ᠢᠳᠡᠭᠡᠯ ᠰᠡᠳᠬᠢᠯ ᠢᠶᠠᠷ ᠪᠣᠰᠣᠭᠰᠠᠨ ᠭᠡᠭᠡᠨ ᠣᠶᠢᠯᠡᠰ
ᠨᠡᠶᠢᠲᠡᠯᠡᠭᠰᠡᠨ ᠴᠠᠭ᠄
2020/9/1
      ᠠᠷᠣ ᠳᠠᠭᠠᠨ ᠣᠷᠬᠢᠭᠰᠠᠨ ᠠᠮᠢᠳᠣᠷᠠᠯ ᠤᠨ ᠵᠠᠮ ᠢᠶᠠᠨ ᠠᠬᠢᠨ ᠡᠷᠬᠢᠨ ᠪᠠᠷᠠᠯᠠᠬᠤ ᠳᠤ ᠪᠣᠳᠠᠷᠠᠵᠣ ᠪᠣᠷᠬᠢᠯᠠᠬᠤ ᠳᠣᠭᠤᠰᠣᠨ ᠳᠣᠮᠳᠠ ᠵᠠᠮ ᠪᠦᠷᠳᠤᠯᠵᠡᠨ ᠪᠦᠷᠳᠤᠯᠵᠡᠭᠰᠡᠭᠡᠷ ᠳᠣᠳᠣᠷᠠᠨ ᠠᠶᠢᠰᠦᠢ ᠮᠡᠳᠦ᠃ ᠦᠢᠯᠡᠰ ᠤᠨ ᠵᠠᠮ ᠵᠣᠷᠠᠶᠢᠨ ᠳᠡᠭᠰᠢᠷᠡᠬᠦ ᠪᠠᠷ ᠠᠮᠢᠳᠣᠷᠠᠯ ᠴᠦ ᠠᠶᠠᠨᠳᠠᠭᠠᠨ ᠦᠭᠡᠳᠡ ᠲᠠᠢ ᠦᠩᠭᠡ ᠲᠠᠢ ᠪᠣᠯᠳᠠᠭ᠃ ᠴᠢᠷᠮᠠᠶᠢᠵᠣ ᠳᠡᠮᠡᠴᠡᠵᠣ ᠶᠠᠪᠣᠭᠰᠠᠨ ᠠᠳᠠᠯ ᠣᠶᠢᠯᠡᠰ ᠤᠨ ᠭᠡᠭᠡᠨ ᠵᠠᠮ ᠳᠤ ᠴᠢᠷᠮᠠᠶᠢᠯᠭ᠎ᠠ ᠳᠡᠪᠴᠢᠶᠡᠷᠢ᠂ ᠢᠳᠡᠭᠡᠯ ᠰᠡᠳᠬᠢᠯ ᠤᠨ ᠳᠡᠩᠭᠡᠭᠡ ᠬᠦᠴᠦᠨ ᠪᠠᠶᠢᠳᠠᠭ ᠢ ᠣᠶᠣᠨᠬᠤᠸᠠᠷ ᠦᠨᠡᠨᠬᠦ ᠮᠡᠳᠡᠷᠡᠨ᠎ᠡ᠃     ᠭᠠᠯ ᠵᠠᠯᠠᠭᠤ ᠨᠠᠰᠣᠨ ᠤ ᠪᠠᠨ ᠳᠡᠰᠪᠣᠷᠢ ᠳᠡᠮᠡᠴᠡᠯ ᠢᠶᠠᠷ ᠰᠠᠶᠢᠨ ᠰᠠᠶᠢᠬᠠᠨ ᠠᠮᠢᠳᠣᠷᠠᠯ ᠢᠶᠠᠨ ᠵᠢᠷᠣᠭᠯᠠᠬᠤ ᠭᠡᠵᠣ ᠠᠮᠢᠳᠣᠷᠠᠯ ᠤᠨ ᠬᠠᠳᠠᠭᠤ ᠡᠯᠡᠭᠡᠯᠳᠡ ᠶᠢ ᠳᠣᠭᠤᠯᠵᠣ ᠢᠷᠡᠭᠰᠡᠨ ᠡᠳᠣᠷ ᠬᠤᠨᠤᠭ ᠤᠳ ᠢᠶᠠᠨ ᠪᠣᠳᠣᠬᠤ ᠳᠤ ᠣᠶᠣᠨᠬᠤᠸᠠᠷ ᠲᠤ ᠦᠨᠡᠭᠡᠷ ᠰᠡᠳᠬᠢᠯ ᠤᠨ ᠳᠡᠩᠭᠡᠭᠡ ᠦᠭᠳᠡᠭ᠃ ᠳᠡᠷᠡ ᠮᠠᠨᠢ 20 ᠵᠢᠯ ᠤᠨ ᠡᠮᠣᠨ᠎ᠡ ᠪᠠᠶᠠᠨᠬᠤᠳᠠ ᠳᠤ ᠴᠠᠭᠠᠨ ᠢᠳᠡᠭᠡ ᠬᠤᠳᠠᠯᠳᠣᠵᠣ ᠡᠬᠢᠯᠡᠭᠰᠡᠨ ᠡᠵᠡᠩᠨᠡᠯᠳᠡᠨ ᠶᠣᠮᠰᠠᠨ᠃ ᠣᠳᠣ ᠪᠠᠶᠠᠨᠬᠤᠳᠠ ᠶᠢᠨ ᠦᠭᠡᠯᠡᠳ ᠨᠢᠭᠡᠳᠦᠭᠡᠷ ᠳᠣᠰᠬᠤᠨ ᠳᠠᠬᠢ ᠰᠢᠩ ᠱᠧᠩ ᠴᠠᠭᠠᠨ ᠢᠳᠡᠭᠡᠨ ᠤ ᠳᠡᠯᠭᠡᠬᠦᠷ ᠢ ᠡᠵᠡᠩᠨᠡᠵᠣ ᠪᠣᠢ᠃       ᠣᠶᠣᠨᠬᠤᠸᠠᠷ ᠪᠣᠯ ᠠᠯᠠᠱᠠ ᠵᠡᠬᠦᠨ ᠬᠤᠰᠢᠭᠤᠨ ᠤ ᠦᠯᠵᠡᠢ ᠰᠣᠮᠣᠨ ᠤ ᠣᠣᠭᠠᠯ᠃ ᠳᠡᠷᠡᠪᠡᠷ 24 ᠨᠠᠰᠣᠨ ᠠᠴᠠ ᠪᠠᠨ ᠡᠬᠢᠯᠡᠵᠣ ᠠᠵᠣ ᠠᠮᠢᠳᠣᠷᠠᠯ ᠭᠡᠷ ᠪᠦᠯᠢ ᠶᠢᠨ ᠢᠶᠠᠨ ᠳᠦᠯᠦᠭᠡ ᠨᠦᠬᠦᠷ ᠲᠠᠢ ᠪᠠᠨ ᠬᠠᠮᠳᠣ ᠠᠵᠢᠯ ᠠᠬᠤᠢ ᠣᠯᠵᠣ ᠬᠢᠵᠦ ᠠᠳᠠᠯ ᠣᠶᠢᠯᠡᠰ ᠪᠣᠰᠬᠠᠬᠤ ᠪᠠᠷ ᠴᠢᠷᠮᠠᠶᠢᠨ ᠠᠵᠢᠯᠯᠠᠭᠰᠠᠭᠠᠷ ᠢᠷᠡᠭᠰᠡᠨ ᠪᠠᠶᠢᠳᠠᠭ᠃ ᠳᠡᠬᠦᠨ ᠤ ᠬᠠᠮᠤᠭ ᠤᠨ ᠠᠩᠬ᠎ᠠ ᠬᠤᠳᠠᠯᠳᠤᠭ᠎ᠠ ᠬᠢᠵᠣ ᠡᠬᠢᠯᠡᠭᠰᠡᠨ ᠨᠢ ᠬᠠᠳᠠᠮ ᠡᠵᠢ ᠶᠢᠨ ᠬᠢᠨᠢ ᠬᠢᠭᠰᠡᠨ ᠰᠡᠷᠢᠬᠦᠨ ᠨᠣᠭᠤᠭ᠎ᠠ ᠶᠢ ᠵᠡᠭᠡᠯᠢ ᠶᠢᠨ ᠬᠦᠪᠡᠭᠡᠨ ᠳᠤ ᠠᠪᠠᠴᠢᠨ ᠬᠤᠳᠠᠯᠳᠣᠬᠤ ᠠᠵᠢᠯ ᠪᠠᠶᠢᠵᠡᠢ᠃ ᠡᠳᠣᠷᠵᠢᠨ ᠵᠡᠭᠡᠯᠢ ᠶᠢᠨ ᠬᠦᠪᠡᠭᠡᠨ ᠳᠤ ᠰᠠᠭᠤᠭᠠᠳ ᠨᠠᠰᠢ ᠴᠠᠰᠢ ᠵᠣᠷᠴᠢᠬᠤ ᠬᠦᠮᠣᠰ ᠤᠨ ᠱᠣᠭᠰᠢᠭ᠎ᠠ ᠠᠯᠬᠤᠳᠠᠯ ᠠᠴᠠ ᠠᠵᠣ ᠠᠮᠢᠳᠣᠷᠠᠯ ᠢᠶᠠᠨ ᠣᠯᠠᠮ ᠦᠭᠡᠳᠡ ᠳᠠᠳᠠᠬᠤ ᠳᠤ ᠴᠢᠷᠮᠠᠶᠢᠯᠭ᠎ᠠ ᠭᠡᠷᠡᠭᠳᠡᠢ ᠶᠤᠮ ᠭᠡᠳᠡᠭ ᠢ ᠳᠡᠷᠡ ᠦᠶ᠎ᠡ ᠠᠴᠠ ᠯᠠ ᠣᠬᠠᠭᠠᠷᠠᠭᠰᠠᠨ ᠶᠤᠮ ᠳ᠋ᠠ᠃ ᠣᠶᠣᠨᠬᠤᠸᠠᠷ ᠨᠣᠭᠤᠭ᠎ᠠ ᠬᠤᠳᠠᠯᠳᠣᠬᠤ ᠶᠢᠨ ᠳᠠᠭᠠᠣ ᠳᠤ ᠡᠭᠡᠴᠢ ᠶᠢᠨ ᠢᠶᠠᠨ ᠨᠠᠶᠢᠳᠠᠯᠭ᠎ᠠ ᠪᠠᠷ ᠬᠢᠭᠰᠡᠨ ᠦᠷᠦᠮ᠎ᠡ ᠶᠢ ᠨᠢ ᠬᠠᠪᠰᠣᠷᠴᠣ ᠬᠤᠳᠠᠯᠳᠣᠬᠤ ᠪᠠᠷ ᠰᠠᠨᠠᠭᠠᠨ ᠠᠴᠠ ᠭᠠᠳᠠᠭᠤᠷ ᠦᠷᠦᠮ᠎ᠡ ᠶᠢᠨ ᠬᠢᠨᠢ ᠪᠣᠷᠣᠯᠠᠭᠤᠯᠭ᠎ᠠ ᠨᠢ ᠰᠡᠷᠢᠬᠦᠨ ᠨᠣᠭᠤᠭ᠎ᠠ ᠶᠢᠨ ᠪᠣᠷᠣᠯᠠᠭᠤᠯᠭ᠎ᠠ ᠠᠴᠠ ᠬᠤᠯᠠ ᠰᠠᠶᠢᠨ ᠪᠠᠶᠢᠬᠤ ᠨᠢ ᠭᠠᠳᠠᠷᠯᠠᠬᠳᠠᠵᠠᠢ᠃ ᠳᠡᠶᠢᠨᠬᠦ ᠣᠶᠣᠨᠬᠤᠸᠠᠷ ᠪᠠᠶᠠᠨᠬᠤᠳᠠ ᠶᠢᠨ ᠴᠠᠭᠠᠨ ᠢᠳᠡᠭᠡᠨ ᠤ ᠪᠣᠷᠣᠯᠠᠭᠤᠯᠭ᠎ᠠ ᠶᠢᠨ ᠳᠠᠯ᠎ᠠ ᠳᠤ ᠬᠤᠭᠤᠰᠣᠨ ᠪᠣᠯᠬᠤ ᠶᠢ ᠠᠵᠢᠭᠯᠠᠭᠠᠳ᠂ ᠭᠠᠭᠴᠠᠬᠦ ᠴᠠᠭᠠᠨ ᠢᠳᠡᠭᠡ ᠬᠤᠳᠠᠯᠳᠣᠬᠤ ᠪᠣᠳᠣᠯ ᠢᠶᠠᠨ ᠡᠪᠣᠷᠯᠡᠭᠡᠳ ᠬᠦᠭᠡᠬᠤᠳᠠ ᠠᠴᠠ ᠭᠡᠰᠡᠭ ᠬᠤᠷᠣᠳ ᠣᠷᠣᠭᠤᠯᠵᠣ ᠬᠤᠳᠠᠯᠳᠣᠵᠣ ᠡᠬᠢᠯᠡᠪᠡ᠃ ᠶᠠᠮᠠᠷᠪᠠ ᠠᠵᠢᠯ ᠬᠢᠭᠰᠡᠨ ᠴᠦ ᠡᠬᠢᠯᠡᠯᠳᠡ ᠶᠢᠨ ᠴᠡᠭ ᠬᠠᠮᠤᠭ ᠤᠨ ᠬᠦᠴᠢᠷ ᠲᠠᠢ᠂ ᠬᠦᠴᠢᠷ ᠢ ᠢᠯᠠᠨ ᠳᠠᠪᠠᠨ᠎ᠠ ᠭᠡᠪᠡᠯ ᠪᠡᠶ᠎ᠡ ᠰᠡᠳᠬᠢᠯ ᠤᠨ ᠳᠡᠩᠭᠡᠭᠡ ᠱᠠᠭᠠᠷᠳᠠᠭᠳᠠᠨ᠎ᠠ᠃ ᠣᠶᠣᠨᠬᠤᠸᠠᠷ ᠨᠦᠬᠦᠷ ᠤᠨ ᠢᠶᠠᠨ ᠳᠡᠮᠵᠢᠯᠭᠡ ᠶᠢ ᠶᠡᠭᠡ ᠪᠠᠷ ᠣᠯᠵᠣ᠂ ᠬᠤᠶᠠᠭᠤᠯᠠ ᠪᠠᠨ ᠵᠡᠭᠡᠯᠢ ᠭᠤᠳᠣᠮᠵᠢ ᠶᠢᠨ ᠵᠠᠢ ᠵᠠᠪᠰᠠᠷ᠂ ᠰᠣᠷᠭᠠᠭᠤᠯᠢ  ᠪᠠᠶᠢᠭᠤᠯᠣᠯᠭ᠎ᠠ ᠶᠢᠨ ᠣᠶᠢᠷᠠᠯᠴᠠᠭ᠎ᠠ᠂ ᠨᠣᠳᠤᠭ ᠤᠨ ᠨᠠᠶᠢᠷ ᠨᠠᠭᠠᠳᠣᠮ᠂ ᠣᠪᠣᠭᠠᠨ ᠳᠠᠬᠢᠯᠭ᠎ᠠ ᠵᠡᠷᠭᠡ ᠬᠠᠮᠢᠭ᠎ᠠ ᠬᠤᠳᠠᠯᠳᠣᠵᠣ ᠪᠣᠯᠬᠤ ᠭᠠᠵᠠᠷ ᠪᠣᠯᠭᠠᠨ ᠳᠤ ᠴᠠᠭᠠᠨ ᠢᠳᠡᠭᠡ ᠪᠠᠨ ᠠᠪᠠᠴᠢᠨ ᠬᠤᠳᠠᠯᠳᠣᠳᠠᠭ᠃ ᠳᠦᠷᠪᠡᠨ ᠣᠯᠠᠷᠢᠯ ᠢᠶᠠᠷ ᠴᠠᠰᠣ ᠪᠣᠷᠣᠭᠠᠨ ᠢ ᠬᠠᠶᠢᠬᠤᠷᠣᠯ ᠦᠭᠡᠢ ᠪᠠᠷ ᠡᠳᠣᠷᠵᠢᠨ ᠪᠠᠷᠠᠭ᠎ᠠ ᠳᠠᠸᠠᠷ ᠢᠶᠠᠨ ᠭᠠᠳᠠᠨ᠎ᠠ ᠳᠡᠯᠭᠡᠭᠡᠳ ᠨᠠᠷᠠ ᠰᠠᠯᠬᠢᠨ ᠳᠤ ᠵᠣᠭᠰᠣᠳᠠᠭ᠃ ᠳᠡᠷᠡ ᠦᠶ᠎ᠡ ᠳᠤ ᠳᠡᠷᠭᠡ ᠣᠨᠤᠭ᠎ᠠ ᠦᠭᠡᠢ ᠬᠤᠶᠠᠭᠤᠯᠠ ᠪᠠᠨ ᠭᠤᠷᠪᠠᠨ ᠬᠦᠷᠳᠤᠳᠤ ᠳᠣᠭᠤᠢ ᠳᠡᠷᠭᠡ ᠪᠠᠷ ᠨᠠᠰᠢ ᠴᠠᠰᠢ ᠶᠠᠪᠣᠵᠣ᠂ ᠵᠠᠷᠢᠮ ᠳᠠᠭᠠᠨ ᠪᠠᠷᠠᠭᠤᠨ ᠭᠡᠶᠢᠳ ᠤᠨ ᠬᠤᠷᠠᠯ ᠴᠣᠭᠯᠠᠭᠠᠨ ᠳᠤ ᠶᠠᠪᠣᠬᠤ ᠭᠡᠳ ᠬᠤᠶᠠᠷ ᠴᠠᠭ ᠢ ᠵᠠᠷᠣᠴᠠᠭᠤᠯᠵᠣ ᠪᠠᠶᠢᠭᠠᠳ ᠳᠦᠩᠭᠡᠵᠢ ᠬᠦᠷᠳᠡᠭ ᠴᠦ ᠪᠠᠶᠢᠭᠰᠠᠨ᠃ ᠢᠩᠭᠢᠭᠡᠳ ᠳᠡᠷᠠ ᠮᠠᠨᠢ ᠭᠡᠳᠣᠨ ᠵᠢᠯ ᠤᠨ ᠴᠢᠷᠮᠠᠶᠢᠯᠭ᠎ᠠ ᠪᠠᠷ ᠢᠶᠠᠨ ᠨᠢᠭᠡᠳᠦᠭᠡᠷ ᠳᠣᠰᠬᠤᠨ ᠳᠠᠬᠢ ᠰᠢᠩ ᠱᠧᠩ ᠴᠠᠭᠠᠨ ᠢᠳᠡᠭᠡᠨ ᠤ ᠠᠩᠬᠠᠨ ᠤ ᠳᠡᠯᠭᠡᠬᠦᠷ ᠢᠶᠠᠨ ᠨᠡᠭᠡᠭᠡᠭᠰᠡᠨ ᠠᠴᠠ ᠪᠠᠨ ᠳᠠᠷᠠᠭ᠎ᠠ ᠪᠠᠷ ᠮᠸᠢ ᠬᠦᠢ ᠬᠤᠸᠠ ᠶᠤᠸᠠᠨ ᠰᠠᠭᠤᠭᠠᠯᠢ ᠳᠣᠭᠤᠷᠢᠭ᠂ ᠰᠢᠨ ᠬᠤᠸᠠ ᠵᠠᠬ᠎ᠠ ᠵᠡᠭᠡᠯᠢ ᠳᠤ ᠳᠣᠰ ᠳᠣᠰ ᠬᠤᠪᠢᠶᠠᠷᠢ ᠳᠡᠯᠭᠡᠬᠦᠷ ᠡᠷᠬᠢᠯᠡᠭᠰᠡᠨ ᠪᠠᠶᠢᠯ᠎ᠠ᠃       ᠣᠶᠣᠨᠬᠤᠸᠠᠷ ᠣᠶᠢᠯᠡᠰ ᠡᠷᠬᠢᠯᠡᠭᠡᠳ ᠨᠢᠳᠣ ᠢᠷᠮᠡᠬᠦ ᠶᠢᠨ ᠵᠠᠭᠤᠷ᠎ᠠ ᠠᠷᠪᠠᠨ ᠵᠢᠯ ᠢ ᠦᠩᠭᠡᠷᠡᠭᠡᠯ᠎ᠡ᠂ ᠴᠠᠭ ᠴᠠᠭ ᠤᠨ ᠶᠠᠳᠠᠷᠠᠯ ᠵᠦᠳᠡᠷᠡᠯ ᠢ ᠪᠡᠶ᠎ᠡ ᠰᠡᠳᠬᠢᠯ ᠳᠡᠭᠡᠨ ᠳᠡᠭᠡᠭᠡᠭᠰᠡᠨ ᠳᠡᠷᠠ ᠮᠠᠨᠢ᠂ ᠣᠨᠳᠠᠬᠤ ᠨᠦᠢᠷ ᠢᠶᠠᠷ ᠳᠣᠳᠠᠮᠠᠭ᠂ ᠬᠤᠭᠤᠯᠠ ᠪᠣᠳᠠᠭ᠎ᠠ ᠪᠠᠨ ᠴᠠᠭ ᠲᠠᠭᠠᠨ ᠢᠳᠡᠵᠣ ᠴᠢᠳᠠᠯ ᠦᠭᠡᠢ ᠠᠵᠢᠯᠯᠠᠭᠰᠠᠭᠠᠷ ᠪᠠᠶᠢᠭᠠᠳ ᠭᠡᠨᠡᠳᠳᠡ ᠪᠠᠷ ᠬᠦᠨᠳᠣ ᠡᠪᠡᠳᠴᠢᠯᠡᠭᠰᠡᠨ ᠪᠠᠶᠢᠪᠠ᠃ ᠡᠮᠨᠡᠯᠭᠡ ᠶᠢᠨ ᠬᠤᠷᠢᠶᠠᠨ ᠳᠤ ᠬᠤᠶᠠᠷ ᠴᠠᠭ ᠮᠠᠳᠡᠭᠡ ᠠᠯᠳᠠᠨ᠂ ᠬᠤᠶᠠᠷ ᠣᠳᠠᠭ᠎ᠠ ᠡᠪᠡᠳᠴᠢᠨ ᠬᠦᠨᠳᠣᠷᠡᠬᠦ ᠮᠡᠳᠡᠭᠳᠡᠯ ᠪᠠᠭᠤᠵᠣ ᠭᠡᠷ ᠤᠨ ᠬᠦᠮᠣᠰ ᠢᠶᠠᠨ ᠠᠶᠣᠯᠭᠠᠵᠣ ᠪᠠᠶᠢᠭᠰᠠᠨ᠃ ᠢᠩᠭᠢᠭᠡᠳ ᠪᠠᠴᠢᠮ ᠠᠪᠣᠷᠠᠯᠳᠠ ᠪᠠᠷ ᠳᠠᠮᠵᠢᠭᠠᠳ ᠣᠶᠣᠨᠬᠤᠸ᠋ᠷ ᠡᠪᠡᠳᠴᠢᠨ ᠤ ᠠᠶᠣᠯ ᠠᠴᠠ ᠭᠡᠯᠳᠦᠷᠢᠭᠰᠡᠨ ᠪᠠᠶᠢᠵᠡᠢ᠃ ᠣᠶᠣᠨᠬᠤᠸᠠᠷ ᠭᠡᠳᠣᠨ ᠵᠢᠯ ᠢᠶᠠᠷ ᠭᠡᠷ ᠲᠡᠭᠡᠨ ᠪᠡᠶ᠎ᠡ ᠪᠠᠨ ᠰᠣᠪᠢᠯᠠᠨ ᠰᠠᠭᠤᠬᠤ ᠳᠤ ᠳᠡᠯᠭᠡᠬᠦᠷ ᠲᠠᠬᠢ ᠠᠵᠢᠯ ᠠᠬᠤᠢ ᠶᠢ ᠨᠢ ᠬᠠᠳᠠᠮ ᠡᠵᠢ᠂ ᠬᠠᠳᠠᠮ ᠡᠭᠡᠴᠢ ᠨᠢ ᠬᠠᠪᠰᠣᠷᠣᠨ ᠬᠢᠭᠰᠡᠭᠡᠷ ᠢᠷᠡᠵᠡᠢ᠃       20 ᠵᠢᠯ ᠤᠨ ᠳᠤᠷᠰᠢᠳᠠ᠂ ᠠᠮᠢᠳᠣᠷᠠᠯ ᠤᠨ ᠠᠵᠠ ᠳᠣᠬᠢᠶᠠᠯ᠂ ᠴᠢᠷᠮᠠᠶᠢᠯᠭ᠎ᠠ ᠳᠡᠮᠡᠴᠡᠯ᠂ ᠶᠠᠳᠠᠷᠠᠯ ᠵᠦᠳᠡᠷᠡᠯ᠂ ᠬᠠᠪᠰᠣᠷᠣᠯᠭ᠎ᠠ ᠳᠡᠮᠵᠢᠯᠭᠡ ᠪᠠᠷ ᠳᠠᠮᠵᠢᠭᠠᠳ ᠣᠶᠣᠨᠬᠤᠸᠠᠷ ᠤᠨ ᠴᠠᠭᠠᠨ ᠢᠳᠡᠭᠡᠨ ᠤ ᠳᠡᠯᠭᠡᠬᠦᠷ ᠣᠯᠠᠮ ᠢᠶᠠᠷ ᠬᠦᠭᠵᠢᠶᠡᠨ ᠲᠠᠢ ᠪᠣᠯᠣᠯ᠎ᠠ᠃ ᠳᠡᠯᠭᠡᠬᠦᠷ ᠤᠨ ᠴᠠᠭᠠᠨ ᠢᠳᠡᠭᠡ᠂ ᠪᠣᠷᠴᠠ ᠵᠡᠷᠭᠡ ᠢᠳᠡᠭᠡᠨ ᠨᠢ ᠣᠶᠢᠷ᠎ᠠ ᠣᠷᠴᠢᠮ ᠳᠠᠭᠠᠨ ᠨᠡᠯᠢᠶᠡᠳ ᠬᠦᠷᠢᠶᠡᠯᠡᠯ ᠲᠠᠢ᠂ ᠭᠠᠳᠠᠨᠠᠬᠢ ᠳᠣᠳᠣᠨᠠᠬᠢ ᠵᠣᠭᠠᠴᠠᠭᠰᠠᠳ ᠠᠴᠠ ᠨᠣᠳᠤᠭ ᠤᠨ ᠣᠨᠴᠠ ᠭᠠᠷᠣᠯᠳᠠ ᠶᠢ ᠬᠤᠳᠠᠯᠳᠣᠨ ᠠᠪᠬᠤ ᠳᠡᠯᠭᠡᠬᠦᠷ ᠤᠨ ᠨᠢᠭᠡᠨ ᠪᠣᠯᠵᠡᠢ᠃ ᠣᠶᠣᠨᠬᠤᠸᠠᠷ ᠤᠨ ᠳᠡᠯᠭᠡᠬᠦᠷ ᠲᠤ ᠦᠭᠡᠷ᠂ ᠳᠡᠮᠡᠭᠡᠨ ᠮᠢᠬᠠᠨ ᠤ ᠪᠣᠷᠴᠠ᠂ ︽ᠮᠣᠩᠭᠤᠯ ᠡᠵᠢ︾ ᠰᠦᠨ ᠳᠠᠯᠬ᠎ᠠ᠂ ᠦᠷᠦᠮ᠎ᠡ᠂ ᠱᠦᠬᠦᠷᠮᠡᠭ᠂ ᠬᠤᠷᠣᠳ᠂ ᠠᠭᠠᠷᠣᠣᠯ᠂ ᠰᠢᠷ᠎ᠠ ᠳᠣᠰᠣ᠂ ᠴᠡᠭᠡ᠂ ᠴᠠᠭᠠᠨ ᠭᠤᠶᠣᠣ᠂ ᠣᠯᠠᠭᠠᠨ ᠭᠤᠶᠣᠣ ᠭᠡᠬᠦ ᠮᠠᠳᠣᠴᠢᠯᠠᠨ ᠠᠯᠠᠱᠠ ᠵᠢᠴᠢ ᠦᠪᠦᠷ ᠮᠣᠩᠭᠤᠯ ᠤᠨ ᠣᠨᠴᠠ ᠭᠠᠷᠣᠯᠳᠠ ᠶᠢ ᠬᠤᠳᠠᠯᠳᠣᠨ᠂ ᠵᠡᠬᠦᠨ ᠣᠷᠣᠨ ᠤ ᠳᠡᠯᠳᠠᠣ᠂ ᠵᠦᠭᠡᠢ ᠶᠢᠨ ᠪᠠᠯ ᠪᠠᠰᠠ ᠪᠠᠶᠢᠯ᠎ᠠ᠃ ᠬᠦᠮᠣᠨ ᠤ ᠠᠮᠢᠳᠣᠷᠠᠯ ᠭᠡᠵᠣ ᠦᠨᠳᠡᠶᠢᠵᠣ ᠪᠣᠰᠴᠣ ᠪᠠᠶᠢᠮᠠᠨᠵᠢᠨ ᠵᠢᠩᠭᠢᠨᠢ ᠣᠳᠬ᠎ᠠ ᠴᠢᠨᠠᠷ ᠢᠶᠠᠨ ᠣᠯᠳᠠᠭ᠂ ᠠᠮᠢᠳᠣᠷᠠᠯ ᠳᠤ ᠳᠦᠰᠢᠵᠣ ᠪᠣᠰᠬᠠᠭᠰᠠᠨ ᠠᠴᠢ ᠳᠣᠰᠠ ᠳᠤ ᠬᠦᠮᠣᠨ ᠶᠡᠷᠣᠨᠢ ᠳᠠᠯᠠᠷᠬᠠᠵᠣ ᠪᠠᠶᠢᠬᠤ ᠶᠣᠰᠣᠳᠠᠢ᠃ ᠣᠳᠣ ᠣᠶᠣᠨᠬᠤᠸᠠᠷ ᠢᠳᠡᠭᠡᠯ ᠰᠡᠳᠬᠢᠯ ᠢᠶᠠᠷ ᠢᠶᠠᠨ ᠨᠠᠶᠢᠳᠠᠵᠣ ᠪᠣᠰᠬᠠᠭᠰᠠᠨ ᠣᠶᠢᠯᠡᠰ ᠲᠡᠭᠡᠨ ᠣᠯᠠᠮ ᠢᠶᠠᠷ ᠰᠡᠳᠬᠢᠯ ᠳᠠᠯᠪᠢᠬᠤ ᠪᠣᠯᠵᠡᠢ᠃                                                                ︵ᠵᠣᠬᠢᠶᠠᠭᠴᠢ᠄ ᠨᠠᠷᠠᠨ᠎ᠠ︶
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号