ᠬᠦᠳᠡᠭᠡᠬᠤᠳᠳᠤᠭ ᠭᠠᠴᠠᠭᠠᠨ ᠤ ᠬᠦᠭᠵᠢᠯᠳᠤ ᠦᠢᠯᠡᠰ
ᠨᠡᠶᠢᠲᠡᠯᠡᠭᠰᠡᠨ ᠴᠠᠭ᠄
2021/10/11
      ᠠᠯᠠᠱᠠ ᠶᠢᠨ ᠡᠭᠡᠷᠡᠮ᠎ᠠ ᠭᠤᠪᠢ ᠪᠠᠷ ᠰᠤᠷᠪᠤᠯᠵᠢᠯᠠᠵᠤ ᠶᠠᠪᠤᠬᠤ ᠳᠠᠭᠠᠨ ᠠᠳᠡᠬᠢ ᠲᠡᠮᠡᠭᠡ ᠭᠡᠭᠴᠢ ᠨᠡᠭᠡᠷᠡᠨ ᠡᠷᠬᠡ ᠴᠢᠯᠦᠭᠡ ᠲᠠᠢ ᠵᠢᠷᠭᠠᠯ ᠲᠠᠢ ᠠᠮᠢᠳᠠᠨ ᠶᠤᠮ ᠪᠠᠶᠢᠨ᠎ᠠ ᠭᠡᠵᠦ ᠪᠤᠳᠤᠵᠤ ᠶᠠᠪᠤᠯ᠎ᠠ᠃ ᠪᠡᠯᠴᠢᠭᠡᠷᠯᠡᠭᠦᠯᠬᠦ ᠶᠢ ᠵᠤᠭᠰᠤᠭᠠᠬᠤ ᠲᠦᠷᠦ ᠶᠢᠨ ᠪᠤᠳᠤᠯᠭ᠎ᠠ ᠪᠠᠷ ᠠᠯᠠᠱᠠ ᠨᠤᠳᠤᠭ ᠢᠶᠠᠷ ᠪᠤᠭ ᠮᠠᠯ ᠤᠨ ᠲᠤᠭ᠎ᠠ ᠶᠢ 50 ᠪᠠᠷ ᠬᠢᠵᠠᠭᠠᠷᠯᠠᠵᠤ᠂ ᠲᠡᠮᠡᠭᠡ ᠶᠢ 80 ᠪᠠᠷ ᠬᠢᠵᠠᠭᠠᠷᠯᠠᠵᠤ ᠪᠠᠶᠢᠭ᠎ᠠ ᠴᠤ᠂ ᠲᠡᠮᠡᠭᠡᠳᠦ ᠨᠤᠳᠤᠭ ᠭᠡᠬᠦ ᠠᠯᠳᠠᠷ ᠲᠠᠢ ᠪᠠᠷ ᠢᠶᠠᠨ ᠲᠡᠮᠡᠭᠡ ᠶᠢ ᠲᠠᠰᠤ ᠬᠢᠵᠠᠭᠠᠷᠯᠠᠵᠤ ᠦᠭᠡᠢ ᠪᠦᠭᠡᠳ ᠬᠠᠰᠢᠶᠠᠯᠠᠵᠤ ᠦᠭᠡᠢ᠃ ᠲᠡᠶᠢᠮᠤ ᠮᠦᠷᠳᠡᠬᠡᠨ ᠠᠯᠠᠱᠠ ᠶᠢᠨ ᠦᠩ ᠦᠷᠭᠡᠨ ᠭᠤᠪᠢ ᠨᠤᠳᠤᠭ ᠢᠶᠠᠷ ᠳᠤᠤᠷ ᠬᠦᠷᠢᠶ᠎ᠠ ᠭᠡᠵᠦ ᠦᠭᠡᠢ ᠪᠤᠯᠬᠤᠷ ᠲᠡᠮᠡᠭᠡᠳ ᠡᠪᠡᠰᠦᠨ ᠤ ᠰᠤᠷᠭᠤᠭ ᠢ ᠬᠠᠶᠢᠵᠤ ᠬᠠᠮᠢᠭ᠎ᠠ ᠬᠤᠯᠠ ᠢᠳᠡᠰᠢᠯᠡᠨ ᠶᠠᠪᠤᠵᠤ ᠪᠤᠯᠳᠠᠭ ᠶᠤᠮ᠃       9 ᠰᠠᠷ᠎ᠠ ᠶᠢᠨ ᠡᠬᠢ ᠪᠠᠷ᠂ ᠪᠢᠳᠡ ᠠᠯᠠᠱᠠ ᠪᠠᠷᠠᠭᠤᠨ ᠬᠤᠰᠢᠭᠤᠨ ᠤ ᠮᠠᠨᠳᠤᠯ ᠰᠤᠮᠤ ᠶᠢᠨ ᠬᠦᠳᠡᠭᠡᠬᠤᠳᠳᠤᠭ ᠭᠠᠴᠠᠭᠠᠨ ᠤ ᠲᠡᠮᠡᠭᠡᠨ ᠤ ᠠᠵᠤ ᠦᠢᠯᠡᠰ ᠤᠨ ᠰᠠᠭᠤᠷᠢᠨ ᠳᠤ ᠬᠦᠷᠴᠤ ᠰᠤᠷᠪᠤᠯᠵᠢᠯᠠᠬᠤ ᠳᠤ᠂ ᠭᠠᠴᠠᠭᠠᠨ ᠤ ᠵᠦᠪᠯᠡᠯ ᠤᠨ ᠳᠡᠳ᠋ ᠡᠷᠬᠢᠯᠡᠭᠴᠢ ᠨᠠᠷᠠᠨᠮᠠᠨᠳᠤᠯ᠎ᠠ᠄ ︽ᠮᠠᠨ ᠤ ᠠᠳᠡᠬᠢ ᠲᠡᠮᠡᠭᠡ ᠴᠢᠨᠢ 100 ᠺᠢᠯᠤᠮᠧᠲᠷ ᠪᠤᠶᠤ 80 ᠺᠢᠯᠤᠮᠧᠲᠷ ᠤᠨ ᠬᠤᠯᠠ᠂ ᠬᠠᠮᠢᠭ᠎ᠠ ᠡᠪᠡᠰᠦ ᠰᠠᠶᠢᠨ ᠪᠤᠯ ᠬᠠᠮᠢᠭ᠎ᠠ ᠶᠠᠪᠤᠴᠢᠬᠠᠨ᠎ᠠ᠂ ᠨᠢᠭᠡ ᠴᠤ ᠬᠠᠰᠢᠶᠠᠯᠠᠵᠤ ᠪᠠᠶᠢᠬᠤ ᠦᠭᠡᠢ᠂ ᠴᠠᠭ ᠨᠢ ᠪᠤᠯᠪᠠᠯ ᠦᠪᠡᠷ ᠢᠶᠠᠨ ᠬᠠᠷᠢᠭᠠᠳ ᠢᠷᠡᠴᠢᠬᠡᠨ᠎ᠠ᠂ ᠭᠠᠩᠳᠠᠬᠤ ᠦᠭᠡᠢ ᠪᠤᠯ ᠳᠡᠮᠡᠢ ᠲᠡᠵᠢᠭᠡᠬᠦ ᠴᠢᠬᠤᠯᠠ ᠦᠭᠡᠢ᠂ ᠡᠵᠡᠨ ᠳᠡᠭᠡᠨ ᠵᠤᠭᠤᠰ ᠤᠯᠵᠤ ᠦᠭᠴᠤ ᠯᠡ ᠪᠠᠶᠢᠳᠠᠭ︾ ᠭᠡᠵᠦ ᠪᠠᠭ᠋ᠠᠳᠤᠯ ᠲᠠᠢ ᠶᠠᠷᠢᠨ᠎ᠠ᠃       ᠠᠯᠠᠱᠠ ᠶᠢᠨ ᠲᠡᠮᠡᠭᠡ ᠭᠡᠵᠦ ᠢᠩᠬᠢᠵᠦ ᠲᠡᠮᠡᠭᠡᠨ ᠳᠤ ᠬᠠᠶᠢᠷᠠᠳᠠᠢ ᠮᠠᠯᠴᠢᠳ ᠤᠨ ᠢᠶᠠᠨ ᠠᠮᠢᠳᠤᠷᠠᠯ ᠢ ᠦᠭᠡᠳᠡᠯᠡᠭᠦᠯᠵᠦ ᠲᠡᠮᠡᠭᠡᠴᠢᠳ ᠢᠶᠠᠨ ᠪᠠᠶᠠᠰᠬᠠᠨ ᠵᠢᠷᠭᠠᠭᠠᠵᠤ ᠪᠠᠶᠢᠳᠠᠭ ᠶᠤᠮᠰᠠᠨ᠃       ᠬᠦᠳᠡᠭᠡᠬᠤᠳᠳᠤᠭ ᠭᠠᠴᠠᠭ᠎ᠠ ᠪᠤᠯ ᠮᠠᠨᠳᠤᠯ ᠰᠤᠮᠤ ᠶᠢᠨ ᠰᠠᠭᠤᠭ᠎ᠠ ᠭᠠᠵᠠᠷ᠂ 148 ᠡᠷᠦᠬᠡ ᠶᠢᠨ 450 ᠬᠦᠮᠦᠨ ᠠᠮᠠ ᠲᠠᠢ᠃ ᠭᠠᠴᠠᠭᠠᠨ ᠤ ᠠᠷᠠᠳ ᠤᠨ 30% ᠨᠢ ᠬᠦᠳᠡᠭᠡ ᠳᠡᠭᠡᠨ ᠪᠠᠶᠢᠵᠤ᠂ 70% ᠨᠢ ᠬᠤᠳᠠ ᠰᠠᠭᠤᠷᠢᠨ ᠳᠤ ᠰᠠᠭᠤᠳᠠᠭ᠃ ᠲᠡᠮᠡᠭᠡ ᠲᠠᠢ ᠠᠶᠢᠯ ᠨᠢ ᠭᠤᠤᠯᠳᠠᠭᠤ ᠬᠦᠳᠡᠭᠡ ᠳᠡᠭᠡᠨ ᠪᠠᠶᠢᠵᠤ᠂ ᠪᠠᠷᠤᠭ ᠤᠨ ᠠᠶᠢᠯ ᠨᠢ ᠪᠦᠷ 100 ᠭᠠᠷᠤᠢ ᠲᠡᠮᠡᠭᠡ ᠲᠠᠢ᠂ ᠵᠠᠷᠢᠮ ᠨᠢ 200 ᠭᠠᠷᠤᠢ ᠲᠡᠮᠡᠭᠡ ᠲᠠᠢ ᠶᠤᠮ᠃ ᠡᠨᠡ ᠬᠤᠶᠠᠷ ᠵᠢᠯ ᠲᠡᠮᠡᠭᠡᠨ ᠤ ᠦᠨ᠎ᠠ ᠬᠠᠩᠰᠢ ᠰᠠᠶᠢᠨ᠂ ᠨᠢᠭᠡ ᠲᠡᠮᠡᠭᠡ ᠲᠦᠮᠡᠨ ᠲᠦᠭᠦᠷᠢᠭ ᠲᠤ ᠬᠦᠷᠴᠤ ᠪᠤᠢ᠃ ᠲᠡᠮᠡᠭᠡ ᠪᠠᠨ‌ᠵᠠᠬ᠎ᠠ ᠳᠡᠯᠭᠡᠭᠦᠷ ᠲᠤ ᠪᠤᠷᠤᠯᠠᠭᠤᠯᠬᠤ ᠠᠴᠠ ᠭᠠᠳᠠᠨ᠎ᠠ ᠵᠠᠷᠢᠮ ᠲᠡᠮᠡᠭᠡᠴᠢᠨ ᠠᠶᠢᠯ ᠪᠠᠰᠠ ᠢᠩᠭᠡ ᠪᠠᠨ ᠰᠠᠭᠠᠳᠠᠭ᠂ ᠨᠠᠷᠠᠨᠮᠠᠨᠳᠤᠯ᠎ᠠ ᠪᠤᠯ ᠳᠠᠷᠤᠢ 2006 ᠤᠨ ᠠᠴᠠ ᠡᠬᠢᠯᠡᠨ ᠢᠩᠭᠡ ᠪᠠᠨ ᠰᠠᠭᠠᠵᠤ ᠪᠠᠶᠠᠵᠢᠨ ᠴᠢᠨᠡᠭᠡᠯᠢᠭᠵᠢᠭᠰᠡᠨ ᠬᠦᠮᠦᠨ ᠪᠢᠯᠡ᠃ ︽ᠢᠩᠭᠡᠨ ᠰᠦ ᠠᠩᠬᠠᠨ ᠳᠠᠭᠠᠨ ᠺᠢᠯᠦᠭᠷᠠᠮ ᠪᠦᠷᠢ ᠳᠡᠭᠡᠨ 40 ᠲᠦᠭᠦᠷᠢᠭ ᠬᠦᠷᠴᠤ ᠪᠠᠶᠢᠭᠰᠠᠨ᠂ ᠰᠠᠶᠢᠨ ᠦᠶᠡᠰ 50 ᠲᠦᠭᠦᠷᠢᠭ ᠴᠤ ᠬᠦᠷᠴᠤ ᠪᠠᠶᠢᠪᠠ᠃ ᠤᠢᠢᠷ᠎ᠠ ᠶᠢᠨ ᠬᠤᠶᠠᠷ ᠵᠢᠯ ᠲᠡᠮᠡᠭᠡᠨ ᠤ ᠦᠢᠯᠡᠰ ᠶᠡᠭᠡ ᠲᠦᠷᠭᠡᠨ ᠬᠦᠭᠵᠢᠭᠰᠡᠨ ᠢᠶᠠᠷ ᠢᠩᠭᠡᠨ ᠰᠦ ᠶᠢᠨ ᠦᠨ᠎ᠠ ᠬᠠᠩᠰᠢ ᠵᠢᠭᠠᠬᠠᠨ ᠪᠠᠭᠤᠷᠠᠵᠤ᠂ ᠡᠨᠡ ᠵᠢᠯ ᠺᠢᠯᠦᠭᠷᠠᠮ ᠪᠦᠷᠢ ᠳᠡᠭᠡᠨ 20 ᠲᠦᠭᠦᠷᠢᠭ ᠬᠦᠷᠴᠤ ᠪᠤᠢ︾ ᠭᠡᠵᠦ ᠲᠡᠷᠡ ᠬᠡᠯᠡᠨ᠎ᠠ᠃      ᠬᠦᠳᠡᠭᠡᠬᠤᠳᠳᠤᠭ ᠭᠠᠴᠠᠭᠠᠨ ᠤ ᠪᠠᠭᠠᠨ᠎ᠠ ᠭᠡᠬᠦ ᠵᠠᠯᠠᠭᠤ ᠤᠤᠯ ᠳᠠᠭᠠᠨ ᠭᠠᠳᠠᠨ᠎ᠠ ᠠᠵᠢᠯ ᠬᠢᠵᠦ᠂ ᠵᠢᠯ ᠳᠤ 3 — 4 ᠲᠦᠮᠡᠨ ᠲᠦᠬᠦᠷᠢᠭ ᠤᠯᠳᠠᠭ ᠪᠠᠶᠢᠬᠰᠠᠨ ᠪᠤᠯᠪᠠᠴᠦ ᠡᠪᠤᠯ ᠪᠤᠯᠬᠤ ᠳᠤ ᠵᠠᠷᠤᠭᠠᠳ ᠪᠠᠷᠠᠴᠢᠬᠠᠳᠠᠭ ᠪᠠᠶᠢᠪᠠ᠃ ᠲᠡᠮᠡᠭᠡ ᠤᠷᠤᠯᠳᠤᠭᠤᠯᠬᠤ ᠳᠤ ᠲᠡᠮᠡᠭᠡ ᠶᠢ ᠨᠢ ᠤᠨᠤᠳᠠᠭ ᠬᠦᠮᠦᠨ ᠪᠠᠶᠢᠭᠰᠠᠨ ᠪᠤᠯᠬᠤᠷ᠂ ᠨᠠᠷᠠᠨᠮᠠᠨᠳᠤᠯ᠎ᠠ ᠪᠠᠭᠠᠨ᠎ᠠ ᠶᠢ ︽ᠳᠡᠭᠦᠦ ᠮᠢᠨᠢ ᠡ᠂ ᠴᠢ ᠤᠳᠤ ᠲᠡᠮᠡᠭᠡ ᠠᠪ ᠁︾ ᠭᠡᠵᠦ ᠢᠳᠬᠠᠭᠰᠠᠨ ᠢᠶᠠᠷ᠂ ᠪᠠᠭᠠᠨ᠎ᠠ ᠡᠬᠢᠯᠡᠭᠡᠳ ᠨᠢᠭᠡ ᠲᠡᠮᠡᠭᠡ ᠠᠪᠴᠤ ᠲᠡᠮᠡᠭᠡᠴᠢᠨ ᠪᠤᠯᠪᠠ᠂ ᠤᠳᠤ ᠪᠤᠯᠬᠤ ᠳᠤ 100 ᠭᠠᠷᠤᠢ ᠲᠡᠮᠡᠭᠡ ᠲᠠᠢ ᠪᠠᠶᠠᠨ ᠲᠡᠮᠡᠭᠡᠴᠢᠨ ᠪᠤᠯᠴᠢᠬᠠᠭᠰᠠᠨ ᠪᠢᠯᠡ᠃ ︽ᠮᠠᠨ ᠤ ᠵᠠᠯᠠᠭᠤ ᠤᠳᠤ ᠰᠤᠮᠤ ᠳᠡᠭᠡᠷ᠎ᠠ ᠪᠤᠢ᠃ ᠵᠤᠨ ᠲᠡᠮᠡᠭᠡ ᠪᠠᠨ ᠦᠵᠡᠨ᠎ᠠ ᠭᠡᠪᠡᠯ ᠮᠤᠲ᠋ᠤᠷ ᠢᠶᠠᠷ ᠢᠷᠡᠬᠡᠳ ᠦᠵᠡᠴᠢᠬᠡᠨ᠎ᠠ᠃ ᠡᠪᠤᠯ ᠲᠡᠮᠡᠭᠡ ᠪᠠᠨ ᠤᠰᠤᠯᠠᠴᠢᠬᠠᠪᠠᠯ ᠰᠤᠮᠤᠨ ᠳᠠᠬᠢ ᠭᠡᠷ ᠲᠡᠭᠡᠨ ᠬᠠᠷᠢᠴᠢᠬᠠᠨ᠎ᠠ᠂ ᠲᠡᠨᠳᠡᠬᠢ ᠭᠡᠷ ᠨᠢ ᠪᠦᠷ ᠲᠤᠯᠠᠭᠠᠯᠠᠭ᠎ᠠ ᠲᠠᠢ ᠶᠤᠮ︾ ᠭᠡᠵᠦ ᠨᠠᠷᠠᠨᠮᠠᠨᠳᠤᠯ᠎ᠠ ᠤᠯᠵᠠᠭᠤᠷᠬᠠᠨ ᠶᠠᠷᠢᠨ᠎ᠠ᠃     ︽ᠮᠠᠨ ᠤ ᠠᠳᠡᠬᠢ ᠮᠠᠯᠴᠢᠳ ᠤᠨ ᠤᠷᠤᠯᠭ᠎ᠠ ᠨᠡᠶᠢᠳᠡᠮ ᠳᠡᠭᠡᠨ ᠶᠡᠭᠡ ᠰᠠᠶᠢᠨ᠂ ᠡᠷᠦᠬᠡ ᠪᠦᠷᠢ ᠶᠢᠨ ᠵᠢᠯ ᠤᠨ ᠤᠷᠤᠯᠭ᠎ᠠ ᠪᠠᠭ᠎ᠠ ᠳᠠᠭᠠᠨ 20 ᠲᠦᠮᠡᠨ ᠲᠦᠬᠦᠷᠢᠭ ᠲᠤ ᠬᠦᠷᠴᠤ ᠪᠤᠢ︾ ᠭᠡᠵᠦ ᠨᠠᠷᠠᠨᠮᠠᠨᠳᠤᠯ᠎ᠠ ᠬᠡᠯᠡᠨ᠎ᠠ᠃ ᠮᠠᠯᠴᠢᠳ ᠦᠪᠡᠷ ᠤᠨ ᠬᠦᠴᠦ ᠬᠦᠳᠡᠯᠮᠦᠷᠢ ᠴᠢᠷᠮᠠᠶᠢᠯᠭ᠎ᠠ ᠪᠠᠷ ᠳᠠᠮᠵᠢᠨ ᠤᠷᠤᠯᠭ᠎ᠠ ᠰᠠᠶᠢᠳᠠᠢ ᠶᠠᠪᠤᠬᠤ ᠶᠢᠨ ᠵᠡᠷᠭᠡ ᠪᠠᠷ ᠬᠦᠳᠡᠭᠡᠬᠤᠳᠳᠤᠭ ᠭᠠᠴᠠᠭᠠᠨ ᠤ ᠤᠳᠤᠷᠢᠳᠬᠤ ᠪᠠᠭ ᠤᠨ ᠬᠢᠨ ᠪᠠᠰᠠ ᠰᠤᠮᠤ ᠪᠠ ᠬᠤᠰᠢᠭᠤᠨ ᠤ ᠪᠠᠨ ᠵᠤᠷᠢᠭᠵᠢᠭᠤᠯᠤᠯ ᠳᠡᠮᠵᠢᠯᠭᠡ ᠪᠠᠷ ᠭᠠᠴᠠᠭᠠᠨ ᠤ ᠬᠠᠮᠳᠤ ᠶᠢᠨ ᠠᠵᠤ ᠠᠬᠤᠢ ᠶᠢᠨ ᠤᠷᠤᠯᠭ᠎ᠠ ᠶᠢ ᠨᠡᠮᠡᠭᠳᠡᠭᠦᠯᠬᠦ ᠠᠷᠭ᠎ᠠ ᠵᠠᠮ ᠢ ᠰᠦᠪᠡᠭᠴᠢᠯᠡᠵᠦ᠂ ᠤᠯᠤᠰ ᠤᠨ ︽ᠬᠢᠯᠢ ᠬᠢᠵᠠᠭᠠᠷ ᠤᠷᠤᠨ ᠢᠶᠠᠨ ᠬᠦᠭᠵᠢᠭᠦᠯᠵᠦ᠂ ᠠᠷᠠᠳ ᠢᠶᠠᠨ ᠪᠠᠶᠠᠵᠢᠭᠤᠯᠬᠤ ᠠᠵᠢᠯᠯᠠᠭ᠎ᠠ︾ ᠶᠢᠨ ᠲᠦᠷᠦᠯ ᠵᠦᠢᠯ ᠵᠡᠷᠭᠡ ᠶᠢ ᠢᠳᠡᠪᠬᠢᠳᠠᠢ ᠡᠷᠡᠮᠡᠯᠵᠡᠯᠡᠨ ᠤᠯᠵᠤ᠂ ᠲᠡᠮᠡᠭᠡᠨ ᠤ ᠠᠵᠤ ᠦᠢᠯᠡᠰ ᠤᠨ ᠰᠠᠭᠤᠷᠢᠨ ᠢ ᠪᠠᠶᠢᠭᠤᠯᠪᠠ᠃ ᠲᠤᠰ ᠰᠠᠭᠤᠷᠢᠨ ᠢ ᠤᠳᠤ ᠠᠵᠤ ᠠᠬᠤᠢᠢᠯᠠᠯᠳᠠᠨ ᠠᠴᠠ ᠡᠵᠡᠩᠨᠡᠨ 100 ᠭᠠᠷᠤᠢ ᠢᠩᠭᠡ ᠰᠠᠭᠠᠵᠤ᠂ ᠬᠦᠳᠡᠭᠡᠬᠤᠳᠳᠤᠭ ᠭᠠᠴᠠᠭ᠎ᠠ ᠳᠤ ᠵᠢᠯ ᠪᠦᠷᠢ 20 ᠲᠦᠮᠡᠨ ᠲᠦᠭᠦᠷᠢᠭ ᠤᠨ ᠠᠰᠢᠭ ᠤᠷᠤᠯᠭ᠎ᠠ ᠶᠢᠨ ᠬᠤᠪᠢᠶᠠᠷᠢ ᠦᠭᠬᠦ ᠪᠠᠷ ᠭᠡᠷ᠎ᠠ ᠳᠤᠭᠳᠠᠪᠠ᠃ ︽ᠵᠢᠯ ᠤᠨ 20 ᠲᠦᠮᠡᠨ ᠲᠦᠬᠦᠷᠢᠭ ᠢᠶᠠᠷ ᠢᠶᠠᠨ ᠶᠠᠭᠤ ᠬᠢᠬᠦ ᠪᠠᠷ ᠪᠠᠶᠢᠨ᠎ᠠ︖︾ ᠭᠡᠵᠦ ᠠᠰᠠᠭᠤᠬᠤ ᠳᠤ ᠨᠠᠷᠠᠨᠮᠠᠨᠳᠤᠯ᠎ᠠ᠄ ︽4 ᠲᠦᠮᠡᠨ ᠲᠦᠬᠦᠷᠢᠭ ᠨᠢ ᠪᠤᠯ ᠤᠢᠢᠷ᠎ᠠ ᠬᠠᠪᠢ ᠶᠢᠨ ᠮᠠᠯᠴᠢᠳ ᠤᠨ ᠪᠠᠶᠢᠷᠢ ᠪᠡᠯᠴᠢᠭᠡᠷ ᠤᠨ ᠳᠦᠷᠢᠶᠡᠰᠦᠨ ᠮᠦᠩᠬᠦ᠂ 16 ᠲᠦᠮᠡᠨ ᠲᠦᠬᠦᠷᠢᠭ ᠨᠢ ᠪᠤᠯ ᠭᠠᠴᠠᠭᠠᠨ ᠤ ᠨᠡᠶᠢᠳᠡ ᠶᠢᠨ ᠬᠤᠷᠠᠮᠳᠤᠭᠤᠯᠭ᠎ᠠ ᠶᠤᠮ᠃ ᠤᠤᠯ ᠨᠢ ᠭᠠᠴᠠᠭᠠᠨ ᠳᠤ ᠨᠡᠶᠢᠳᠡ ᠶᠢᠨ ᠬᠤᠷᠠᠮᠳᠤᠭᠤᠯᠭ᠎ᠠ ᠭᠡᠵᠦ ᠦᠭᠡᠢ ᠪᠠᠶᠢᠭᠰᠠᠨ᠂ ᠤᠳᠤ ᠮᠠᠨ ᠤ ᠭᠠᠴᠠᠭ᠎ᠠ ᠵᠤᠭᠤᠰ ᠲᠠᠢ ᠪᠤᠯᠴᠢᠬᠠᠯ᠎ᠠ᠃ ᠠᠷᠠᠳ ᠲᠦᠮᠡᠨ ᠳᠡᠭᠡᠨ ᠠᠯᠢ ᠬᠦᠴᠢᠷᠳᠡᠯ ᠲᠠᠢ ᠶᠢ ᠨᠢ ᠪᠡᠶᠡᠯᠡᠭᠦᠯᠵᠦ ᠦᠭᠭᠦᠶ᠎ᠠ ᠭᠡᠵᠦ ᠪᠤᠳᠤᠵᠤ ᠪᠠᠶᠢᠨ᠎ᠠ︾ ᠭᠡᠵᠦ ᠬᠠᠷᠢᠭᠤᠯᠤᠯ᠎ᠠ᠃      ᠵᠢᠷᠭᠠᠯ ᠲᠠᠢ ᠬᠦᠮᠦᠰ ᠲᠠᠶᠢᠪᠤᠭᠤᠬᠠᠨ᠂ ᠡᠨᠡ ᠪᠤᠯ ᠬᠦᠳᠡᠭᠡᠬᠤᠳᠳᠤᠭ ᠭᠠᠴᠠᠭ᠎ᠠ ᠶᠢᠨ ᠮᠠᠯᠴᠢᠳ ᠢ ᠰᠤᠷᠪᠤᠯᠵᠢᠯᠠᠬᠤ ᠦᠶ᠎ᠠ ᠶᠢᠨ ᠲᠦᠷᠦᠭᠳᠡᠯ ᠪᠤᠯᠤᠨ᠎ᠠ᠃ ᠡᠨᠡ ᠵᠢᠯ ᠵᠢᠭᠠᠬᠠᠨ ᠭᠠᠩ ᠲᠠᠢ ᠪᠤᠯᠬᠤᠷ ᠵᠠᠷᠢᠮ ᠮᠠᠯᠴᠢᠨ ᠲᠡᠮᠡᠭᠡ ᠪᠠᠨ ᠭᠠᠴᠠᠭᠠᠨ ᠤ ᠪᠠᠨ ᠲᠡᠮᠡᠭᠡᠨ ᠤ ᠠᠵᠤ ᠦᠢᠯᠡᠰ ᠤᠨ ᠰᠠᠭᠤᠷᠢᠨ ᠳᠤ ᠦᠭᠭᠦᠭᠡᠳ ︽ᠰᠠᠭᠠᠯᠢ ᠶᠢ ᠨᠢ ᠲᠠᠨᠤᠰ ᠠᠪᠴᠢᠬ᠎ᠠ᠂ ᠲᠡᠮᠡᠭᠡ ᠶᠢ ᠲᠡᠵᠢᠭᠡᠭᠡᠳ ᠦᠭᠪᠡᠯ ᠪᠤᠯᠴᠢᠬᠠᠨ᠎ᠠ︾ ᠭᠡᠪᠡ᠃ ᠬᠦᠳᠡᠭᠡᠬᠤᠳᠳᠤᠭ ᠭᠠᠴᠠᠭᠠᠨ ᠤ ᠮᠠᠯᠴᠢᠨ ᠬᠤᠪᠢᠰᠬᠠᠯᠳᠦ ᠶᠢᠨ ᠬᠢᠨ 200 ᠭᠠᠷᠤᠢ ᠲᠡᠮᠡᠭᠡ ᠮᠠᠯᠵᠢᠵᠤ᠂ ᠢᠩᠭᠡ ᠰᠠᠭᠠᠭᠠᠳ ᠵᠢᠯ ᠤᠨ ᠠᠷᠪᠠ ᠬᠤᠷᠢᠨ ᠲᠦᠮᠡᠨ ᠲᠦᠬᠦᠷᠢᠭ ᠤᠨ ᠤᠷᠤᠯᠭ᠎ᠠ ᠤᠯᠵᠤ ᠪᠠᠶᠢᠨ᠎ᠠ᠃ ᠨᠢᠳᠤᠨᠤᠨ ᠠᠷᠪᠡᠨ ᠲᠤᠷᠤᠮ ᠲᠠᠢ ᠲᠡᠮᠡᠭᠡ ᠪᠠᠨ ᠬᠤᠳᠠᠯᠳᠤᠭᠠᠳ 20 ᠲᠦᠮᠡ ᠭᠠᠷᠤᠢ ᠲᠦᠬᠦᠷᠢᠭ ᠤᠯᠤᠭᠰᠠᠨ ᠪᠠᠶᠢᠳᠠᠭ᠃ ︽ᠪᠢᠳᠡ ᠲᠡᠮᠡᠭᠡ ᠮᠠᠯᠵᠢᠵᠤ ᠠᠮᠢᠳᠤᠷᠠᠭᠰᠭᠠᠷ ᠢᠷᠡᠵᠠᠢ᠂ ᠨᠠᠮ ᠵᠠᠰᠠᠭ ᠤᠨ ᠲᠦᠷᠦ ᠶᠢᠨ ᠪᠤᠳᠤᠯᠭ᠎ᠠ ᠴᠤ ᠰᠠᠶᠢᠨ᠂ ᠮᠠᠨ ᠤ ᠮᠠᠯᠴᠢᠳ ᠤᠨ ᠲᠡᠮᠡᠭᠡᠨ ᠤ ᠦᠢᠯᠡᠰ ᠢ ᠬᠦᠭᠵᠢᠭᠦᠯᠬᠦ ᠲᠠᠯ᠎ᠠ ᠪᠠᠷ ᠶᠡᠭᠡ ᠬᠠᠷᠠᠭᠠᠯᠵᠠᠯ ᠦᠵᠡᠭᠦᠯᠵᠦ ᠪᠠᠶᠢᠨ᠎ᠠ᠃ ᠤᠳᠤ ᠲᠡᠮᠡᠭᠡᠨ ᠤ ᠬᠠᠰᠢᠶ᠎ᠠ ᠪᠠᠶᠢᠭᠤᠯᠵᠤ ᠦᠭᠭᠦᠯ᠎ᠠ᠂ ᠰᠦ ᠰᠠᠭᠠᠯᠢ ᠶᠢᠨ ᠪᠤᠷᠤᠯᠠᠭᠤᠯᠤᠯᠳᠠ ᠶᠢᠨ ᠴᠡᠭ ᠢ ᠴᠦ ᠤᠯᠵᠤ ᠦᠭᠭᠦᠯ᠎ᠠ᠂ ᠢᠩᠬᠢᠭᠡᠳ ᠮᠠᠨ ᠤ ᠮᠠᠯᠴᠢᠳ ᠪᠠᠶᠠᠨ ᠴᠢᠨᠡᠭᠡᠯᠢᠭ ᠠᠮᠢᠳᠤᠷᠠᠵᠤ ᠪᠠᠶᠢᠨ᠎ᠠ︾ ᠭᠡᠵᠦ ᠬᠤᠪᠢᠰᠬᠠᠯᠳᠦ ᠳᠠᠶᠢᠪᠤᠭᠤᠬᠠᠨ ᠶᠠᠷᠢᠨ᠎ᠠ᠃
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号