︽ᠤᠯᠵᠠ ᠠᠰᠢᠭ ᠲᠤ ᠲᠤᠷᠠᠯᠠᠵᠤ︾ ᠵᠢᠷᠬᠢᠶ᠎ᠡ ᠶᠢᠨ ᠨᠤᠮᠧᠷ ᠢᠶᠠᠨ  ᠲᠦᠷᠢᠶᠡᠰᠦᠯᠡᠭᠦᠯᠬᠦ ᠨᠢ ᠶᠠᠮᠠᠷ ᠠᠶᠤᠯ ᠲᠠᠢ ᠪᠠᠶᠢᠳᠠᠭ ᠪᠣᠶ︖
ᠨᠡᠶᠢᠲᠡᠯᠡᠭᠰᠡᠨ ᠴᠠᠭ᠄
2020/9/1
      ︽ᠵᠢᠷᠬᠢᠶ᠎ᠡ ᠪᠠᠨ ᠲᠦᠷᠢᠶᠡᠰᠦᠯᠡᠬᠦ ᠰᠠᠨᠠᠭ᠎ᠠ ᠲᠠᠢ  ᠪᠤᠯ  ᠨᠠᠮᠠᠢᠢ  ᠨᠡᠮᠡᠭᠡᠷᠠᠢ᠂  ᠲᠤᠰ  ᠵᠠᠷ  ᠤᠷᠲᠤ  ᠬᠤᠭᠤᠴᠠᠭ᠎ᠠ  ᠬᠦᠴᠦᠨ ᠲᠠᠢ︾  ︽ᠥᠨᠳᠥᠷ ᠦᠨ᠎ᠡ ᠪᠠᠷ ᠵᠢᠷᠬᠢᠶ᠎ᠠ ᠬᠤᠳᠠᠯᠳᠤᠵᠤ ᠠᠪᠤᠨ᠎ᠠ᠂ ᠬᠤᠳᠠᠯᠳᠤᠬᠤ ᠳᠤᠷ᠎ᠠ ᠥᠬᠡᠶ ᠨᠢ  ᠲᠦᠷᠢᠶᠡᠰᠦᠯᠡᠬᠦᠯᠵᠦ  ᠪᠤᠯᠤᠨ᠎ᠠ᠂  ᠡᠳᠦᠷ ᠤᠨ 180 ᠲᠥᠭᠦᠷᠢᠭ︾᠁ ᠣᠶᠢᠷ᠎ᠠ ᠳᠤ ᠨᠠᠶᠢᠵᠠ ᠶᠢᠨ  ᠲᠣᠭᠤᠷᠢᠭ  ᠪᠤᠶᠤ  ᠵᠢᠷᠬᠢᠶ᠎ᠡ ᠶᠢᠨ  ᠬᠤᠯᠪᠤᠭ᠎ᠠ ᠳᠤ  ᠡᠶᠢᠮᠦᠷᠬᠦ  ︽ᠵᠠᠷ ᠮᠡᠳᠡᠭᠡ︾ ᠭᠠᠷᠴᠤ ᠪᠠᠶᠢᠨ᠎ᠠ᠃               ︽ᠰᠢᠨᠬᠤᠸᠠ ᠬᠠᠷᠠᠭᠠᠨ ᠴᠡᠭ︾ ᠤᠨ ᠰᠤᠷᠪᠤᠯᠵᠢᠯᠠᠭᠴᠢ ᠪᠠᠶᠢᠴᠠᠭᠠᠯᠲᠠ ᠬᠢᠬᠦ ᠪᠠᠷ ᠲᠠᠮᠵᠢᠭᠠᠳ᠂ ᠵᠠᠷᠢᠮ ᠬᠥᠮᠦᠰ  ᠪᠠᠭ᠎ᠠ ᠠᠰᠢᠭ ᠲᠤ ᠲᠤᠷᠠᠯᠠᠵᠤ ᠥᠪᠡᠷ ᠤᠨ ᠵᠢᠷᠬᠢᠶ᠎ᠡ ᠶᠢᠨ ᠨᠤᠮᠧᠷ ᠢᠶᠠᠨ ᠪᠤᠰᠤᠳ ᠲᠤ ᠲᠦᠷᠢᠶᠡᠰᠦᠯᠡᠨ ᠥᠭᠴᠦ ᠪᠠᠶᠢᠬᠤ  ᠪᠠ  ᠡᠳᠡᠭᠡᠷ ᠲᠦᠷᠢᠶᠡᠯᠡᠬᠦᠯᠦᠭᠰᠡᠨ ᠵᠢᠷᠬᠢᠶ᠎ᠡ ᠶᠢᠨ ᠨᠤᠮᠧᠷ ᠢ ᠨᠢ ᠬᠠᠤᠯᠢ ᠪᠤᠰᠤ ᠡᠲᠡᠭᠡᠳ ᠬᠦᠮᠦᠨ ᠢ  ᠮᠡᠬᠡᠯᠡᠬᠦ᠂  ᠵᠣᠭᠤᠰ  ᠤᠬᠢᠶᠠᠬᠤ  ᠵᠡᠷᠭᠡ ᠶᠠᠯᠠᠲᠤ ᠠᠵᠢᠯᠯᠠᠭ᠎ᠠ ᠬᠢᠬᠦ ᠪᠠᠭᠠᠵᠢ ᠪᠤᠯᠭᠠᠵᠤ ᠪᠠᠶᠢᠬᠤ ᠶᠢ ᠤᠯᠵᠤ ᠮᠡᠳᠡᠵᠡᠢ᠃                         ᠪᠠᠭ᠎ᠠ ᠰᠠᠭ᠎ᠠ ᠠᠰᠢᠭ ᠲᠤ ᠲᠤᠷᠠᠯᠠᠭᠠᠳ ᠬᠦᠨᠳᠦ ᠶᠡᠭᠡ ᠦᠷᠡᠭᠳᠡᠯ ᠭᠠᠷᠭᠠᠪᠠ                         2019 ᠣᠨ ᠤ 10 ᠰᠠᠷ᠎ᠠ ᠳᠤ᠂ ᠾᠧᠨᠠᠨ ᠤ ᠰᠢᠨ ᠰᠢᠶᠠᠩ ᠤᠨ ᠨᠢᠭᠡᠨ ᠠᠵᠢᠯ ᠮᠡᠷᠭᠡᠵᠢᠯ ᠤᠨ  ᠰᠤᠷᠭᠠᠭᠤᠯᠢ ᠶᠢᠨ ᠰᠤᠷᠤᠭᠴᠢ ᠯᠢ ᠣᠪᠣᠭᠲᠤ᠂ ᠪᠢ ᠣᠪᠣᠭᠲᠤ ᠨᠢᠭᠡ ︽ᠪᠠᠶᠠᠵᠢᠬᠤ  ᠵᠠᠮ︾ ᠢ  ᠤᠯᠵᠤ  ᠮᠡᠳᠡᠪᠡ᠄  ᠵᠢᠷᠬᠢᠶ᠎ᠡ ᠶᠢᠨ  ᠨᠤᠮᠧᠷ   ᠢᠶᠠᠨ ᠪᠤᠰᠤᠳ ᠲᠤ ᠲᠦᠷᠢᠶᠡᠰᠦᠯᠡᠨ ᠥᠭᠴᠦ᠂ ᠡᠳᠦᠷ  ᠪᠦᠷᠢ  ᠺᠣᠮᠫᠢᠦ᠋ᠲ᠋ᠧᠷ ᠲᠠᠭᠠᠨ  ᠠᠳᠠᠯᠢᠬᠠᠨ  ᠴᠠᠭ ᠲᠤ  ᠭᠠᠷᠤᠬᠰᠠᠭᠠᠷ  80 ᠲᠥᠭᠦᠷᠢᠭ ᠤᠨ ᠬᠠᠷᠠᠮᠵᠢ ᠤᠯᠴᠢᠬᠠᠨ᠎ᠠ᠃ ᠢᠡᠭᠭᠢᠵᠦ ᠠᠰᠢᠭ ᠤᠯᠵᠤ ᠪᠤᠯᠬᠤ ᠶᠢ ᠮᠡᠳᠡᠭᠡᠳ  ᠲᠡᠳᠡ  ᠴᠢᠨᠠᠬᠰᠢᠯᠠᠨ  ᠵᠠᠪᠰᠠᠷ ᠤᠨ ᠬᠤᠳᠠᠯᠳᠤᠭᠠᠴᠢᠨ ᠪᠣᠯᠵᠤ᠂ ᠡᠳᠦᠷ ᠪᠦᠷᠢ 50 ᠲᠥᠭᠦᠷᠢᠭ ᠤᠨ ᠦᠨ᠎ᠡ ᠪᠠᠷ ᠬᠠᠮᠲᠤ ᠰᠤᠷᠤᠯᠭᠠᠳᠠᠨ᠂  ᠨᠠᠶᠢᠵᠠ  ᠨᠠᠷ ᠤᠨ ᠢᠶᠠᠨ ᠵᠢᠷᠬᠢᠶ᠎ᠡ ᠶᠢᠨ ᠨᠤᠮᠧᠷ ᠢ ᠤᠯᠠᠨᠳᠠ ᠲᠦᠷᠢᠶᠡᠰᠦᠯᠡᠵᠦ ᠠᠪᠤᠭᠠᠳ ᠪᠤᠰᠤᠳ ᠲᠤ ᠲᠦᠷᠢᠶᠡᠰᠦᠯᠡᠨ ᠮᠦᠡᠭᠭᠦ  ᠬᠤᠨᠵᠢᠵᠦ᠂  ᠬᠡᠳᠦᠭᠡᠨ ᠰᠠᠷ᠎ᠠ ᠶᠢᠨ ᠲᠤᠳᠤᠷ᠎ᠠ ᠲᠦᠮᠡ ᠭᠠᠷᠤᠢ ᠲᠦᠭᠦᠷᠢᠭ ᠬᠤᠨᠵᠢᠵᠠᠶ᠃               ᠬᠡᠪᠡᠴᠦ ᠲᠡᠮᠡᠢ ᠤᠳᠠᠬᠰᠠᠨ ᠦᠭᠡᠢ ᠲᠡᠳᠡ ᠡᠭᠦᠨ ᠤ ᠲᠥᠯᠥᠭᠡ ᠬᠦᠨᠳᠦ ᠦᠷᠡᠭᠳᠡᠯ ᠭᠠᠷᠭᠠᠪᠠ᠃  ᠶᠠᠯᠠᠲᠤ  ᠡᠲᠡᠭᠡᠳ ᠯᠢ ᠣᠪᠣᠭᠲᠤ ᠪᠤᠯᠤᠨ ᠪᠢ ᠣᠪᠣᠭᠲᠠᠨ ᠤ ᠲᠦᠷᠢᠶᠡᠰᠦᠯᠡᠵᠦ ᠦᠭᠭᠦᠭᠰᠡᠨ 100 ᠭᠠᠷᠤᠶ ᠵᠢᠷᠬᠢᠶ᠎ᠡ  ᠶᠢᠨ ᠨᠤᠮᠧᠷ   ᠢ  ᠠᠰᠢᠬᠯᠠᠨ ᠵᠠᠭᠤ ᠭᠠᠷᠤᠶ ᠲᠤᠰᠢᠶᠠᠯ ᠬᠠᠪᠰᠤᠷᠭᠠᠨ ᠠᠵᠢᠯᠯᠠᠬᠤ ᠠᠵᠢᠯᠳᠠᠨ ᠡᠯᠰᠡᠬᠦ ᠬᠤᠯᠪᠤᠭ᠎ᠠ ᠪᠠᠶᠢᠭᠤᠯᠵᠤ᠂ ᠰᠦᠯᠵᠢᠶᠡᠨ ᠤ ᠵᠠᠬᠢᠶᠠᠯᠠᠭ᠎ᠠ ᠶᠢᠨ ᠬᠠᠭᠤᠳᠠᠰᠤ ᠭᠠᠷᠭᠠᠬᠤ᠂ ᠵᠢᠭᠡᠯᠡᠯᠭᠡ ᠲᠠᠯᠪᠢᠬᠤ ᠵᠡᠷᠭᠡ ᠮᠡᠬᠡᠯᠡᠯ ᠤᠨ ᠮᠡᠳᠡᠭᠡ  ᠵᠠᠩᠭᠢ  ᠲᠠᠷᠬᠠᠭᠠᠬᠤ ᠶᠢᠨ  ᠤᠯᠠᠮ ᠢᠶᠠᠷ  ᠴᠠᠬᠢᠯᠭᠠᠨ ᠴᠢᠮᠡᠭᠡ ᠬᠤᠯᠪᠣᠭ᠎ᠠ ᠪᠠ ᠰᠦᠯᠵᠢᠶᠡᠨ ᠤ ᠮᠡᠬᠡᠯᠡᠯ ᠤᠨ ᠶᠠᠯᠠᠲᠤ ᠠᠵᠢᠯᠯᠠᠭ᠎ᠠ ᠬᠢᠵᠦ ᠪᠠᠶᠢᠬᠤ ᠶᠢ ᠴᠠᠭᠳᠠᠭᠠᠨ ᠤ ᠲᠠᠯ᠎ᠠ ᠶᠢᠨ ᠬᠢᠨ ᠡᠨᠡ ᠵᠢᠯ ᠤᠨ 4 ᠰᠠᠷ᠎ᠠ ᠳᠤ ᠤᠯᠵᠤ  ᠮᠡᠳᠡᠵᠡᠢ᠃  ᠢᠡᠭᠭᠢᠭᠡᠳ  ᠯᠢ  ᠣᠪᠣᠭᠲᠤ᠂  ᠪᠢ  ᠣᠪᠣᠭᠲᠤ ᠶᠢ  ᠡᠷᠡᠭᠦᠦ ᠶᠢᠨ  ᠬᠡᠷᠡᠭ ᠤᠨ ᠰᠡᠵᠢᠭᠳᠡᠨ ᠢᠶᠠᠷ ᠪᠠᠶᠢᠴᠠᠭᠠᠪᠠ᠃               ᠯᠢ  ᠣᠪᠣᠭᠲᠤ  ᠪᠤᠯᠤᠨ  ᠪᠢ  ᠣᠪᠣᠭᠲᠤ ᠶᠢᠨ ᠬᠢᠨ ᠲᠠᠢ   ᠠᠳᠠᠯᠢᠪᠳᠤᠷ   ᠬᠡᠷᠡᠭ   ᠤᠯᠠᠨ   ᠭᠠᠷᠴᠤ   ᠪᠤᠢ᠃ ᠰᠤᠷᠪᠤᠯᠵᠢᠯᠠᠭᠴᠢ ᠶᠢᠨ ᠪᠠᠶᠢᠴᠠᠭᠠᠯᠲᠠ ᠬᠢᠭᠡᠳ ᠣᠯᠵᠤ ᠮᠡᠳᠡᠭᠰᠡᠨ ᠢᠶᠠᠷ᠂  ᠤᠶᠢᠷ᠎ᠡ ᠶᠢᠨ  ᠵᠢᠯ ᠠᠴᠠ  ᠴᠥᠭᠡᠨ  ᠪᠤᠰᠤ  ᠬᠥᠮᠦᠰ ᠰᠦᠯᠵᠢᠶᠡᠨ ᠳᠡᠭᠡᠷ᠎ᠡ ᠵᠢᠷᠬᠢᠶ᠎ᠡ ᠶᠢᠨ ᠨᠤᠮᠧᠷ᠂ ᠲᠣᠭᠠᠴᠠᠭ᠎ᠠ ᠬᠢᠬᠦ ᠳᠠᠪᠴᠠᠩ ᠢᠶᠠᠷ ︽ᠮᠠᠶᠢᠮᠠᠶ︾ ᠬᠢᠵᠦ᠂ ᠵᠠᠷᠢᠮ ᠤᠨ ᠬᠢᠨᠢ ᠲᠦᠷᠢᠶᠡᠰᠦᠨ ᠮᠥᠩᠭᠦ ᠨᠢ ᠬᠡᠳᠦᠨ ᠵᠠᠭᠤ ᠲᠦᠭᠦᠷᠢᠭ ᠴᠢᠨᠠᠭᠰᠢᠯᠠᠪᠡᠯ ᠮᠢᠩᠭ᠎ᠠ ᠭᠠᠷᠤᠢ ᠲᠥᠭᠦᠷᠢᠭ ᠲᠤ ᠬᠦᠷᠴᠦ ᠪᠠᠶᠢᠨ᠎ᠠ᠃               ᠰᠤᠷᠪᠤᠯᠵᠢᠯᠠᠭᠴᠢ  ᠰᠦᠯᠵᠢᠶᠡᠨ  ᠳᠡᠭᠡᠷ᠎ᠡ ᠠᠴᠠ  ᠵᠢᠷᠬᠢᠶ᠎ᠡ ᠶᠢᠨ  ᠨᠤᠮᠧᠷ  ᠬᠤᠳᠠᠯᠳᠤᠨ  ᠠᠪᠳᠠᠭ  ᠨᠢᠭᠡᠨ ᠵᠠᠪᠰᠠᠷ ᠤᠨ ᠬᠤᠳᠠᠯᠳᠤᠭᠠᠴᠢᠨ ᠲᠠᠢ ᠬᠠᠷᠢᠯᠴᠠᠬᠰᠠᠨ ᠳᠤ᠂ ᠲᠡᠷᠡ᠄ ᠲᠦᠷᠢᠶᠡᠰᠦᠯᠡᠨ ᠬᠡᠷᠡᠭᠯᠡᠬᠦᠯᠬᠦ ᠭᠡᠳᠡᠭ ᠨᠢ ᠵᠢᠷᠬᠢᠶ᠎ᠡ ᠶᠢᠨ  ᠺᠣᠮᠫᠢᠦ᠋ᠲ᠋ᠧᠷ ᠲᠤ ᠬᠡᠪ ᠢᠶᠠᠷ ᠭᠠᠷᠬᠤ ᠠᠷᠭ᠎ᠠ ᠮᠠᠶ᠋ᠢᠭ ᠢᠶᠠᠷ ︽ᠬᠤᠤᠰ ᠲᠠᠪᠴᠠᠩ ᠢᠶᠠᠷ ᠠᠵᠢᠯᠯᠠᠭᠤᠯᠬᠤ︾ ᠶᠢ ᠬᠡᠯᠡᠵᠦ ᠪᠤᠢ᠂  ᠡᠨᠡ ᠨᠢ  ᠵᠢᠷᠬᠢᠶ᠎ᠡ ᠶᠢᠨ ᠡᠵᠡᠨ ᠤ ᠬᠡᠪ ᠤᠨ ᠬᠡᠷᠡᠭᠯᠡᠭᠡ ᠶᠢ ᠨᠥᠯᠥᠭᠡᠯᠡᠬᠦ ᠥᠬᠡᠶ ᠶᠤᠮ᠃ ᠵᠢᠷᠬᠢᠶ᠎ᠡ ᠶᠢᠨ ᠡᠵᠡᠨ ᠨᠢ ᠬᠡᠪ ᠤᠨ ᠪᠤᠰᠤ ᠪᠠᠶᠢᠳᠠᠯ ᠲᠠᠢ  ᠪᠠᠶᠢᠬᠤ ᠶᠢ ᠰᠡᠷᠡᠵᠤ ᠮᠡᠳᠡᠪᠡᠯ᠂ ᠲᠡᠷᠡ ᠲᠤᠤᠷ᠎ᠡ ᠨᠢ ᠵᠢᠷᠬᠢᠶ᠎ᠡ ᠳᠤ ᠭᠠᠷᠬᠤ ᠶᠢ ᠬᠦᠴᠦᠨ ᠦᠭᠡᠢ ᠪᠣᠯᠭᠠᠵᠤ ᠪᠣᠯᠤᠨ᠎ᠠ ᠬᠡᠵᠦ ᠲᠠᠨᠢᠯᠴᠠᠭᠤᠯᠤᠨ ᠬᠡᠯᠡᠯ᠎ᠡ᠃               ᠲᠤᠰ  ᠵᠠᠪᠰᠠᠷ ᠤᠨ  ᠬᠤᠳᠠᠯᠳᠤᠭᠠᠴᠢᠨ  ᠬᠡᠯᠡᠬᠦ ᠪᠠᠷ᠂  ᠠᠳᠠᠯᠢ  ᠪᠤᠰᠤ  ᠵᠢᠷᠬᠢᠶ᠎ᠡ ᠶᠢᠨ  ᠨᠤᠮᠧᠷ ᠤᠨ  ᠲᠦᠷᠢᠶᠡᠰᠦᠨ ᠦᠨ᠎ᠡ ᠨᠢ ᠠᠳᠠᠯᠢ  ᠦᠭᠡᠢ᠂  ᠰᠢᠨᠡᠭᠡᠨ  ᠳᠠᠩᠰᠠᠯᠠᠭᠤᠯᠤᠭᠰᠠᠨ  ᠵᠢᠷᠬᠢᠶ᠎ᠡ ᠶᠢᠨ  ᠨᠤᠮᠧᠷ ᠤᠨ  ᠦᠨ᠎ᠡ  ᠨᠢ ᠬᠠᠮᠤᠭ ᠤᠨ  ᠬᠢᠮᠳᠠ᠂ ᠨᠠᠶᠢᠵᠠ ᠶᠢᠨ ᠲᠣᠭᠤᠷᠢᠭ ᠪᠠᠶᠢᠭᠤᠯᠤᠭᠠᠳ ︽ᠬᠡᠳᠦᠨ ᠰᠠᠷ᠎ᠠ ᠪᠤᠯᠤᠬᠰᠠᠨ︾ ᠵᠢᠷᠬᠢᠶ᠎ᠡ ᠶᠢᠨ ᠨᠤᠮᠧᠷ ᠨᠢ ᠵᠢᠭᠠᠬᠠᠨ ᠦᠨᠡᠲᠡᠶ ᠰᠢᠭ᠃ ᠪᠠᠩᠬᠢ ᠶᠢᠨ ᠺᠠᠷᠲ ᠢᠶᠠᠨ ᠬᠤᠯᠪᠣᠬᠰᠠᠨ᠂ ᠲᠣᠭᠠᠴᠠᠭ᠎ᠠ ᠬᠢᠬᠦ ᠴᠢᠳᠠᠮᠵᠢ ᠲᠠᠢ  ᠨᠢ ᠨᠠᠩ  ᠦᠨᠡᠲᠡᠶ᠂  ᠶᠡᠭᠡ  ᠲᠣᠭᠠᠨ ᠤ  ᠵᠤᠭᠤᠰ ᠰᠢᠯᠵᠢᠭᠦᠯᠬᠦ ᠴᠢᠳᠠᠮᠵᠢ ᠲᠠᠢ ᠨᠢ ᠬᠠᠮᠤᠭ ᠤᠨ ᠦᠨᠡᠲᠡᠶ ᠶᠤᠮ᠃ ᠳᠠᠩᠰᠠᠯᠠᠭᠤᠯᠤᠬᠰᠠᠨ ᠴᠠᠭ ᠨᠢ  ᠬᠠᠭᠠᠰ  ᠵᠢᠯ  ᠦᠡᠭᠭᠡᠷᠡᠭᠰᠡᠨ᠂ 40 ᠭᠠᠷᠤᠢ ᠰᠠᠶᠢᠨ ᠨᠠᠶᠢᠵᠠ ᠲᠠᠢ᠂  ᠨᠠᠶᠢᠵᠠ ᠶᠢᠨ  ᠲᠣᠭᠤᠷᠢᠭ ᠨᠢ  ᠬᠥᠭᠵᠢᠶᠡᠨᠲᠡᠶ  ᠵᠢᠷᠬᠢᠶ᠎ᠡ ᠶᠢᠨ  ᠨᠤᠮᠧᠷ ᠤᠨ  ᠡᠳᠦᠷ ᠤᠨ ᠲᠦᠷᠢᠶᠡᠰᠦᠨ ᠮᠥᠩᠭᠦ ᠨᠢ 60 ᠲᠥᠭᠦᠷᠢᠭ ᠠᠴᠠ 100 ᠲᠥᠭᠦᠷᠢᠭ ᠲᠤ ᠬᠦᠷᠦᠨ᠎ᠡ ᠬᠡᠪᠡ᠃               ᠵᠢᠷᠬᠢᠶ᠎ᠡ ᠶᠢᠨ ᠲᠠᠪᠴᠠᠩ ᠤᠨ  ᠬᠠᠮᠢᠶ᠎ᠠ ᠪᠦᠬᠦᠢ ᠳᠣᠭᠳᠠᠭᠠᠯ  ᠢ ᠦᠨᠳᠦᠰᠦᠯᠡᠪᠡᠯ᠂ ᠵᠢᠷᠬᠢᠶ᠎ᠡ ᠶᠢᠨ ᠨᠤᠮᠧᠷ ᠢ  ᠲᠦᠷᠢᠶᠡᠰᠦᠯᠡᠭᠦᠯᠵᠦ  ᠪᠣᠯᠬᠤ  ᠥᠬᠡᠶ  ᠶᠤᠮ᠃ ᠬᠡᠷᠡᠭᠯᠡᠭᠴᠢ ᠥᠪᠡᠷ ᠤᠨ ᠦᠨᠡᠨ ᠨᠡᠷ᠎ᠡ ᠪᠠᠷ ᠳᠠᠩᠰᠠᠯᠠᠭᠤᠯᠤᠭᠰᠠᠨ ᠵᠢᠷᠬᠢᠶ᠎ᠡ ᠶᠢᠨ ᠨᠤᠮᠧᠷ ᠢᠶᠠᠨ ᠭᠠᠳᠠᠭᠰᠢ  ᠲᠦᠷᠢᠶᠡᠰᠦᠯᠡᠭᠦᠯᠬᠦ ᠳᠤ ᠬᠦᠷᠪᠡᠯ ᠵᠢᠷᠬᠢᠶ᠎ᠡ ᠶᠢᠨ ᠨᠤᠮᠧᠷ ᠢᠶᠠᠨ ᠭᠡᠭᠡᠬᠦ ᠠᠶᠤᠯ ᠲᠠᠢ︔       ᠵᠢᠷᠬᠢᠶ᠎ᠡ ᠶᠢᠨ ᠨᠤᠮᠧᠷ ᠤᠨ  ᠲᠤᠳᠤᠷᠠᠬᠢ  ᠬᠤᠪᠢ  ᠬᠦᠮᠦᠨ ᠤ ᠲᠤᠭ᠎ᠠ ᠪᠠᠷᠢᠮᠳᠠ ᠪᠤᠯᠤᠨ ᠬᠤᠪᠢ ᠶᠢᠨ ᠨᠢᠭᠤᠴᠠ ᠮᠡᠳᠡᠭᠡ ᠵᠠᠩᠭᠢ ᠵᠡᠷᠭᠡ ᠪᠠᠨ ᠭᠡᠭᠡᠬᠦ ᠪᠤᠶᠤ ᠲᠡᠭᠦᠨ ᠢ ᠴᠢᠨᠢ  ᠪᠤᠰᠤᠳ  ᠬᠦᠮᠦᠨ ᠲᠤᠷ᠎ᠡ ᠪᠠᠷ ᠢᠶᠠᠨ ᠠᠰᠢᠬᠯᠠᠬᠤ ᠠᠶᠤᠯ ᠲᠠᠢ︔  ᠵᠢᠷᠬᠢᠶ᠎ᠡ ᠪᠠᠷ  ᠲᠣᠭᠠᠴᠠᠭ᠎ᠠ  ᠬᠢᠳᠡᠭ  ᠲᠠᠩᠰᠠᠨ  ᠡᠷᠦᠬᠡ  ᠵᠢᠴᠢ  ᠬᠤᠯᠪᠣᠭᠳᠠᠬᠤ ᠪᠠᠩᠬᠢ ᠶᠢᠨ ᠺᠠᠷᠲ ᠲᠠᠢ ᠲᠠᠩᠰᠠᠨ ᠡᠷᠦᠬᠡ ᠶᠢᠨ ᠪᠠᠯᠠ ᠮᠥᠩᠭᠦ ᠶᠢᠨ ᠠᠮᠤᠷ ᠲᠦᠪᠰᠢᠨ ᠳᠤ ᠯᠤᠲᠤ  ᠶᠡᠭᠡ  ᠠᠶᠤᠯ  ᠲᠦᠭᠰᠢᠭᠦᠷᠢ ᠤᠴᠠᠷᠠᠭᠤᠯᠬᠤ ᠠᠶᠤᠯ ᠲᠠᠢ︔ ᠵᠢᠷᠬᠢᠶ᠎ᠠ ᠶᠢᠨ ᠨᠣᠮᠧᠷ ᠢ ᠴᠢᠨᠢ ᠪᠤᠰᠤᠳ ᠬᠥᠮᠦᠨ ᠠᠰᠢᠭᠯᠠᠵᠤ ᠬᠠᠤᠯᠢ ᠠᠴᠠ ᠵᠥᠷᠢᠴᠡᠬᠦ  ᠶᠠᠯᠠᠲᠤ ᠠᠵᠢᠯᠯᠠᠭ᠎ᠠ ᠬᠢᠬᠦ ᠳᠤ ᠬᠦᠷᠪᠡᠯ᠂ ᠵᠢᠷᠬᠢᠶ᠎ᠡ ᠶᠢᠨ ᠡᠵᠡᠨ ︵ᠬᠡᠷᠡᠭᠯᠡᠭᠴᠢ ᠲᠣᠰ  ᠬᠦᠮᠦᠨ︶ ᠨᠢ  ᠴᠤ  ᠬᠠᠤᠯᠢ ᠶᠢᠨ  ᠬᠠᠷᠢᠭᠤᠴᠠᠯᠭ᠎ᠠ ᠡᠭᠦᠷᠭᠡᠯᠡᠵᠦ᠂ ᠴᠢᠨᠠᠭᠰᠢᠯᠠᠪᠠᠯ ᠡᠷᠡᠭᠦᠤ ᠶᠢᠨ ᠬᠠᠷᠢᠭᠤᠴᠠᠯᠭ᠎ᠠ ᠡᠭᠦᠷᠭᠡᠯᠡᠬᠦ ᠠᠶᠤᠯ ᠲᠠᠢ ᠶᠤᠮ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号