᠪᠠᠶᠢᠳᠠᠭ᠃ ᠪᠠᠰᠠ | ᠠᠮᠢᠳᠤᠷᠠᠯ ᠤᠨ ᠠᠶᠢᠵᠠᠮ ᠲᠦᠷᠭᠡᠳᠦᠭᠰᠡᠨ ᠵᠡᠷᠭᠡ ᠰᠢᠯᠳᠠᠭᠠᠨ ᠠᠴᠠ ᠪᠤᠯᠵᠤ ᠤᠳᠤᠬᠠᠨ ︽ᠦᠷᠯᠦᠭᠡ ᠶᠢᠨ | ᠬᠤᠭᠤᠯᠠ ᠶᠢ ᠬᠠᠭᠠᠰ ᠲᠤᠳᠠᠭᠤ ᠢᠳᠡᠭᠦ᠂ ᠦᠳᠡ ᠶᠢᠨ ᠬᠤᠭᠤᠯᠠ ᠶᠢ ᠠᠷᠭᠠᠴᠠᠭᠠᠬᠤ᠂ ᠤᠷᠤᠢ ᠶᠢᠨ ᠬᠤᠭᠤᠯᠠ ᠶᠢ | ᠰᠠᠶᠢᠨ ᠢᠳᠡᠭᠦ︾ ᠦᠵᠡᠭᠳᠡᠯ ᠲᠦᠭᠡᠮᠡᠯ ᠪᠤᠯᠪᠠ᠃ ᠡᠨᠡ ᠨᠢ ᠰᠢᠨᠵᠢᠯᠡᠭᠦ ᠤᠬᠠᠭᠠᠴᠢ ᠪᠤᠰᠤ ᠶᠤᠮ᠃ ᠦᠷᠯᠦᠭᠡ ᠶᠢᠨ | ᠬᠤᠭᠤᠯᠠ ᠶᠢ ᠢᠳᠡᠭᠦ ᠦᠭᠡᠢ ᠪᠤᠶᠤ ᠰᠠᠶᠢᠨ ᠢᠳᠡᠭᠦ ᠦᠭᠡᠢ ᠨᠢ ᠦᠳᠡ ᠶᠢᠨ ᠡᠮᠦᠨᠡᠭᠢ ᠠᠵᠢᠯ ᠰᠤᠷᠤᠯᠴᠠᠯᠭ᠎ᠠ ᠶᠢᠨ | ᠦᠷ᠎ᠠ ᠪᠦᠳᠤᠮᠵᠢ ᠶᠢ ᠶᠡᠭᠡ ᠨᠦᠯᠦᠭᠡᠯᠡᠬᠦ ᠪᠦᠭᠡᠳ ᠶᠡᠭᠡ ᠲᠠᠷᠢᠭᠢ ᠶᠢ ᠭᠡᠮᠳᠦᠭᠡᠵᠤ ᠮᠡᠳᠡᠨ᠎ᠡ᠃ ᠤᠴᠢᠷ ᠨᠢ ᠶᠡᠭᠡ | ᠲᠠᠷᠢᠭᠢᠨ ᠤ ᠬᠡᠷᠡᠭᠰᠡᠬᠦ ᠡᠨᠧᠷᠬᠢ ᠶᠢ ᠭᠤᠤᠯᠳᠠᠭᠤ ᠴᠢᠰᠤᠨ ᠤ ᠰᠢᠭᠢᠷ ᠠᠴᠠ ᠬᠠᠩᠭᠠᠳᠠᠭ᠂ ᠬᠦᠮᠦᠰ ᠡᠮᠦᠨ᠎ᠡ ᠤᠷᠤᠢ | ᠬᠤᠭᠤᠯᠠ ᠢᠳᠡᠭᠰᠡᠨ ᠠᠴᠠ ᠳᠠᠷᠠᠭ᠎ᠠ ᠦᠷᠯᠦᠭᠡ ᠪᠤᠯᠳᠠᠯ᠎ᠠ ᠪᠠᠷᠤᠭ 12 ᠴᠠᠭ ᠰᠢᠮ᠎ᠡ ᠲᠡᠵᠢᠭᠡᠯ ᠨᠦᠬᠦᠪᠤᠷᠢᠯᠡᠬᠦ | ᠦᠭᠡᠢ ᠠᠴᠠ᠂ ᠦᠷᠯᠦᠭᠡ ᠪᠤᠯᠬᠤ ᠳᠤ ᠭᠦᠮᠦᠨ ᠤ ᠪᠠᠶ᠎ᠠ ᠳᠠᠬᠢ ᠴᠢᠰᠦᠨ ᠤ ᠰᠢᠭᠢᠷ ᠤᠨ ᠠᠭᠤᠯᠤᠭᠳᠠᠴᠠ ᠢᠯᠠᠷᠭᠡᠢ | ᠪᠠᠭᠠᠰᠴᠤ᠂ ᠶᠡᠭᠡ ᠲᠠᠷᠢᠭᠢ ᠶᠢ ᠡᠨᠧᠷᠬᠢ ᠶᠢᠨ ᠬᠢᠮᠤᠷᠠᠯ ᠳᠤ ᠲᠤᠯᠭᠠᠷᠠᠭᠤᠯᠳᠠᠭ᠂ ᠭᠡᠷᠪᠡ ᠴᠠᠭ ᠲᠤᠬᠠᠢ ᠳᠤᠨᠢ | ᠨᠦᠭᠦᠪᠦᠷᠢᠯᠡᠭᠦ ᠦᠭᠡᠢ ᠪᠤᠯ᠂ ᠶᠡᠭᠡ ᠳᠠᠷᠢᠬᠢ ᠶᠢᠨ ᠭᠡᠮᠳᠤᠯ ᠡᠭᠦᠰᠭᠡᠨ᠎ᠠ᠃ ᠭᠠᠭᠴᠠᠬᠦ ᠴᠠᠭ ᠴᠠᠭ ᠲᠠᠭᠠᠨ | ᠦᠷᠯᠦᠭᠡ ᠶᠢᠨ ᠬᠤᠭᠤᠯᠠ ᠪᠠᠨ ᠢᠳᠡᠵᠤ᠂ ᠰᠠᠶᠢᠨ ᠢᠳᠡᠪᠡᠯ ᠰᠠᠶ᠋ᠢ ᠴᠢᠰᠦᠨ ᠤ ᠰᠢᠭᠢᠷ ᠤᠨ ᠠᠭᠤᠯᠤᠭᠳᠠᠴᠠ ᠶᠢ | ᠲᠠᠭᠡᠭᠰᠢᠯᠡᠭᠦᠯᠵᠤ᠂ ᠡᠨᠧᠷᠬᠢ ᠶᠢᠨ ︽ᠬᠢᠮᠤᠷᠠᠯ︾ ᠢ ᠰᠡᠷᠭᠡᠶᠢᠯᠡᠵᠦ᠂ ᠲᠠᠷᠢᠭᠢᠨ ᠤ ᠬᠤᠷᠴᠠ ᠰᠤᠷᠭᠤᠭ ᠴᠢᠨᠠᠷ ᠢ | ᠰᠡᠷᠭᠦᠭᠡᠵᠤ᠂ ᠠᠵᠢᠯ ᠰᠤᠷᠤᠯᠴᠠᠯᠭ᠎ᠠ ᠶᠢᠨ ᠪᠦᠳᠤᠮᠵᠢ ᠶᠢ ᠲᠠᠭᠡᠭᠰᠢᠯᠡᠭᠦᠯᠭᠦ ᠪᠤᠯᠤᠨ᠎ᠠ᠃ | | 2021.10.11 | 2021.10.12 | ᠲᠡᠪᠰᠢᠬᠦᠯᠬᠦ᠄ ᠲᠠᠨ ᠳᠤ ᠦᠢᠯᠡᠴᠢᠯᠡᠬᠦ |