ᠡᠵᠡᠨ᠎ᠡ ᠶᠢᠨ ᠡᠨᠡ ᠨᠠᠮᠤᠷ ᠤᠨ ᠪᠡᠯᠳᠤ ᠬᠡᠮᠬᠡ ᠶᠢᠨ ᠤᠨᠠᠯᠲᠠ ᠪᠤᠷᠤᠯᠠᠭᠤᠯᠤᠯᠲᠠ ᠰᠠᠶᠢᠨ ᠪᠠᠶᠢᠨ᠎ᠠ
ᠨᠡᠶᠢᠲᠡᠯᠡᠭᠰᠡᠨ ᠴᠠᠭ᠄
2020/9/14
     9 ᠰᠠᠷ᠎ᠠ ᠶᠢᠨ 7 ᠤ ᠡᠳᠤᠷ᠂ ᠰᠤᠷᠪᠤᠯᠵᠢᠯᠠᠭᠴᠢ ᠪᠠᠶᠠᠠᠳᠣᠣᠷᠠᠢ ᠰᠤᠮᠤᠨ ᠤ ᠤᠩᠭᠤᠴᠠ ᠶᠢᠨ ᠲᠤᠤᠷᠠᠢ ᠭᠠᠴᠠᠭᠠᠨ ᠤ ᠲᠠᠷᠢᠶᠠᠴᠢᠨ ᠯᠦᠸᠧ ᠰᠢᠨ ᠪᠢᠩ ᠤᠨ ᠪᠠᠯᠳᠤ ᠬᠡᠮᠭᠡ ᠶᠢᠨ ᠲᠠᠷᠢᠶᠠᠨ ᠳᠤ ᠬᠦᠷᠬᠦ ᠳᠤ ᠬᠡᠮᠬᠡ ᠶᠢᠨ ᠦᠨᠦᠷ ᠬᠠᠮᠠᠷ ᠴᠤᠷᠬᠢᠵᠦ᠂ ᠠᠵᠢᠯᠴᠢᠳ ᠬᠡᠮᠬᠡ ᠬᠤᠷᠢᠶᠠᠵᠦ ᠬᠠᠶᠢᠷᠴᠠᠭᠯᠠᠨ᠂ ᠪᠠᠯᠳᠤ ᠬᠡᠮᠬᠡ ᠲᠡᠭᠡᠭᠡᠬᠦ ᠪᠠᠷ ᠢᠷᠡᠭᠰᠡᠨ ᠠᠴᠢᠶᠠᠨ ᠤ ᠮᠠᠰᠢᠨ ᠵᠦᠷᠢᠯᠳᠦᠵᠦ᠂ ᠡᠯᠪᠡᠭ ᠬᠤᠷᠢᠶᠠᠯᠲᠠ ᠶᠢᠨ ᠪᠠᠶᠠᠷ ᠪᠠᠭ᠋ᠠᠳᠣᠯ ᠪᠢᠯᠬᠠᠨ᠎ᠠ᠃      ᠪᠠᠯᠳᠤ ᠬᠡᠮᠬᠡ ᠲᠠᠷᠢᠭᠠᠳ 20 ᠭᠠᠷᠤᠢ ᠵᠢᠯ ᠪᠤᠯᠵᠦ ᠪᠠᠶᠢᠭ᠎ᠠ ᠯᠦᠸᠧ ᠰᠢᠨ ᠪᠢᠩ ᠡᠨᠡ ᠵᠢᠯ ᠤᠨ ᠡᠯᠪᠡᠭ ᠬᠤᠷᠢᠶᠠᠯᠲᠠ ᠳᠠᠭᠠᠨ ᠬᠠᠨᠤᠮᠵᠢᠲᠠᠢ ᠪᠠᠶᠢᠯ᠎ᠠ᠃ ︽ᠡᠨᠡ ᠵᠢᠯ ᠪᠢ ᠨᠡᠶᠢᠲᠡ 314 ᠮᠤ᠋ ᠪᠠᠯᠳᠤ ᠬᠡᠮᠬᠡ ᠲᠠᠷᠢᠵᠦ᠂ ᠲᠦᠷᠦᠯ ᠵᠥᠢᠯ ᠪᠤᠯᠤᠨ ᠭᠠᠷᠤᠯᠲᠠ ᠶᠢᠨ ᠢᠯᠭᠠᠭ᠎ᠠ ᠠᠴᠠ ᠪᠤᠯᠵᠦ᠂ ᠮᠤ᠋ ᠪᠦᠷᠢ ᠶᠢᠨ ᠬᠤᠳᠠᠯᠳᠤᠨ ᠠᠪᠬᠤ ᠦᠨ᠎ᠡ ᠪᠠᠰᠠ ᠵᠦᠷᠢᠶ᠎ᠡ ᠲᠠᠢ ᠪᠠᠶᠢᠨ᠎ᠠ᠂ ᠪᠠᠭ᠎ᠠ ᠳᠠᠭᠠᠨ 4300 ᠲᠦᠭᠦᠷᠢᠭ᠂ ᠶᠡᠭᠡ ᠳᠡᠭᠡᠨ 5300 ᠲᠦᠭᠦᠷᠢᠭ ᠲᠤ ᠬᠦᠷᠴᠤ᠂ ᠨᠢᠳᠦᠨᠤᠨ ᠤ ᠲᠠᠢ ᠬᠠᠷᠢᠴᠠᠭᠤᠯᠪᠠᠯ ᠮᠤ᠋ ᠪᠦᠷᠢ 500 ᠠᠴᠠ 600 ᠲᠦᠭᠦᠷᠢᠭ ᠨᠡᠮᠡᠭᠳᠡᠵᠡᠢ︾ ᠭᠡᠵᠦ ᠯᠦᠸᠧ ᠰᠢᠨ ᠪᠢᠩ ᠬᠡᠯᠡᠨ᠎ᠡ᠃      ᠰᠤᠷᠪᠤᠯᠵᠢᠯᠠᠭᠴᠢ ᠡᠵᠡᠨ᠎ᠡ ᠬᠤᠰᠢᠭᠤᠨ ᠤ ᠮᠠᠯ ᠠᠵᠦ ᠠᠬᠤᠢ ᠲᠠᠷᠢᠶᠠᠯᠠᠩ ᠪᠠ ᠰᠢᠨᠵᠢᠯᠡᠭᠡ ᠮᠡᠷᠭᠡᠵᠢᠯ ᠤᠨ ᠲᠤᠪᠴᠢᠶ᠎ᠠ ᠠᠴᠠ ᠤᠶᠢᠯᠠᠭᠠᠭᠰᠠᠨ ᠢᠶᠠᠷ᠂ ᠲᠤᠰ ᠬᠤᠰᠢᠭᠤᠨ ᠤ ᠡᠨᠡ ᠵᠢᠯ ᠤᠨ ᠪᠠᠯᠳᠤ ᠬᠡᠮᠬᠡ ᠲᠠᠷᠢᠭᠰᠠᠨ ᠲᠠᠯᠠᠪᠠᠢ 4.9 ᠲᠦᠮᠡᠨ ᠮᠤ᠋  ᠂ ᠲᠤᠮᠳᠠᠴᠢ ᠪᠠᠷ ᠮᠤ᠋ ᠪᠦᠷᠢ ᠶᠢᠨ ᠤᠨᠠᠯᠲᠠ ᠪᠠᠷᠤᠭ 2000 ᠺᠢᠯᠦᠭᠷᠠᠮ ᠳᠤ ᠬᠦᠷᠴᠤ᠂ ᠶᠡᠷᠤᠩᠬᠡᠢ ᠤᠨᠠᠯᠲᠠ10 ᠲᠦᠮᠡᠨ ᠲᠤᠨ ᠬᠦᠷᠬᠦ ᠪᠤᠯᠤᠮᠵᠢᠲᠠᠢ᠃ ᠲᠠᠷᠢᠮᠠᠯ ᠤᠨ ᠲᠦᠷᠦᠯ ᠵᠥᠢᠯ ᠳᠤ ᠭᠤᠤᠯᠳᠠᠭᠤ ᠰᠢᠵᠸᠤ ᠪᠠᠯᠳᠤ ᠬᠡᠮᠬᠡ᠂ ᠽᠡᠳᠢᠩ ᠪᠠᠯᠳᠤ ᠬᠡᠮᠬᠡ 10 ᠳ᠋ᠤᠭᠠᠷ᠂  ᠰᠢᠷ᠎ᠠ 86 ᠪᠠᠶᠢᠨ᠎ᠠ᠃ ︽ᠰᠢᠨ᠎ᠡ ᠬᠡᠯᠪᠡᠷᠢ ᠶᠢᠨ ᠲᠢᠲᠢᠮᠯᠢᠭ ᠸᠢᠷᠦ᠋ᠰ ᠠᠴᠠ ᠬᠠᠯᠳᠠᠪᠣᠷᠢᠯᠠᠭᠰᠠᠨ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠪᠤᠯᠤᠨ ᠨᠢᠳᠤᠨᠤᠨ  ᠤ ᠪᠠᠯᠳᠤ ᠬᠡᠮᠬᠡ ᠶᠢᠨ ᠵᠠᠬ᠎ᠠ ᠳᠡᠯᠭᠡᠭᠦᠷ ᠤᠨ ᠦᠨ᠎ᠡ ᠬᠠᠩᠰᠢ ᠨᠡᠶᠢᠲᠡᠮ ᠲᠤᠤᠷ᠎ᠠ ᠪᠤᠯᠤᠭᠰᠠᠨ ᠤ ᠨᠦᠯᠦᠭᠡ ᠪᠠᠷ ᠡᠨᠡ ᠵᠢᠯ ᠤᠨ ᠪᠦᠬᠦ ᠤᠯᠤᠰ ᠤᠨ ᠪᠠᠯᠳᠤ ᠬᠡᠮᠬᠡ ᠶᠢᠨ ᠲᠠᠷᠢᠮᠠᠯ ᠤᠨ ᠲᠠᠯᠠᠪᠠᠢ ᠬᠠᠰᠤᠭᠳᠠᠭᠰᠠᠨ ᠤ ᠳᠡᠭᠡᠷ᠎ᠡ ᠰᠢᠨᠵᠢᠶᠠᠩ ᠤᠨ ᠪᠠᠯᠳᠤ ᠬᠡᠮᠬᠡ ᠶᠢᠨ ᠪᠤᠷᠤᠯᠠᠭᠤᠯᠤᠯᠲᠠ ᠬᠢᠵᠠᠭᠠᠷᠯᠠᠭᠳᠠᠭᠰᠠᠨ ᠠᠴᠠ ᠪᠤᠯᠵᠦ᠂ ᠡᠵᠡᠨ᠎ᠡ ᠶᠢᠨ ᠪᠠᠯᠳᠤ ᠬᠡᠮᠬᠡ ᠨᠢ ᠤᠳᠤᠬᠠᠨ ᠤ ᠪᠠᠯᠳᠤ ᠬᠡᠮᠬᠡ ᠶᠢᠨ ᠵᠠᠬ᠎ᠠ ᠳᠡᠯᠭᠡᠭᠦᠷ ᠤᠨ ᠭᠤᠤᠯ ᠢᠷᠡᠯᠲᠡ ᠪᠤᠯᠵᠠᠢ᠃ ᠪᠤᠷᠤᠯᠠᠭᠤᠯᠭ᠎ᠠ ᠶᠢᠨ ᠪᠠᠶᠢᠳᠠᠯ  ᠳᠤ ᠬᠤᠪᠢᠷᠠᠯᠲᠠ ᠭᠠᠷᠤᠭᠰᠠᠨ ᠠᠴᠠ ᠡᠨᠡ ᠵᠢᠯ ᠤᠨ ᠦᠨ᠎ᠡ ᠬᠠᠩᠰᠢ ᠪᠠᠰᠠ ᠵᠢᠭᠠᠬᠠᠨ ᠦᠰᠴᠤ᠂ ᠪᠦᠬᠦ ᠬᠤᠰᠢᠭᠤᠨ  ᠤ ᠪᠠᠯᠳᠤ ᠬᠡᠮᠬᠡ ᠶᠢ ᠬᠤᠳᠠᠯᠳᠤᠨ ᠠᠪᠬᠤ ᠦᠨ᠎ᠡ ᠺᠢᠯᠦᠭᠷᠡᠮ ᠪᠦᠷᠢ ᠳᠡᠭᠡᠨ ᠲᠤᠮᠳᠠᠴᠢ ᠪᠠᠷ 2.4 ᠲᠦᠭᠦᠷᠢᠭ ᠤᠷᠴᠢᠮ ᠳᠤ ᠬᠦᠷᠴᠠᠢ᠃ ᠤᠳᠤᠬᠠᠨ ᠪᠤᠯᠲᠠᠯ᠎ᠠ᠂ ᠪᠦᠬᠦ ᠬᠤᠰᠢᠭᠤᠨ ᠤ ᠪᠤᠷᠤᠯᠠᠭᠤᠯᠤᠯᠲᠠ ᠶᠢᠨ ᠵᠦᠪᠯᠡᠯᠴᠡᠭᠡᠷ ᠲᠤᠭᠲᠠᠭᠰᠠᠨ ᠪᠠᠯᠳᠤ ᠬᠡᠮᠬᠡ 4 ᠲᠦᠮᠡ ᠭᠠᠷᠤᠢ ᠮᠤ᠋ ᠳᠤ ᠬᠦᠷᠦᠭᠰᠡᠨ ᠪᠠᠶᠢᠨ᠎ᠠ︾ ᠭᠡᠵᠦ ᠡᠵᠡᠨ᠎ᠡ ᠬᠤᠰᠢᠭᠤᠨ ᠤ ᠲᠠᠷᠢᠶᠠᠯᠠᠩ ᠤᠨ ᠮᠡᠷᠭᠡᠵᠢᠯ ᠳᠡᠯᠭᠡᠷᠡᠭᠦᠯᠬᠦ ᠲᠦᠪ ᠤᠨ ᠡᠷᠬᠢᠯᠡᠭᠴᠢ ᠴᠧᠨ ᠶᠦᠩ ᠯᠢᠩ ᠬᠡᠯᠡᠪᠡ  ᠃      ︽ᠦᠩᠭᠡᠷᠡᠭᠰᠡᠨ ᠳᠤ ᠰᠢᠨᠵᠢᠶᠠᠩ ᠤᠨ ᠪᠠᠯᠳᠤ ᠬᠡᠮᠬᠡ ᠠᠮᠲᠠᠲᠠᠢ ᠶᠢ ᠮᠡᠳᠡᠨ᠎ᠡ᠂ ᠦᠨᠦᠳᠦᠷ ᠡᠵᠡᠨ᠎ᠡ ᠶᠢᠨ ᠪᠠᠯᠳᠤ ᠬᠡᠮᠬᠡ ᠶᠢ ᠢᠳᠡᠭᠡᠳ ᠰᠢᠨᠵᠢᠶᠠᠩ ᠤᠨ ᠪᠠᠯᠳᠤ ᠬᠡᠮᠬᠡ ᠠᠴᠠ ᠵᠢᠭᠠᠬᠠᠨ ᠴᠦ ᠲᠤᠲᠠᠬᠤ ᠦᠭᠡᠢ ᠶᠢ ᠮᠡᠳᠡᠯ᠎ᠡ᠂ 5 ᠬᠠᠶᠢᠷᠴᠠᠭ ᠬᠤᠳᠠᠯᠳᠤᠨ ᠠᠪᠴᠤ ᠭᠡᠷ ᠤᠨ ᠬᠦᠮᠤᠰ ᠲᠡᠭᠡᠨ ᠦᠭᠭᠦᠨ᠎ᠡ︾ ᠭᠡᠵᠦ ᠱᠠᠨᠰᠢ ᠠᠴᠠ ᠢᠷᠡᠭᠰᠡᠨ ᠵᠢᠭᠤᠯᠴᠢᠯᠠᠭᠴᠢ ᠸᠠᠩ ᠴᠢᠶᠠᠩ ᠶᠠᠷᠢᠨ᠎ᠠ  ᠃      ᠠᠭᠤᠯᠭ᠎ᠠ ᠶᠢᠨ ᠢᠷᠡᠯᠳᠡ᠄ http://mongol.people.com.cn/15823722.html
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号