ᠢᠷᠭᠡᠨ ᠤ ᠬᠠᠥᠯᠢ ᠶᠢᠨ ᠪᠢᠴᠢᠭ ᠤᠨ ᠳᠣᠬᠠᠢ ᠠᠰᠠᠭᠤᠯᠳᠡ ᠬᠠᠷᠢᠭᠤᠯᠳᠠ
ᠨᠡᠶᠢᠲᠡᠯᠡᠭᠰᠡᠨ ᠴᠠᠭ᠄
2020/9/1
      — ᠨᠠᠰᠦᠨ ᠳᠤ ᠬᠦᠷᠥᠭᠰᠡᠡ ᠤ ᠲᠠᠷᠠᠭ᠎ᠠ       ᠪᠦᠬᠦᠯᠢ ᠠᠷᠪᠡᠨ ᠨᠠᠢᠮᠡ ᠬᠦᠷᠥᠭᠰᠡᠭᠡᠷ ᠨᠠᠰᠦᠨ ᠳᠤ ᠬᠦᠷᠤᠨ᠎ᠠ᠂ ᠡᠨᠡ ᠦᠶ᠎ᠠ ᠳᠤ ᠴᠢ ᠨᠢᠭᠡᠨᠳᠡ ᠢᠷᠭᠡᠨ ᠤ ᠬᠡᠷᠡᠭ ᠤᠨ ᠪᠦᠷᠢᠨ ᠠᠵᠢᠯᠯᠠᠭ᠎ᠠ ᠶᠢᠨ ᠴᠢᠳᠠᠪᠦᠷᠢ ᠲᠠᠢ ᠬᠦᠮᠦᠨ ᠪᠤᠯᠤᠭᠰᠠᠠ ᠲᠤᠯᠡ ᠪᠡᠶ᠎ᠠ ᠪᠠᠨ ᠲᠠᠭᠠᠭᠠᠵᠦ ᠬᠠᠥᠯᠢ ᠴᠠᠭᠠᠵᠡ ᠶᠢᠨ ᠦᠢᠯᠡ ᠠᠵᠢᠯᠯᠠᠭ᠎ᠠ ᠬᠢᠵᠦ ᠪᠤᠯᠤᠨ᠎ᠠ᠂ ᠦᠪᠡᠷ ᠤᠨ ᠢᠶᠠᠨ ᠡᠷᠭᠡ ᠪᠡ ᠡᠭᠦᠷᠭᠡ ᠪᠠᠨ ᠰᠠᠶᠢᠨ ᠦᠢᠯᠠᠭᠠᠵᠦ ᠮᠡᠳᠡᠪᠡᠯ ᠰᠠᠶ᠋ᠢ ᠦᠪᠡᠷ ᠤᠨ ᠠᠮᠢᠳᠦᠷᠡᠯ ᠢᠶᠠᠨ ᠨᠡᠩ ᠤᠷᠤᠭᠰᠢᠳᠠᠢ ᠪᠤᠯᠭᠠᠵᠦ ᠴᠢᠳᠠᠨ᠎ᠠ᠃ ᠲᠡᠶᠢᠮᠦ ᠠᠴᠠ ︽ᠢᠷᠭᠡᠨ ᠤ ᠬᠠᠥᠯᠢ ᠶᠢᠨ ᠪᠢᠴᠢᠭ︾ ᠪᠤᠯ ᠲᠠᠷᠤᠢ ᠪᠢᠳᠡᠨ ᠤ ︽ᠠᠮᠢᠳᠦᠷᠡᠯ ᠤᠨ ᠵᠢᠯᠤᠭᠤᠳᠦᠮᠵᠢ︾ ᠮᠦᠨ᠃      1᠂ ᠠᠰᠠᠭᠤᠯᠳᠡ᠄ ᠰᠦᠯᠵᠢᠶᠡᠨ ᠲᠡᠭᠡᠷ᠎ᠠ ᠠᠴᠠ ᠬᠤᠳᠠᠯᠳᠦᠨ ᠠᠪᠤᠭᠰᠠᠠ ᠲᠠᠸᠡᠷ ᠢ ᠲᠦᠷᠭᠡᠨ ᠬᠦᠷᠭᠡᠯᠳᠡ ᠪᠠᠷ ᠬᠦᠷᠭᠡᠬᠦ ᠳᠤ᠂ ᠲᠠᠸᠠᠷ ᠨᠢ ᠲᠦᠷᠭᠡᠨ ᠬᠦᠷᠭᠡᠯᠳᠡ ᠶᠢᠨ ᠲᠤᠮᠳᠡ ᠭᠠᠷ ᠤᠨ ᠦᠰᠦᠭ ᠵᠢᠷᠤᠵᠦ ᠬᠤᠷᠢᠶᠡᠨ ᠠᠪᠬᠤ ᠠᠴᠠ ᠡᠮᠦᠨ᠎ᠠ ᠡᠪᠳᠡᠷᠡᠵᠦ ᠬᠤᠬᠢᠷᠠᠬᠤ ᠲᠦᠭᠰᠢᠭᠦᠷᠢ ᠶᠢ ᠭᠡᠨ ᠡᠭᠦᠷᠭᠡᠯᠡᠬᠦ ᠪᠤᠢ︖      ᠬᠠᠷᠢᠭᠤᠯᠳᠡ᠄ ᠬᠤᠳᠠᠯᠳᠤᠭᠴᠢ ᠡᠭᠦᠷᠭᠡᠯᠡᠨ᠎ᠠ᠃      ︽ᠢᠷᠭᠡᠨ ᠤ ᠬᠠᠥᠯᠢ ᠶᠢᠨ ᠪᠢᠴᠢᠭ︾ ᠤᠨ ᠲᠠᠪᠦᠨ ᠵᠠᠭᠤ ᠠᠷᠪᠡᠨ ᠬᠤᠶᠠᠳᠦᠭᠠᠷ ᠵᠦᠢᠯ ᠳᠤ᠂ ᠢᠨᠲ᠋ᠧᠷ ᠰᠦᠯᠵᠢᠶ᠎ᠠ ᠵᠡᠷᠭᠡ ᠮᠡᠳᠡᠭᠡ ᠵᠠᠩᠭᠢ ᠶᠢᠨ ᠰᠦᠯᠵᠢᠶ᠎ᠠ ᠪᠠᠷ ᠲᠠᠮᠵᠢᠨ ᠲᠤᠭᠳᠠᠭᠠᠭᠰᠠᠠ ᠡᠯᠧᠺᠲᠷᠣᠨ ᠭᠡᠷ᠎ᠠ ᠶᠢᠨ ᠬᠠᠷᠡᠯᠳᠡ ᠨᠢ ᠲᠠᠸᠠᠷ ᠢ ᠲᠤᠰᠢᠶᠠᠵᠦ ᠦᠭᠭᠦ ᠶᠠᠪᠤᠳᠡᠯ ᠪᠤᠯᠬᠤ ᠪᠦᠭᠡᠳ ᠲᠦᠷᠭᠡᠨ ᠬᠦᠷᠭᠡᠬᠦ ᠪᠠᠷᠠᠭᠠᠨ ᠤ ᠬᠦᠢᠯᠭᠡᠭᠡᠨ ᠤ ᠠᠷᠭ᠎ᠠ ᠮᠠᠶ᠋ᠢᠭ ᠢᠶᠠᠷ ᠲᠤᠰᠢᠶᠠᠵᠦ ᠦᠭᠭᠦᠭᠰᠡᠡ ᠪᠠᠶᠢᠪᠡᠯ᠂ ᠪᠠᠷᠠᠭ᠎ᠠ ᠶᠢ ᠬᠦᠯᠢᠶᠡᠨ ᠠᠪᠤᠭᠴᠢ ᠶᠢᠨ ᠭᠠᠷ ᠤᠨ ᠦᠰᠦᠭ ᠵᠢᠷᠤᠵᠦ ᠬᠤᠷᠢᠶᠡᠨ ᠠᠪᠤᠭᠰᠠᠠ ᠴᠠᠭ ᠢ ᠲᠤᠰᠢᠶᠠᠵᠦ ᠦᠭᠭᠦᠭᠰᠡᠡ ᠴᠠᠭ ᠢᠶᠠᠷ ᠪᠤᠳᠦᠨ᠎ᠠ ᠭᠡᠵᠦ ᠲᠤᠭᠳᠠᠭᠠᠪᠡ᠃      ᠵᠢᠷᠭᠤᠭᠠᠨ ᠵᠠᠭᠤ ᠪᠦᠭᠡᠳ ᠲᠦᠷᠪᠡᠳᠦᠭᠡᠷ ᠵᠦᠢᠯ ᠳᠤ᠂ ᠬᠠᠷᠡᠯᠳᠡ ᠪᠤᠳᠠᠰ ᠢ ᠲᠤᠰᠢᠶᠡᠨ ᠦᠭᠭᠦ ᠠᠴᠠ ᠡᠮᠦᠨ᠎ᠠ ᠬᠠᠷᠡᠯᠳᠡ ᠪᠤᠳᠠᠰ ᠤᠨ ᠡᠪᠳᠡᠷᠡᠵᠦ ᠬᠤᠬᠢᠷᠠᠬᠤ᠂ ᠤᠰᠠᠳᠴᠦ ᠬᠡᠬᠡᠭᠳᠡᠬᠦ ᠲᠦᠭᠰᠢᠭᠦᠷᠢ ᠶᠢ ᠬᠤᠳᠠᠯᠳᠤᠭᠴᠢ ᠡᠭᠦᠷᠭᠡᠯᠡᠵᠦ᠂ ᠲᠤᠰᠢᠶᠡᠨ ᠦᠭᠭᠦᠭᠰᠡᠡ ᠤ ᠲᠠᠷᠠᠭ᠎ᠠ ᠬᠤᠳᠠᠯᠳᠦᠨ ᠠᠪᠤᠭᠴᠢ ᠡᠭᠦᠷᠭᠡᠯᠡᠨ᠎ᠠ᠃ ᠭᠡᠪᠡᠴᠦ ᠬᠠᠥᠯᠢ ᠴᠠᠭᠠᠵᠡ ᠳᠤ ᠠᠰᠳᠠᠭᠠᠨ ᠲᠤᠭᠳᠠᠭᠠᠯ ᠲᠠᠢ ᠪᠤᠶᠤ ᠲᠤᠬᠠᠢ ᠶᠢᠨ ᠬᠦᠮᠦᠨ ᠨᠢ ᠠᠰᠳᠠᠭᠠᠨ ᠪᠤᠯᠵᠤᠭ᠎ᠠ ᠲᠠᠢ ᠪᠠᠶᠢᠪᠡᠯ ᠪᠠᠭᠳᠠᠬᠤ ᠦᠭᠡᠢ ᠭᠡᠵᠦ ᠲᠤᠭᠳᠠᠭᠠᠵᠡᠢ᠃      2᠂ ᠠᠰᠠᠭᠤᠯᠳᠡ᠄ ᠰᠢᠶᠤᠤ ᠯᠡᠡ ᠭᠡᠷ ᠢ ᠨᠢ ᠲᠦᠷᠢᠶᠠᠰᠦᠯᠡᠵᠦ ᠪᠠᠶᠢᠭ᠎ᠠ ᠬᠤᠭᠤᠴᠠᠭᠠᠨ ᠳᠤ ᠭᠡᠷ ᠤᠨ ᠡᠵᠡᠨ ᠨᠢ ᠭᠡᠷ ᠢᠶᠠᠨ ᠬᠤᠳᠠᠯᠳᠤᠭᠰᠠᠠ ᠪᠠᠶᠢᠨ᠎ᠠ᠂ ᠰᠢᠶᠤᠤ ᠯᠠᠨ ᠪᠤᠯᠤᠨ ᠤᠥᠯ ᠤᠨ ᠭᠡᠷ ᠤᠨ ᠡᠵᠡᠨ ᠤ ᠲᠦᠷᠢᠶᠠᠰᠦᠯᠡᠬᠦ ᠭᠡᠷ᠎ᠠ ᠨᠢ ᠪᠠᠰᠠ ᠬᠦᠴᠦᠨ ᠲᠠᠢ ᠤᠤ︖      ᠬᠠᠷᠢᠭᠤᠯᠳᠡ᠄ ᠬᠦᠴᠦᠨ ᠲᠠᠢ᠃      ︽ᠢᠷᠭᠡᠨ ᠤ ᠬᠠᠥᠯᠢ ᠶᠢᠨ ᠪᠢᠴᠢᠭ︾ ᠤᠨ ᠲᠤᠯᠤᠭᠠᠨ ᠵᠠᠭᠤ ᠬᠤᠷᠢᠨ ᠲᠠᠪᠤᠳᠦᠭᠠᠷ ᠵᠦᠢᠯ ᠳᠤ᠂ ᠲᠦᠷᠢᠶᠡᠰᠦᠨ ᠡᠳ᠋ ᠨᠢ ᠲᠦᠷᠢᠶᠡᠰᠦᠯᠡᠭᠴᠢ ᠶᠢᠨ ᠲᠦᠷᠢᠶᠡᠰᠦᠯᠡᠬᠦ ᠭᠡᠷ᠎ᠠ ᠶᠢᠨ ᠡᠵᠡᠮᠰᠢᠵᠦ ᠪᠠᠶᠢᠭ᠎ᠠ ᠬᠤᠭᠤᠴᠠᠭᠠᠨ ᠳᠤ ᠦᠮᠴᠢᠯᠡᠯ ᠤᠨ ᠡᠷᠭᠡ ᠶᠢᠨ ᠬᠤᠪᠢᠷᠡᠯᠳᠡ ᠭᠠᠷᠤᠭᠰᠠᠠ ᠪᠠᠶᠢᠪᠡᠯ᠂ ᠲᠦᠷᠢᠶᠡᠰᠦᠯᠡᠬᠦ ᠭᠡᠷ᠎ᠠ ᠶᠢᠨ ᠬᠦᠴᠦᠨ ᠢ ᠨᠦᠯᠦᠭᠡᠯᠡᠬᠦ ᠦᠭᠡᠢ ᠭᠡᠵᠦ ᠲᠤᠭᠳᠠᠭᠠᠪᠡ᠃      3᠂ ᠠᠰᠠᠭᠤᠯᠳᠡ᠄ ᠭᠡᠷ ᠲᠦᠷᠢᠶᠡᠰᠦᠯᠡᠭᠰᠡᠡ ᠭᠡᠷ᠎ᠠ ᠶᠢᠨ ᠬᠤᠭᠤᠴᠠᠭ᠎ᠠ ᠨᠢ ᠲᠤᠯᠤᠭᠰᠠᠠ ᠤ ᠲᠠᠷᠠᠭ᠎ᠠ ᠰᠢᠶᠤᠤ ᠵᠸᠦ ᠦᠷᠭᠦᠯᠵᠢᠯᠡᠡ ᠲᠦᠷᠢᠶᠡᠰᠦᠯᠡᠬᠦ ᠰᠠᠨᠠᠭ᠎ᠠ ᠲᠠᠢ ᠪᠠᠶᠢᠳᠡᠯ᠎ᠠ ᠪᠤᠰᠦᠦᠨ ᠬᠦᠮᠦᠨ ᠭᠡᠷ ᠢ ᠨᠢ ᠦᠵᠡᠭᠦ ᠪᠠᠷ ᠢᠷᠡᠵᠡᠢ᠂ ᠡᠨᠡ ᠦᠶ᠎ᠠ ᠳᠤ ᠰᠢᠶᠤᠤ ᠵᠸᠦ ᠶᠠᠮᠡᠷ ᠡᠷᠭᠡ ᠲᠠᠢ ᠪᠤᠢ︖      ᠬᠠᠷᠢᠭᠤᠯᠳᠡ᠄ ᠠᠳᠠᠯᠢ ᠨᠦᠬᠦᠴᠡᠯ ᠲᠤᠤᠷ᠎ᠠ ᠰᠢᠶᠤᠤ ᠵᠸᠥ ᠣᠷᠢᠳᠠᠪᠡᠷ ᠲᠦᠷᠢᠶᠠᠰᠦᠯᠡᠬᠦ ᠡᠷᠭᠡ ᠲᠠᠢ᠃      ︽ᠢᠷᠭᠡᠨ ᠤ ᠬᠠᠥᠯᠢ ᠶᠢᠨ ᠪᠢᠴᠢᠭ︾ ᠤᠨ ᠲᠤᠯᠤᠭᠠᠨ ᠵᠠᠭᠤ ᠭᠤᠴᠢᠨ ᠲᠦᠷᠪᠡᠳᠦᠭᠡᠷ ᠵᠦᠢᠯ ᠳᠤ᠂ ᠲᠦᠷᠢᠶᠡᠰᠦᠯᠡᠬᠦ ᠬᠤᠭᠤᠴᠠᠭ᠎ᠠ ᠨᠢ ᠳᠣᠯᠪᠠᠯ᠂ ᠭᠡᠷ ᠪᠠᠶᠢᠰᠢᠩ ᠤᠨ ᠲᠦᠷᠢᠶᠡᠰᠦᠯᠡᠭᠴᠢ ᠠᠳᠠᠯᠢ ᠨᠦᠭᠦᠴᠡᠯ ᠲᠤᠤᠷ᠎ᠠ ᠣᠷᠢᠳᠠᠪᠡᠷ ᠲᠦᠷᠢᠶᠡᠰᠦᠯᠡᠬᠦ ᠡᠷᠭᠡ ᠶᠢ ᠡᠳ᠋ᠯᠡᠨ᠎ᠠ ᠭᠡᠵᠦ ᠲᠤᠭᠳᠠᠭᠠᠵᠡᠢ᠃      4᠂ ᠠᠰᠠᠭᠤᠯᠳᠡ᠄ ᠰᠢᠶᠤᠤ ᠸᠠᠩ ᠭᠡᠷ᠎ᠠ ᠳᠤ ᠭᠠᠷ ᠤᠨ ᠦᠰᠦᠭ ᠵᠢᠷᠤᠬᠤ ᠳᠠᠭᠠᠨ ᠬᠡᠯᠪᠡᠷᠢᠵᠢᠭᠰᠡᠡ ᠵᠦᠢᠯ ᠵᠤᠷᠪᠤᠰ ᠢ ᠨᠢ ᠨᠠᠷᠢᠨ ᠬᠢᠨᠠᠮᠠᠭᠠᠢ ᠦᠵᠡᠭᠰᠡᠡ ᠦᠭᠡᠢ ᠪᠦᠭᠡᠳ ᠨᠦᠬᠦᠭᠡ ᠡᠳᠡᠭᠡᠳ ᠨᠢ ᠴᠦ ᠲᠤᠳᠦᠷᠬᠠᠢᠢᠯᠠᠯᠳᠡ ᠬᠢᠭᠰᠡᠡ ᠦᠭᠡᠢ᠃ ᠰᠡᠭᠦᠯ ᠳᠤᠨᠢ ᠰᠢᠶᠤᠤ ᠸᠠᠩ ᠭᠡᠷ᠎ᠠ ᠳᠤ ︽ᠵᠦᠢ ᠵᠤᠬᠢᠰ ᠦᠭᠡᠢ ᠵᠦᠢᠯ ᠵᠤᠷᠪᠤᠰ︾ ᠲᠠᠢ ᠭᠡᠵᠦ ᠦᠵᠡᠪᠡ᠂ ᠲᠡᠭᠡᠪᠡᠯ ᠬᠤᠯᠪᠤᠭᠳᠡᠯ ᠪᠦᠬᠦᠢ ᠵᠦᠢᠯ ᠨᠢ ᠬᠦᠴᠦᠨ ᠲᠠᠢ ᠤᠤ︖      ᠬᠠᠷᠢᠭᠤᠯᠳᠡ᠄ ᠬᠡᠷᠪᠡ ᠰᠢᠶᠤᠤ ᠸᠠᠩ ᠲᠠᠢ ᠴᠢᠬᠤᠯᠡ ᠶᠡᠭᠡ ᠠᠰᠢᠭ ᠬᠤᠥᠷ ᠤᠨ ᠬᠠᠷᠢᠴᠠᠭ᠎ᠠ ᠲᠠᠢ ᠵᠦᠢᠯ ᠵᠤᠷᠪᠤᠰ ᠲᠤ ᠬᠤᠯᠪᠤᠭᠳᠠᠭᠰᠠᠠ ᠪᠠᠶᠢᠪᠡᠯ᠂ ᠬᠡᠯᠪᠡᠷᠢᠵᠢᠭᠰᠡᠡ ᠵᠦᠢᠯ ᠵᠤᠷᠪᠤᠰ ᠢ ᠭᠡᠷ᠎ᠠ ᠶᠢᠨ ᠠᠭᠤᠯᠭ᠎ᠠ ᠪᠤᠯᠭᠠᠬᠤ ᠦᠭᠡᠢ ᠭᠡᠵᠦ ᠪᠠᠷᠢᠮᠳᠠᠯᠠᠵᠦ ᠪᠤᠯᠤᠨ᠎ᠠ᠃ ᠬᠡᠯᠪᠡᠷᠢᠵᠢᠭᠰᠡᠡ ᠵᠦᠢᠯ ᠵᠤᠷᠪᠤᠰ ᠬᠠᠨᠭ᠍ᠭᠠᠭᠰᠠᠠ ᠡᠳᠡᠭᠡᠳ ᠤᠨ ᠬᠠᠷᠢᠭᠤᠴᠠᠯᠭ᠎ᠠ ᠪᠠᠨ ᠵᠦᠢ ᠵᠤᠬᠢᠰ ᠦᠭᠡᠢ ᠪᠠᠷ ᠬᠡᠯᠳᠦᠷᠢᠭᠦᠯᠦᠭᠰᠡᠡ ᠪᠤᠶᠤ ᠬᠦᠡᠭᠭᠡᠷᠡᠭᠦᠯᠵᠦ᠂ ᠨᠦᠭᠦᠭᠡ ᠡᠳᠡᠭᠡᠳ ᠤᠨ ᠬᠠᠷᠢᠭᠤᠴᠠᠯᠭ᠎ᠠ ᠶᠢ ᠬᠦᠨᠳᠦᠷᠡᠭᠦᠯᠦᠭᠰᠡᠡ᠂ ᠨᠦᠭᠦᠭᠡ ᠡᠳᠡᠭᠡᠳ ᠤᠨ ᠭᠤᠤᠯ ᠡᠷᠭᠡ ᠠᠰᠢᠭ ᠢ ᠬᠢᠵᠠᠭᠠᠷᠯᠠᠭᠰᠠᠠ ᠵᠡᠷᠭᠡ ᠪᠠᠶᠢᠳᠡᠯ ᠲᠤᠤᠷ᠎ᠠ᠂ ᠬᠡᠯᠪᠡᠷᠢᠵᠢᠭᠰᠡᠡ ᠵᠦᠢᠯ ᠵᠤᠷᠪᠤᠰ ᠨᠢ ᠬᠠᠥᠯᠢ ᠴᠠᠭᠠᠵᠡ ᠶᠢᠨ ᠬᠦᠴᠦᠨ ᠦᠭᠡᠢ᠃ ᠬᠡᠯᠪᠡᠷᠢᠵᠢᠭᠰᠡᠡ ᠵᠦᠢᠯ ᠵᠤᠷᠪᠤᠰ ᠲᠤ ᠬᠤᠶᠡᠷ ᠵᠦᠢᠯ ᠠᠴᠠ ᠲᠡᠭᠡᠭᠰᠢ ᠲᠠᠶᠢᠯᠪᠦᠷᠢ ᠬᠢᠭᠰᠡᠡ ᠪᠠᠶᠢᠪᠡᠯ᠂ ᠬᠡᠯᠪᠡᠷᠢᠵᠢᠭᠰᠡᠡ ᠵᠦᠢᠯ ᠵᠤᠷᠪᠤᠰ ᠬᠠᠨᠭ᠍ᠭᠠᠭᠰᠠᠠ ᠲᠠᠯ᠎ᠠ ᠳᠤ ᠠᠰᠢᠭ ᠦᠭᠡᠢ ᠲᠠᠶᠢᠯᠪᠦᠷᠢᠯᠠᠯᠳᠡ ᠬᠢᠬᠦ ᠬᠡᠷᠡᠭᠳᠠᠢ᠃      ︽ᠢᠷᠭᠡᠨ ᠤ ᠬᠠᠥᠯᠢ ᠶᠢᠨ ᠪᠢᠴᠢᠭ︾ ᠤᠨ ᠲᠦᠷᠪᠡᠨ ᠵᠠᠭᠤ ᠶᠡᠷᠡᠨ ᠵᠢᠷᠭᠤᠳᠦᠭᠠᠷ ᠵᠦᠢᠯ ᠳᠤ᠂ ᠬᠡᠯᠪᠡᠷᠢᠵᠢᠭᠰᠡᠡ ᠵᠦᠢᠯ ᠵᠤᠷᠪᠤᠰ ᠪᠤᠯ ᠲᠤᠬᠠᠢ ᠶᠢᠨ ᠬᠦᠮᠦᠨ ᠲᠠᠪᠳᠡᠨ ᠬᠡᠷᠡᠭᠯᠡᠬᠦ ᠶᠢᠨ ᠲᠦᠯᠦᠭᠡ ᠤᠷᠢᠳᠴᠢᠯᠡᠨ ᠲᠤᠭᠤᠷᠪᠢᠭᠰᠠᠠ ᠪᠦᠭᠡᠳ ᠬᠡᠷ᠎ᠠ ᠲᠤᠭᠳᠠᠭᠠᠬᠤ ᠳᠠᠭᠠᠨ ᠨᠦᠬᠦᠭᠡ ᠡᠳᠡᠭᠡᠳ ᠲᠠᠢ ᠪᠠᠨ ᠵᠦᠪᠳᠡᠯᠴᠡᠭᠰᠡᠡ ᠦᠭᠡᠢ ᠵᠦᠢᠯ ᠵᠤᠷᠪᠤᠰ ᠪᠤᠯᠤᠨ᠎ᠠ᠃ ᠬᠡᠯᠪᠡᠷᠢᠵᠢᠭᠰᠡᠡ ᠵᠦᠢᠯ ᠵᠤᠷᠪᠤᠰ ᠢᠶᠠᠷ ᠭᠡᠷ᠎ᠠ ᠲᠤᠭᠳᠠᠭᠠᠭᠰᠠᠠ ᠪᠤᠯ ᠬᠡᠯᠪᠡᠷᠢᠵᠢᠭᠰᠡᠡ ᠵᠦᠢᠯ ᠵᠤᠷᠪᠤᠰ ᠬᠠᠨᠭ᠍ᠭᠠᠭᠰᠠᠠ ᠡᠳᠡᠭᠡᠳ ᠨᠢ ᠲᠦᠪ ᠭᠤᠤᠯᠴᠢ ᠪᠠᠶᠢᠬᠤ ᠵᠠᠷᠴᠢᠮ ᠢ ᠵᠢᠷᠤᠮᠯᠡᠨ ᠲᠤᠬᠠᠢ ᠶᠢᠨ ᠬᠦᠮᠦᠨ ᠤ ᠬᠤᠭᠤᠷᠤᠨᠳᠦᠬᠢ ᠡᠷᠭᠡ ᠪᠡ ᠡᠭᠦᠷᠭᠡ ᠶᠢ ᠲᠤᠭᠳᠠᠭᠠᠬᠤ ᠶᠢᠨ ᠬᠠᠮᠳᠦ ᠵᠦᠢ ᠵᠤᠬᠢᠰᠳᠠᠢ ᠠᠷᠭ᠎ᠠ ᠮᠠᠶ᠋ᠢᠭ ᠢᠶᠠᠷ ᠨᠦᠬᠦᠭᠡ ᠡᠳᠡᠭᠡᠳ ᠲᠡᠭᠡᠨ ᠬᠠᠷᠢᠭᠤᠴᠠᠯᠭ᠎ᠠ ᠪᠠᠨ ᠬᠡᠯᠳᠦᠷᠢᠭᠦᠯᠬᠦ ᠪᠤᠶᠤ ᠬᠦᠡᠭᠭᠡᠷᠡᠭᠦᠯᠬᠦ ᠵᠡᠷᠭᠡ ᠨᠦᠬᠦᠭᠡ ᠡᠳᠡᠭᠡᠳ ᠲᠠᠢ ᠴᠢᠬᠤᠯᠡ ᠶᠡᠭᠡ ᠠᠰᠢᠭ ᠬᠤᠤᠷ ᠤᠨ ᠬᠠᠷᠢᠴᠠᠭ᠎ᠠ ᠲᠠᠢ ᠵᠦᠢᠯ ᠵᠤᠷᠪᠤᠰ ᠪᠠᠶᠢᠬᠤ ᠶᠢ ᠰᠠᠨᠠᠭᠤᠯᠤᠨ ᠠᠩᠬᠠᠷᠤᠭᠤᠯᠵᠦ᠂ ᠨᠦᠭᠦᠭᠡ ᠡᠳᠡᠭᠡᠳ ᠤᠨ ᠱᠠᠭᠠᠷᠳᠠᠯᠭ᠎ᠠ ᠶᠤᠰᠦᠭᠠᠷ ᠲᠤᠰ ᠵᠦᠢᠯ ᠵᠤᠷᠪᠤᠰ ᠲᠤ ᠲᠤᠳᠦᠷᠬᠠᠢᠢᠯᠠᠯᠳᠡ ᠬᠢᠬᠦ ᠬᠡᠷᠡᠭᠳᠠᠢ᠃ ᠬᠡᠯᠪᠡᠷᠢᠵᠢᠭᠰᠡᠡ ᠵᠦᠢᠯ ᠵᠤᠷᠪᠤᠰ ᠬᠠᠨᠭ᠍ᠭᠠᠭᠰᠠᠠ ᠲᠠᠯ᠎ᠠ ᠨᠢ ᠰᠠᠨᠠᠭᠤᠯᠬᠤ ᠪᠤᠶᠤ ᠲᠤᠳᠦᠷᠬᠠᠢᠢᠯᠠᠬᠤ ᠡᠭᠦᠷᠭᠡ ᠪᠠᠨ ᠬᠦᠢᠴᠡᠳᠭᠡᠭᠰᠡᠡ ᠦᠭᠡᠢ ᠠᠴᠠ ᠪᠤᠯᠵᠦ ᠨᠦᠬᠦᠭᠡ ᠡᠳᠡᠭᠡᠳ ᠨᠢ ᠦᠪᠡᠷ ᠤᠨ ᠪᠡᠶ᠎ᠠ ᠲᠠᠢ ᠪᠠᠨ ᠴᠢᠬᠤᠯᠡ ᠶᠡᠭᠡ ᠠᠰᠢᠭ ᠬᠤᠤᠷ ᠤᠨ ᠬᠠᠷᠢᠴᠠᠭ᠎ᠠ ᠲᠠᠢ ᠵᠦᠢᠯ ᠵᠤᠷᠪᠤᠰ ᠢ ᠠᠩᠬᠠᠷᠤᠭᠰᠠᠠ ᠦᠭᠡᠢ ᠪᠤᠶᠤ ᠦᠢᠯᠠᠭᠠᠭᠰᠠᠠ ᠦᠭᠡᠢ ᠪᠠᠶᠢᠪᠡᠯ᠂ ᠨᠦᠭᠦᠭᠡ ᠡᠳᠡᠭᠡᠳ ᠨᠢ ᠲᠤᠰ ᠵᠦᠢᠯ ᠵᠤᠷᠪᠤᠰ ᠢ ᠭᠡᠷ᠎ᠠ ᠶᠢᠨ ᠠᠭᠤᠯᠭ᠎ᠠ ᠪᠤᠯᠭᠠᠬᠤ ᠬᠡᠷᠡᠭᠲᠠᠢ ᠭᠡᠵᠦ ᠪᠠᠷᠢᠮᠳᠠᠯᠠᠵᠦ ᠪᠤᠯᠤᠨ᠎ᠠ ᠭᠡᠵᠦ ᠲᠤᠭᠳᠠᠭᠠᠪᠡ᠃      ᠲᠦᠷᠪᠡᠨ ᠵᠠᠭᠤ ᠶᠡᠷᠡᠨ ᠲᠤᠯᠤᠳᠦᠭᠠᠷ ᠵᠦᠢᠯ ᠳᠤ᠂ ᠲᠤᠤᠷ᠎ᠠ ᠵᠢᠭᠰᠠᠭᠠᠭᠰᠠᠠ ᠦᠢᠯᠡ ᠪᠠᠶᠢᠳᠡᠯ ᠤᠨ ᠨᠢᠭᠡ ᠨᠢ ᠪᠠᠶᠢᠪᠡᠯ᠂ ᠲᠤᠰ ᠬᠡᠯᠪᠡᠷᠢᠵᠢᠭᠰᠡᠡ ᠵᠦᠢᠯ ᠵᠤᠷᠪᠤᠰ ᠨᠢ ᠬᠠᠥᠯᠢ ᠶᠢᠨ ᠬᠦᠴᠦᠨ ᠦᠭᠡᠢ ᠭᠡᠵᠦ ᠲᠤᠭᠳᠠᠭᠠᠵᠠᠢ᠄ ︵ᠨᠢᠭᠡ︶ ᠲᠤᠰ ᠬᠠᠥᠯᠢ ᠶᠢᠨ ᠨᠢᠭᠡᠳᠦᠭᠡᠷ ᠠᠩᠬᠢ ᠶᠢᠨ ᠵᠢᠷᠭᠤᠳᠦᠭᠠᠷ ᠪᠦᠯᠥᠭ ᠤᠨ ᠭᠤᠷᠪᠠᠳᠦᠭᠠᠷ ᠭᠡᠰᠡᠭ ᠪᠡ ᠲᠤᠰ ᠬᠠᠥᠯᠢ ᠶᠢᠨ ᠲᠠᠪᠤᠨ ᠵᠠᠭᠤ ᠪᠦᠭᠡᠳ ᠵᠢᠷᠭᠤᠳᠦᠭᠠᠷ ᠵᠦᠢᠯ ᠳᠤ ᠲᠤᠭᠳᠠᠭᠠᠭᠰᠠᠠ ᠬᠦᠴᠦᠨ ᠦᠭᠡᠢ ᠦᠢᠯᠡ ᠪᠠᠶᠢᠳᠡᠯ ᠲᠠᠢ ᠪᠠᠶᠢᠬᠤ︔ ︵ᠬᠤᠶᠡᠷ︶ ᠬᠡᠯᠪᠡᠷᠢᠵᠢᠭᠰᠡᠡ ᠵᠦᠢᠯ ᠵᠤᠷᠪᠤᠰ ᠬᠠᠨᠭ᠍ᠭᠠᠭᠰᠠᠠ ᠡᠳᠡᠭᠡᠳ ᠨᠢ ᠦᠪᠡᠷ ᠤᠨ ᠬᠠᠷᠢᠭᠤᠴᠠᠯᠭ᠎ᠠ ᠪᠠᠨ ᠵᠦᠢ ᠵᠤᠬᠢᠰ ᠦᠭᠡᠢ ᠪᠠᠷ ᠬᠡᠯᠳᠦᠷᠢᠭᠦᠯᠬᠦ ᠪᠤᠶᠤ ᠬᠦᠡᠭᠭᠡᠷᠡᠭᠦᠯᠵᠦ᠂ ᠨᠦᠭᠦᠭᠡ ᠡᠳᠡᠭᠡᠳ ᠤᠨ ᠢᠶᠠᠨ ᠬᠠᠷᠢᠭᠤᠴᠠᠯᠭ᠎ᠠ ᠶᠢ ᠬᠦᠨᠳᠦᠷᠡᠭᠦᠯᠵᠦ᠂ ᠨᠦᠭᠦᠭᠡ ᠡᠳᠡᠭᠡᠳ ᠤᠨ ᠢᠶᠠᠨ ᠭᠤᠤᠯ ᠡᠷᠭᠡ ᠶᠢ ᠬᠢᠵᠠᠭᠠᠷᠯᠠᠭᠰᠠᠠ ᠪᠠᠶᠢᠬᠤ︔ ︵ᠭᠤᠷᠪᠡ︶ ᠬᠡᠯᠪᠡᠷᠢᠵᠢᠭᠰᠡᠡ ᠵᠦᠢᠯ ᠵᠤᠷᠪᠤᠰ ᠬᠠᠨᠭ᠍ᠭᠠᠭᠰᠠᠠ ᠡᠳᠡᠭᠡᠳ ᠨᠢ ᠨᠦᠭᠦᠭᠡ ᠡᠳᠡᠭᠡᠳ ᠤᠨ ᠢᠶᠠᠨ ᠭᠤᠤᠯ ᠡᠷᠭᠡ ᠶᠢ ᠬᠠᠰᠤᠭᠰᠠᠠ ᠪᠠᠶᠢᠬᠤ᠃     ᠲᠦᠷᠪᠡᠨ ᠵᠠᠭᠤ ᠶᠡᠷᠡᠨ ᠨᠠᠢᠮᠠᠳᠦᠭᠠᠷ ᠵᠦᠢᠯ ᠳᠤ᠂ ᠬᠡᠯᠪᠡᠷᠢᠵᠢᠭᠰᠡᠡ ᠵᠦᠢᠯ ᠵᠤᠷᠪᠤᠰ ᠤᠨ ᠲᠤᠬᠠᠢ ᠦᠢᠯᠠᠭᠠᠯᠳᠡ ᠳᠤ ᠮᠠᠷᠭᠤᠭᠠᠨ ᠭᠠᠷᠪᠡᠯ ᠡᠩ ᠤᠨ ᠦᠢᠯᠠᠭᠠᠯᠳᠡ ᠪᠠᠷ ᠲᠠᠶᠢᠯᠪᠦᠷᠢᠯᠠᠬᠤ ᠬᠡᠷᠡᠭᠲᠠᠢ᠃ ᠬᠡᠯᠪᠡᠷᠢᠵᠢᠭᠰᠡᠡ ᠵᠦᠢᠯ ᠵᠤᠷᠪᠤᠰ ᠲᠤ ᠬᠤᠶᠡᠷ ᠵᠦᠢᠯ ᠠᠴᠠ ᠲᠡᠭᠡᠭᠰᠢ ᠲᠠᠶᠢᠯᠪᠦᠷᠢ ᠬᠢᠭᠰᠡᠡ ᠪᠠᠶᠢᠪᠡᠯ᠂ ᠬᠡᠯᠪᠡᠷᠢᠵᠢᠭᠰᠡᠡ ᠵᠦᠢᠯ ᠵᠤᠷᠪᠤᠰ ᠢ ᠬᠠᠨᠭ᠍ᠭᠠᠭᠰᠠᠠ ᠲᠠᠯ᠎ᠠ ᠳᠤ ᠠᠰᠢᠭ ᠦᠭᠡᠢ ᠲᠠᠶᠢᠯᠪᠦᠷᠢᠯᠠᠯᠳᠡ ᠬᠢᠬᠦ ᠬᠡᠷᠡᠭᠲᠠᠢ᠃ ᠬᠡᠯᠪᠡᠷᠢᠵᠢᠭᠰᠡᠡ ᠵᠦᠢᠯ ᠵᠤᠷᠪᠤᠰ ᠪᠤᠯᠤᠨ ᠬᠡᠯᠪᠡᠷᠢᠵᠢᠭᠰᠡᠡ ᠪᠤᠰᠦ ᠵᠦᠢᠯ ᠵᠤᠷᠪᠤᠰ ᠨᠢ ᠨᠢᠭᠡᠳᠦᠯ ᠦᠭᠡᠢ ᠪᠠᠶᠢᠪᠡᠯ᠂ ᠬᠡᠯᠪᠡᠷᠢᠵᠢᠭᠰᠡᠡ ᠪᠤᠰᠦ ᠵᠦᠢᠯ ᠵᠤᠷᠪᠤᠰ ᠢ ᠬᠡᠷᠡᠭᠯᠡᠬᠦ ᠬᠡᠷᠡᠭᠲᠠᠢ ᠭᠡᠵᠦ ᠲᠤᠭᠳᠠᠭᠠᠪᠡ᠃     ᠲᠠᠪᠦᠨ ᠵᠠᠭᠤ ᠪᠦᠭᠡᠳ ᠵᠢᠷᠭᠤᠳᠦᠭᠠᠷ ᠵᠦᠢᠯ ᠳᠤ᠂ ᠭᠡᠷ᠎ᠠ ᠳᠤ ᠵᠢᠭᠰᠠᠭᠠᠭᠰᠠᠠ ᠬᠠᠷᠢᠭᠤᠴᠠᠯᠭ᠎ᠠ ᠠᠴᠠ ᠬᠡᠯᠳᠦᠷᠢᠭᠦᠯᠬᠦ ᠵᠦᠢᠯ ᠵᠤᠷᠪᠤᠰ ᠨᠢ ᠬᠠᠥᠯᠢ ᠶᠢᠨ ᠬᠦᠴᠦᠨ ᠦᠭᠡᠢ᠄ ︵ᠨᠢᠭᠡ︶ ᠨᠦᠭᠦᠭᠡ ᠡᠳᠡᠭᠡᠳ ᠤᠨ ᠢᠶᠠᠨ ᠪᠡᠶ᠎ᠠ ᠮᠠᠬᠠᠪᠤᠳ ᠲᠤ ᠬᠤᠬᠢᠷᠡᠯ ᠤᠴᠠᠷᠠᠭᠤᠯᠤᠭᠰᠠᠠ︔ ︵ᠬᠤᠶᠡᠷ︶ ᠵᠤᠷᠢᠭᠤᠳᠡ ᠪᠤᠶᠤ ᠬᠦᠨᠳᠦ ᠶᠡᠭᠡ ᠡ᠊ᠨᠳᠡᠯ ᠠᠴᠠ ᠪᠤᠯᠵᠦ ᠨᠦᠭᠦᠭᠡ ᠡᠳᠡᠭᠡᠳ ᠤᠨ ᠢᠶᠠᠨ ᠡᠳ᠋ ᠬᠦᠷᠤᠩᠬᠡ ᠶᠢ ᠬᠤᠬᠢᠷᠠᠭᠤᠯᠤᠭᠰᠠᠠ᠃     5᠂ ᠠᠰᠠᠭᠤᠯᠳᠡ᠄ ᠰᠢᠶᠤᠤ ᠹᠠᠨᠭ᠌ 12 ᠨᠠᠰᠦᠳᠠᠢ ᠳᠠᠭᠠᠨ ᠪᠡᠯᠭᠡ ᠶᠢᠨ ᠬᠠᠯᠳᠠᠯᠭ᠎ᠠ ᠳᠤ ᠤᠴᠠᠷᠠᠭᠰᠠᠠ ᠲᠤᠯᠡ ᠲᠡᠷᠡ ᠬᠤᠵᠢᠮ ᠨᠢ ᠨᠡᠩ ᠤᠯᠡᠨ ᠬᠠᠥᠯᠢ ᠴᠠᠭᠠᠵᠡ ᠶᠢᠨ ᠮᠡᠳᠡᠯᠭᠡ ᠰᠤᠷᠴᠦ᠂ 30 ᠨᠠᠰᠦ ᠬᠦᠷᠥᠭᠰᠡᠡ ᠤ ᠲᠠᠷᠠᠭ᠎ᠠ ᠲᠦᠯᠦᠪᠦᠷᠢ ᠠᠪᠬᠤ ᠪᠠᠷ ᠵᠠᠭᠠᠯᠳᠦᠯᠭ᠎ᠠ ᠬᠢᠪᠡ᠂ ᠲᠡᠭᠡᠪᠡᠯ ᠵᠠᠷᠭᠤ ᠶᠢᠨ ᠬᠦᠴᠦᠨ ᠲᠠᠢ ᠬᠤᠭᠤᠴᠠᠭ᠎ᠠ ᠨᠢ ᠦᠡᠭᠭᠡᠷᠡᠭᠰᠡᠡ ᠤᠤ︖     ᠬᠠᠷᠢᠭᠤᠯᠳᠡ᠄ ᠨᠠᠰᠦᠨ ᠳᠤ ᠦᠯᠦ ᠬᠦᠷᠥᠭᠰᠡᠳ ᠪᠡᠯᠭᠡ ᠶᠢᠨ ᠬᠠᠯᠳᠠᠯᠭ᠎ᠠ ᠳᠤ ᠤᠴᠠᠷᠠᠭᠰᠠᠠ ᠵᠠᠷᠭᠤ ᠶᠢᠨ ᠬᠦᠴᠦᠨ ᠲᠠᠢ ᠬᠤᠭᠤᠴᠠᠭ᠎ᠠ ᠶᠢ ᠬᠤᠬᠢᠷᠡᠯ ᠠᠮᠰᠠᠭᠴᠢ ᠶᠢᠨ ᠪᠦᠬᠦᠯᠢ 18 ᠨᠠᠰᠦᠨ ᠠᠴᠠ ᠡᠬᠢᠯᠡᠵᠦ ᠪᠤᠳᠦᠨ᠎ᠠ᠃     ︽ᠢᠷᠭᠡᠨ ᠤ ᠬᠠᠥᠯᠢ ᠶᠢᠨ ᠪᠢᠴᠢᠭ︾ ᠤᠨ ᠵᠠᠭᠤ ᠨᠠᠶᠡᠨ ᠨᠠᠢᠮᠠᠳᠦᠭᠠᠷ ᠵᠦᠢᠯ ᠳᠤ᠂ ᠠᠷᠠᠳ ᠤᠨ ᠰᠢᠭᠦᠬᠦ ᠬᠤᠷᠢᠶᠡᠨ ᠳᠤ ᠢᠷᠭᠡᠨ ᠤ ᠬᠡᠷᠡᠭ ᠤᠨ ᠬᠠᠥᠯᠢ ᠶᠢ ᠬᠠᠮᠠᠭᠠᠯᠠᠭᠤᠯᠬᠤ ᠪᠠᠷ ᠭᠤᠶᠤᠴᠢᠯᠠᠬᠤ ᠵᠠᠷᠭᠤ ᠶᠢᠨ ᠬᠦᠴᠦᠨ ᠲᠠᠢ ᠬᠤᠭᠤᠴᠠᠭ᠎ᠠ ᠨᠢ ᠭᠤᠷᠪᠡᠨ ᠵᠢᠯ ᠪᠤᠯᠤᠨ᠎ᠠ᠃ ᠬᠠᠥᠯᠢ ᠴᠠᠭᠠᠵᠡ ᠳᠤ ᠠᠰᠳᠠᠭᠠᠨ ᠲᠤᠭᠳᠠᠭᠠᠯ ᠲᠠᠢ ᠪᠠᠶᠢᠪᠡᠯ᠂ ᠲᠡᠷᠡ ᠲᠤᠭᠳᠠᠭᠠᠯ ᠢ ᠵᠢᠷᠤᠮᠯᠡᠨ᠎ᠠ ᠭᠡᠵᠦ ᠲᠤᠭᠳᠠᠭᠠᠵᠡᠢ᠃     ︽ᠢᠷᠭᠡᠨ ᠤ ᠬᠠᠥᠯᠢ ᠶᠢᠨ ᠪᠢᠴᠢᠭ︾ ᠤᠨ ᠵᠠᠭᠤ ᠶᠡᠷᠡᠨ ᠨᠢᠭᠡᠳᠦᠭᠡᠷ ᠵᠦᠢᠯ ᠳᠤ᠂ ᠨᠠᠰᠦᠨ ᠳᠤ ᠦᠯᠦ ᠬᠦᠷᠥᠭᠰᠡᠳ ᠤᠨ ᠪᠡᠯᠭᠡ ᠶᠢᠨ ᠬᠠᠯᠳᠠᠯᠭ᠎ᠠ ᠳᠤ ᠤᠴᠠᠷᠠᠭᠰᠠᠠ ᠬᠤᠬᠢᠷᠡᠯ ᠤᠨ ᠲᠦᠯᠦᠪᠦᠷᠢ ᠭᠤᠶᠤᠴᠢᠯᠠᠬᠤ ᠡᠷᠭᠡ ᠶᠢᠨ ᠵᠠᠷᠭᠤ ᠶᠢᠨ ᠬᠦᠴᠦᠨ ᠲᠠᠢ ᠬᠤᠭᠤᠴᠠᠭ᠎ᠠ ᠶᠢ ᠬᠤᠬᠢᠷᠡᠯ ᠠᠮᠰᠠᠭᠴᠢ ᠶᠢᠨ ᠪᠦᠬᠦᠯᠢ ᠠᠷᠪᠡᠨ ᠨᠠᠢᠮᠡᠨ ᠨᠠᠰᠦ ᠬᠦᠷᠥᠭᠰᠡᠡ ᠡᠳᠦᠷ ᠠᠴᠠ ᠡᠬᠢᠯᠡᠵᠦ ᠪᠤᠳᠦᠨ᠎ᠠ ᠭᠡᠵᠦ ᠲᠤᠭᠳᠠᠭᠠᠪᠡ᠃     6᠂ ᠠᠰᠠᠭᠤᠯᠳᠡ᠄ ᠠᠶᠢᠯ ᠤᠨ ᠡᠩᠬᠦᠷᠡᠢ ᠨᠤᠬᠠᠢ ᠡᠵᠡᠨ ᠠᠴᠠ ᠪᠠᠨ ᠰᠠᠯᠵᠦ ᠲᠦᠭᠡᠷᠢᠭᠰᠡᠡ ᠲᠤᠯᠡ ᠰᠢᠶᠤᠤ ᠵᠠᠩ ᠲᠡᠭᠦᠨ ᠢ ᠭᠡᠷ ᠲᠡᠭᠡᠨ ᠠᠪᠴᠢᠷᠠᠵᠦ ᠲᠡᠵᠢᠭᠡᠨ ᠠᠷᠠᠴᠢᠯᠠᠵᠠᠢ᠃ ᠬᠡᠳᠦᠨ ᠡᠳᠦᠷ ᠤᠨ ᠲᠠᠷᠠᠭ᠎ᠠ ᠡᠵᠡᠨ ᠨᠢ ᠨᠤᠬᠠᠢ ᠪᠠᠨ ᠠᠪᠬᠤ ᠪᠠᠷ ᠢᠷᠡᠪᠡ᠂ ᠰᠢᠶᠤᠤ ᠵᠠᠩ ᠨᠤᠬᠠᠢ ᠶᠢᠨ ᠡᠵᠡᠨ ᠠᠴᠠ ᠲᠡᠵᠢᠭᠡᠨ ᠠᠷᠠᠴᠢᠯᠠᠭᠰᠠᠠ ᠰᠦᠢᠳᠭᠡᠯ ᠠᠪᠴᠦ ᠪᠤᠯᠤᠨ᠎ᠠ ᠤᠤ︖     ᠬᠠᠷᠢᠭᠤᠯᠳᠡ᠄ ᠪᠤᠯᠤᠨ᠎ᠠ᠃     ︽ᠢᠷᠭᠡᠨ ᠤ ᠬᠠᠥᠯᠢ ᠶᠢᠨ ᠪᠢᠴᠢᠭ︾ ᠤᠨ ᠶᠢᠰᠦᠨ ᠵᠠᠭᠤ ᠲᠠᠯᠡ ᠶᠢᠰᠦᠳᠦᠭᠡᠷ ᠵᠦᠢᠯ ᠳᠤ᠂ ᠬᠠᠮᠢᠶᠠᠷᠤᠬᠴᠢ ᠳᠤ ᠬᠠᠥᠯᠢ ᠪᠠᠷ ᠲᠤᠭᠳᠠᠭᠠᠭᠰᠠᠠ ᠪᠤᠶᠤ ᠪᠤᠯᠵᠤᠨ ᠲᠤᠭᠳᠠᠭᠰᠠᠠ ᠡᠭᠦᠷᠭᠡ ᠦᠭᠡᠢ ᠪᠠᠶᠢᠳᠡᠯ ᠳᠤ ᠪᠤᠰᠦᠤᠨ ᠤᠨ ᠠᠰᠢᠭ ᠲᠤᠰᠠ ᠶᠢ ᠬᠤᠬᠢᠷᠠᠭᠤᠯᠬᠤ ᠠᠴᠠ ᠵᠠᠶᠢᠯᠠᠰᠬᠢᠬᠦ ᠶᠢᠨ ᠲᠦᠯᠦᠭᠡ ᠪᠤᠰᠤᠥᠨ ᠬᠦᠮᠦᠨ ᠤ ᠤᠴᠢᠷ ᠶᠠᠪᠤᠳᠡᠯ ᠢ ᠬᠠᠮᠢᠶᠠᠷᠤᠭᠰᠠᠠ ᠪᠠᠶᠢᠪᠡᠯ᠂ ᠤᠴᠢᠷ ᠶᠠᠪᠤᠳᠡᠯ ᠢ ᠬᠠᠮᠢᠶᠠᠷᠤᠭᠰᠠᠠ ᠠᠴᠠ ᠪᠤᠯᠵᠦ ᠵᠠᠷᠤᠴᠠᠭᠤᠯᠤᠭᠰᠠᠠ ᠴᠢᠬᠤᠯᠡ ᠪᠦᠬᠦᠢ ᠵᠠᠷᠤᠳᠡᠯ ᠢᠶᠠᠨ ᠠᠰᠢᠭ ᠬᠦᠷᠳᠡᠭᠴᠢ ᠪᠠᠷ ᠲᠦᠯᠦᠭᠦᠯᠬᠦ ᠪᠠᠷ ᠭᠤᠶᠤᠴᠢᠯᠠᠵᠦ ᠪᠤᠯᠤᠨ᠎ᠠ᠃ ᠬᠠᠮᠢᠶᠠᠷᠤᠭᠴᠢ ᠨᠢ ᠤᠴᠢᠷ ᠶᠠᠪᠤᠳᠡᠯ ᠢ ᠬᠠᠮᠢᠶᠠᠷᠤᠭᠰᠠᠠ ᠠᠴᠠ ᠪᠤᠯᠵᠦ ᠬᠤᠬᠢᠷᠡᠯ ᠤᠴᠠᠷᠠᠭᠰᠠᠠ ᠪᠠᠶᠢᠪᠡᠯ᠂ ᠠᠰᠢᠭ ᠬᠦᠷᠳᠡᠭᠴᠢ ᠠᠴᠠ ᠵᠤᠬᠢᠰᠳᠠᠢ ᠲᠦᠯᠦᠪᠦᠷᠢ ᠠᠪᠬᠤ ᠪᠠᠷ ᠭᠤᠶᠤᠴᠢᠯᠠᠵᠦ ᠪᠤᠯᠥᠨ᠎ᠠ᠃     ᠬᠠᠮᠢᠶᠠᠷᠤᠭᠰᠠᠠ ᠤᠴᠢᠷ ᠶᠠᠪᠤᠳᠡᠯ ᠨᠢ ᠠᠰᠢᠭ ᠬᠦᠷᠳᠡᠭᠴᠢ ᠶᠢᠨ ᠦᠨᠡᠨ ᠰᠠᠨᠠᠭ᠎ᠠ ᠲᠠᠢ ᠨᠡᠶᠢᠴᠡᠬᠦ ᠦᠭᠡᠢ ᠪᠠᠶᠢᠪᠡᠯ᠂ ᠬᠠᠮᠢᠶᠠᠷᠤᠭᠴᠢ ᠡᠮᠦᠨᠡᠬᠢ ᠪᠠᠳᠠᠭ ᠲᠤ ᠲᠤᠭᠳᠠᠭᠠᠭᠰᠠᠠ ᠡᠷᠭᠡ ᠶᠢ ᠡᠳ᠋ᠯᠡᠬᠦ ᠦᠭᠡᠢ︔ ᠬᠡᠪᠡᠴᠦ ᠠᠰᠢᠭ ᠬᠦᠷᠳᠡᠭᠴᠢ ᠶᠢᠨ ᠦᠨᠡᠨ ᠰᠠᠨᠠᠭ᠎ᠠ ᠨᠢ ᠬᠠᠥᠯᠢ ᠴᠠᠭᠠᠵᠡ ᠠᠴᠠ ᠵᠦᠷᠢᠴᠡᠭᠰᠡᠡ ᠪᠤᠶᠤ ᠨᠡᠶᠢᠳᠡ ᠶᠢᠨ ᠡᠮᠬᠢ ᠵᠢᠷᠤᠮ ᠪᠡ ᠰᠠᠶᠢᠨ ᠰᠡᠶᠢᠬᠠᠨ ᠬᠡᠪ ᠵᠠᠩᠰᠢᠯ ᠠᠴᠠ ᠵᠦᠷᠢᠴᠡᠭᠰᠡᠡ ᠪᠠᠶᠢᠪᠡᠯ ᠡᠭᠦᠨ ᠳᠤ ᠪᠠᠭᠳᠠᠬᠤ ᠦᠭᠡᠢ ᠭᠡᠵᠦ ᠲᠤᠭᠳᠠᠭᠠᠵᠡᠢ᠃     7᠂ ᠠᠰᠠᠭᠤᠯᠳᠡ᠄ ᠲᠦᠷᠦᠬᠦᠦ ᠡᠷᠡᠭᠳᠠᠢ ᠨᠠᠶᠢᠵᠡ ᠨᠢ ᠰᠢᠶᠤᠤ ᠹᠠᠨᠭ᠌ ᠳᠤ ᠬᠡᠵᠢᠶᠡᠳᠡ ᠤᠳᠠᠰᠦ ᠠᠪᠤᠨ ᠦᠢᠮᠡᠭᠦᠯᠵᠦ᠂ ᠰᠡᠳᠬᠢᠯ ᠰᠠᠨᠠᠭ᠎ᠠ ᠶᠢ ᠨᠢ ᠰᠠᠮᠠᠭᠤᠷᠠᠭᠤᠯᠤᠨ᠂ ᠠᠮᠤᠷ ᠵᠢᠮᠦᠷ ᠠᠮᠢᠳᠦᠷᠠᠬᠤ ᠶᠢᠨ ᠠᠷᠭ᠎ᠠ ᠦᠭᠡᠢ ᠪᠤᠯᠭᠠᠭᠰᠠᠠ ᠪᠠᠶᠢᠨ᠎ᠠ᠃ ᠡᠨᠡ ᠨᠢ ᠬᠤᠪᠢ ᠶᠢᠨ ᠨᠢᠭᠤᠴᠡ ᠳᠤ ᠬᠠᠯᠳᠠᠭᠰᠠᠠ ᠶᠠᠪᠤᠳᠡᠯ ᠮᠦᠨ ᠤᠤ ᠪᠢᠰᠢ ᠤᠤ︖     ᠬᠠᠷᠢᠭᠤᠯᠳᠡ᠄ ᠬᠤᠪᠢ ᠶᠢᠨ ᠠᠮᠢᠳᠦᠷᠡᠯ ᠠᠮᠦᠷ ᠵᠢᠮᠤᠷ ᠪᠠᠶᠢᠬᠤ ᠨᠢ ᠬᠤᠪᠢ ᠶᠢᠨ ᠨᠢᠭᠤᠴᠠ ᠳᠤ ᠬᠠᠷᠢᠶᠠᠯᠠᠭᠳᠠᠨ᠎ᠠ᠃     ︽ᠢᠷᠭᠡᠨ ᠤ ᠬᠠᠥᠯᠢ ᠶᠢᠨ ᠪᠢᠴᠢᠭ︾ ᠤᠨ ᠮᠢᠩᠭ᠎ᠠ ᠪᠦᠭᠡᠳ ᠭᠤᠴᠢᠨ ᠬᠤᠶᠠᠳᠦᠭᠠᠷ ᠵᠦᠢᠯ ᠳᠤ ᠪᠠᠶᠢᠭᠠᠯᠢ ᠬᠦᠮᠦᠨ ᠬᠤᠪᠢ ᠶᠢᠨ ᠨᠢᠭᠤᠴᠡ ᠶᠢᠨ ᠡᠷᠭᠡ ᠶᠢ ᠡᠳ᠋ᠯᠡᠨ᠎ᠠ᠃ ᠶᠠᠮᠠᠷᠪᠡ ᠵᠤᠬᠢᠶᠡᠨ ᠪᠠᠶᠢᠭᠤᠯᠤᠯᠳᠡ ᠪᠤᠶᠤ ᠬᠤᠪᠢ ᠬᠦᠮᠦᠨ ᠲᠠᠩᠨᠠᠬᠤ᠂ ᠬᠠᠯᠳᠡᠨ ᠲᠦᠢᠪᠡᠭᠡᠬᠦ᠂ ᠵᠠᠳᠠᠷᠠᠭᠤᠯᠬᠤ ᠢᠯᠡ ᠪᠤᠯᠭᠠᠬᠤ ᠵᠡᠷᠭᠡ ᠠᠷᠭ᠎ᠠ ᠮᠠᠶ᠋ᠢᠬ ᠢᠶᠠᠷ ᠪᠤᠰᠤᠤᠨ ᠤᠨ ᠬᠤᠪᠢ ᠶᠢᠨ ᠨᠢᠭᠤᠴᠡ ᠶᠢᠨ ᠡᠷᠭᠡ ᠳᠤ ᠬᠠᠯᠳᠠᠵᠦ ᠪᠤᠯᠬᠤ ᠦᠭᠡᠢ ᠭᠡᠵᠦ ᠲᠤᠭᠳᠠᠭᠠᠪᠡ᠃     ᠬᠤᠪᠢ ᠶᠢᠨ ᠨᠢᠭᠤᠴᠡ ᠪᠤᠯ ᠪᠠᠶᠢᠭᠠᠯᠢ ᠬᠦᠮᠤᠨ ᠤ ᠬᠤᠪᠢ ᠶᠢᠨ ᠠᠮᠢᠳᠦᠷᠡᠯ ᠠᠮᠦᠷ ᠲᠠᠶᠢᠪᠤᠡᠭ ᠪᠦᠭᠡᠳ ᠪᠤᠰᠤᠤᠨ ᠲᠤ ᠮᠡᠳᠡᠭᠳᠡᠭᠦ ᠲᠤᠷ᠎ᠠ ᠦᠭᠡᠢ ᠬᠤᠪᠢ ᠶᠢᠨ ᠨᠢᠭᠤᠴᠡ ᠤᠷᠤᠨ ᠵᠠᠢ᠂ ᠬᠤᠪᠢ ᠶᠢᠨ ᠨᠢᠭᠤᠴᠡ ᠠᠵᠢᠯᠯᠠᠭ᠎ᠠ᠂ ᠬᠤᠪᠢ ᠶᠢᠨ ᠨᠢᠭᠤᠴᠡ ᠮᠡᠳᠡᠭᠡ ᠵᠠᠩᠭᠢ ᠪᠤᠯᠤᠨ᠎ᠠ᠃     ᠮᠢᠩᠭ᠎ᠠ ᠪᠦᠭᠡᠳ ᠭᠤᠴᠢᠨ ᠭᠤᠷᠪᠠᠳᠦᠭᠠᠷ ᠵᠦᠢᠯ ᠳᠤ᠂ ᠬᠠᠥᠯᠢ ᠴᠠᠭᠠᠵᠡ ᠳᠤ ᠠᠰᠳᠠᠭᠠᠨ ᠲᠤᠭᠳᠠᠭᠠᠯ ᠲᠠᠢ ᠪᠤᠶᠤ ᠡᠷᠬᠡᠳᠦ ᠬᠦᠮᠦᠨ ᠲᠤᠳᠦᠷᠬᠠᠢ ᠵᠦᠪᠰᠢᠶᠡᠷᠡᠬᠦ ᠠᠴᠠ ᠭᠠᠳᠠᠨ᠎ᠠ᠂ ᠶᠠᠮᠠᠷᠪᠡ ᠵᠤᠬᠢᠶᠡᠨ ᠪᠠᠶᠢᠭᠤᠯᠤᠯᠳᠡ ᠪᠤᠶᠤ ᠬᠤᠪᠢ ᠬᠦᠮᠦᠨ ᠲᠤᠤᠷ᠎ᠠ ᠵᠢᠭᠰᠠᠭᠠᠭᠰᠠᠠ ᠦᠢᠯᠡ ᠠᠵᠢᠯᠯᠠᠭ᠎ᠠ ᠶᠢ ᠬᠢᠵᠦ ᠪᠤᠯᠬᠤ ᠦᠭᠡᠢ ᠭᠡᠵᠦ ᠲᠤᠭᠳᠠᠭᠠᠵᠡᠢ᠄     ︵ᠨᠢᠭᠡ︶ ᠣᠳᠠᠰᠣ᠂ ᠤᠬᠤᠷ ᠮᠡᠳᠡᠭᠡ᠂ ᠲᠠᠷᠤᠢ ᠲᠦᠷᠭᠡᠨ ᠴᠢᠮᠡᠭᠡ ᠬᠤᠯᠪᠤᠭ᠎ᠠ ᠠᠪᠬᠤ ᠪᠠᠭᠠᠵᠢ᠂ ᠢᠮᠧᠯ᠂ ᠤᠬᠠᠭᠤᠯᠭ᠎ᠠ ᠶᠢᠨ ᠬᠠᠭᠤᠳᠠᠰᠦ ᠵᠡᠷᠭᠡ ᠠᠷᠭ᠎ᠠ ᠮᠠᠶ᠋ᠢᠭ ᠢᠶᠠᠷ ᠪᠤᠰᠤᠤᠨ ᠤᠨ ᠬᠤᠪᠢ ᠶᠢᠨ ᠠᠮᠢᠳᠦᠷᠡᠯ ᠤᠨ ᠠᠮᠦᠷ ᠲᠦᠪᠰᠢᠨ ᠢ ᠰᠠᠮᠠᠭᠤᠷᠠᠭᠤᠯᠬᠤ︔     ︵ᠬᠤᠶᠡᠷ︶ ᠪᠤᠰᠤᠤᠨ ᠤᠨ ᠤᠷᠤᠨ ᠰᠠᠭᠤᠴᠡ᠂ ᠪᠠᠭᠤᠳᠡᠯ ᠤᠨ ᠦᠷᠦᠭᠡ ᠵᠡᠷᠭᠡ ᠬᠤᠪᠢ ᠶᠢᠨ ᠨᠢᠭᠤᠴᠡ ᠤᠷᠤᠨ ᠵᠠᠢ ᠳᠤ ᠤᠷᠤᠬᠤ᠂ ᠰᠡᠭᠦᠳᠡᠷᠯᠡᠬᠦ᠂ ᠱᠠᠭᠠᠢᠢᠬᠤ︔     ︵ᠭᠤᠷᠪᠡ︶ ᠪᠤᠰᠤᠤᠨ ᠤᠨ ᠬᠤᠪᠢ ᠶᠢᠨ ᠨᠢᠭᠤᠴᠡ ᠤᠷᠤᠨ ᠵᠠᠢ ᠳᠤ ᠤᠷᠤᠬᠤ᠂ ᠰᠡᠭᠦᠳᠡᠷᠯᠡᠬᠦ᠂ ᠱᠠᠭᠠᠢᠢᠬᠤ᠂ ᠰᠡᠮᠡᠭᠡᠷ ᠴᠢᠩᠨᠠᠬᠤ᠂ ᠢᠯᠡ ᠪᠤᠯᠭᠠᠬᠤ︔     ︵ᠲᠦᠷᠪᠡ︶ ᠪᠤᠰᠤᠤᠨ ᠤᠨ ᠨᠢᠭᠤᠴᠡ ᠬᠡᠰᠡᠭ ᠢ ᠰᠡᠭᠦᠳᠡᠷᠯᠡᠬᠦ᠂ ᠱᠠᠭᠠᠢᠢᠬᠤ︔     ︵ᠲᠠᠪᠦ︶ ᠪᠤᠰᠤᠤᠨ ᠤᠨ ᠬᠤᠪᠢ ᠶᠢᠨ ᠨᠢᠭᠤᠴᠡ ᠮᠡᠳᠡᠭᠡ ᠵᠠᠩᠭᠢ ᠶᠢ ᠰᠢᠢᠳᠪᠦᠷᠢᠯᠡᠬᠦ︔     ︵ᠵᠢᠷᠭᠤᠭ᠎ᠠ︶ ᠪᠤᠰᠤᠤᠨ ᠠᠷᠭ᠎ᠠ ᠮᠠᠶ᠋ᠢᠭ ᠢᠶᠠᠷ ᠪᠤᠰᠤᠤᠨ ᠤᠨ ᠬᠤᠪᠢ ᠶᠢᠨ ᠨᠢᠭᠤᠴᠡ ᠶᠢᠨ ᠡᠷᠭᠡ ᠳᠤ ᠬᠠᠯᠳᠠᠬᠤ᠃     8᠂ ᠠᠰᠠᠭᠤᠯᠳᠡ᠄ ᠰᠢᠶᠤᠤ ᠵᠠᠩ ᠬᠤᠭᠤᠯᠡᠨ ᠭᠡᠷ ᠲᠤ ᠬᠤᠭᠤᠯᠡ ᠢᠳᠡᠬᠦ ᠪᠠᠷ ᠤᠴᠢᠭᠰᠠᠠ ᠳᠤ ᠦᠢᠯᠡᠴᠢᠯᠡᠭᠴᠢ ᠪᠤᠰᠦᠦᠨ ᠤᠨ ᠵᠠᠬᠢᠶᠠᠯᠠᠭᠰᠠᠨ ᠨᠤᠭᠤᠭ᠎ᠠ ᠶᠢ ᠠᠳᠡᠭᠦᠷᠡᠭᠡᠳ ᠲᠡᠭᠦᠨ ᠳᠤ ᠭᠠᠷᠭᠠᠵᠦ ᠦᠭᠭᠦᠭᠰᠡᠡ ᠳᠤ ᠰᠢᠶᠤᠤ ᠵᠠᠩ ᠪᠤᠷᠤᠭᠤ ᠭᠠᠷᠭᠠᠭᠰᠠᠠ ᠢ ᠲᠤᠳᠦᠷᠬᠠᠢ ᠮᠡᠳᠡᠵᠦ ᠪᠠᠶᠢᠭᠠᠳ ᠮᠦᠨ ᠯᠡ ᠢᠳᠡᠴᠢᠭᠡᠭᠰᠡᠡ ᠪᠠᠶᠢᠨ᠎ᠠ᠃ ᠦᠢᠯᠡᠴᠢᠯᠡᠭᠴᠢ ᠮᠡᠳᠡᠭᠰᠡᠡ ᠤ ᠪᠠᠨ ᠲᠠᠷᠠᠭ᠎ᠠ᠂ ᠰᠢᠶᠤᠤ ᠵᠠᠩ ᠢᠶᠠᠷ ᠨᠤᠭᠤᠭ᠎ᠠ ᠶᠢᠨ ᠵᠤᠭᠤᠰ ᠢ ᠦᠭᠭᠦᠬᠦᠯᠬᠦ ᠪᠠᠷ ᠱᠠᠭᠠᠷᠳᠠᠵᠦ ᠪᠤᠯᠤᠨ᠎ᠠ ᠤᠤ︖     ᠬᠠᠷᠢᠭᠤᠯᠳᠡ᠄ ᠪᠤᠯᠤᠨ᠎ᠠ᠂ ᠰᠢᠶᠤᠤ ᠵᠠᠩ ᠤᠨ ᠦᠢᠯᠡ ᠠᠵᠢᠯᠯᠠᠭ᠎ᠠ ᠨᠢ ᠵᠤᠬᠢᠰ ᠦᠭᠡᠢ ᠪᠠᠷ ᠤᠯᠵᠡ ᠤᠯᠤᠭᠰᠠᠠ ᠳᠤ ᠲᠤᠭᠠᠴᠠᠭᠳᠠᠨ᠎ᠠ᠃     ︽ᠢᠷᠭᠡᠨ ᠤ ᠬᠠᠥᠯᠢ ᠶᠢᠨ ᠪᠢᠴᠢᠭ︾ ᠤᠨ ᠶᠢᠰᠦᠨ ᠵᠠᠭᠤ ᠨᠠᠶᠡᠨ ᠲᠤᠯᠦᠳᠦᠭᠠᠷ ᠵᠦᠢᠯ ᠳᠤ᠂ ᠠᠰᠢᠭ ᠤᠯᠤᠭᠰᠠᠠ ᠬᠦᠮᠦᠨ ᠤᠯᠤᠭᠰᠠᠠ ᠠᠰᠢᠭ ᠲᠤᠰᠠ ᠪᠠᠨ ᠬᠠᠥᠯᠢ ᠴᠠᠭᠠᠵᠡ ᠶᠢᠨ ᠦᠨᠳᠦᠰᠦ ᠪᠠᠷᠢᠮᠳᠡ ᠦᠭᠡᠢ ᠶᠢ ᠮᠡᠳᠡᠬᠦ ᠪᠤᠶᠤ ᠮᠡᠳᠡᠬᠦ ᠶᠤᠰᠦᠳᠠᠢ ᠪᠠᠶᠢᠪᠡᠯ᠂ ᠬᠤᠬᠢᠷᠡᠯ ᠠᠮᠰᠠᠭᠰᠠᠠ ᠬᠦᠮᠦᠰ ᠨᠢ ᠠᠰᠢᠭ ᠤᠯᠤᠭᠰᠠᠠ ᠬᠦᠮᠦᠨ ᠠᠴᠠ ᠤᠯᠤᠭᠰᠠᠠ ᠠᠰᠢᠭ ᠲᠤᠰᠠ ᠶᠢ ᠨᠢ ᠪᠤᠴᠠᠭᠠᠵᠦ ᠠᠪᠬᠤ ᠪᠠᠷ ᠭᠤᠶᠤᠴᠢᠯᠠᠵᠦ ᠪᠤᠯᠬᠤ ᠪᠦᠭᠡᠳ ᠬᠠᠥᠯᠢ ᠶᠤᠰᠤᠭᠠᠷ ᠬᠤᠬᠢᠷᠡᠯ ᠢᠶᠠᠨ ᠲᠦᠯᠦᠭᠦᠯᠵᠦ ᠪᠤᠯᠤᠨ᠎ᠠ ᠭᠡᠵᠦ ᠲᠤᠭᠳᠠᠭᠠᠪᠡ᠃      9᠂ ᠠᠰᠠᠭᠤᠯᠳᠡ᠄ ᠵᠠᠷᠢᠮ ᠠᠶᠠᠨᠴᠢᠳ ᠤᠨ ᠠᠶᠤᠯ ᠦᠭᠡᠢ ᠶᠢᠨ ᠪᠠᠶᠢᠴᠠᠭᠠᠯᠳᠡ ᠳᠤ ᠬᠠᠮᠵᠢᠯᠴᠠᠬᠤ ᠦᠭᠡᠢ᠂ ︽ᠦᠢᠷ᠎ᠠ ᠦᠷᠳᠡᠭᠡᠨ ᠤ ᠪᠢᠯᠧᠲ ᠠᠪᠴᠦ ᠬᠤᠯᠡ ᠭᠠᠵᠡᠷ ᠵᠠᠮᠨᠠᠬᠤ︾᠂ ︽ᠰᠠᠭᠤᠳᠡᠯ ᠡᠵᠡᠷᠭᠡᠬᠦ︾ ᠵᠡᠷᠭᠡ ᠠᠵᠢᠯᠯᠠᠭ᠎ᠠ ᠳᠤ ᠴᠢᠭᠯᠡᠭᠦᠯᠦᠨ᠂ ︽ᠢᠷᠭᠡᠨ ᠤ ᠬᠠᠥᠯᠢ ᠶᠢᠨ ᠪᠢᠴᠢᠭ︾ ᠲᠤ ᠶᠠᠮᠠᠷ ᠶᠠᠮᠡᠷ ᠲᠤᠭᠳᠠᠭᠠᠯ ᠲᠤᠭᠳᠠᠭᠠᠭᠰᠠᠠ ᠪᠤᠢ︖      ᠬᠠᠷᠢᠭᠤᠯᠳᠡ᠄ ︽ᠢᠷᠭᠡᠨ ᠤ ᠬᠠᠥᠯᠢ ᠶᠢᠨ ᠪᠢᠴᠢᠭ︾ ᠤᠨ ᠨᠠᠢᠮᠡᠨ ᠵᠠᠭᠤ ᠠᠷᠪᠡᠨ ᠲᠠᠪᠦᠳᠦᠭᠠᠷ ᠵᠦᠢᠯ ᠳᠤ᠂ ᠠᠶᠠᠨᠴᠢᠳ ᠬᠠᠥᠯᠢ ᠶᠢᠨ ᠬᠦᠴᠦᠨ ᠲᠠᠢ ᠪᠢᠯᠧᠲ ᠲᠤ ᠲᠡᠮᠳᠡᠭᠯᠡᠭᠰᠡᠡ ᠴᠠᠭ᠂ ᠡᠭᠡᠯᠵᠢ ᠤᠳᠠᠭ᠎ᠠ ᠪᠡ ᠰᠠᠭᠤᠳᠡᠯ ᠤᠨ ᠳ᠋ᠤᠭᠠᠷ ᠢᠶᠠᠷ ᠢᠶᠠᠨ ᠲᠡᠷᠭᠡᠨ ᠳᠤ ᠰᠠᠭᠤᠬᠤ ᠬᠡᠷᠡᠭᠳᠠᠢ᠃ ᠠᠶᠠᠨᠴᠢᠳ ᠪᠢᠯᠧᠲ ᠦᠭᠡᠢ ᠪᠠᠷ ᠰᠠᠭᠤᠬᠤ᠂ ᠠᠪᠤᠭᠰᠠᠠ ᠪᠢᠯᠧᠲ ᠲᠠᠬᠢ ᠬᠦᠷᠬᠦ ᠦᠷᠳᠡᠬᠡᠨ ᠠᠴᠠ ᠪᠠᠨ ᠬᠡᠳᠦᠷᠡᠵᠦ ᠰᠠᠭᠤᠬᠤ᠂ ᠲᠡᠰ ᠠᠯᠦᠰᠯᠡᠨ ᠰᠠᠭᠤᠬᠤ ᠪᠤᠶᠤ ᠬᠢᠮᠳᠠᠷᠠᠭᠤᠯᠬᠤ ᠨᠦᠭᠦᠴᠡᠯ ᠳᠤ ᠨᠡᠶᠢᠴᠡᠬᠦ ᠦᠭᠡᠢ ᠬᠠᠷᠠᠭᠠᠯᠵᠡᠯ ᠤᠨ ᠪᠢᠯᠧᠲ ᠢᠶᠠᠷ ᠰᠠᠭᠤᠭᠰᠠᠠ ᠪᠠᠶᠢᠪᠡᠯ᠂ ᠪᠢᠯᠧᠲ ᠤᠨ ᠮᠦᠩᠬᠦ ᠶᠢ ᠨᠦᠭᠦᠵᠦ ᠲᠤᠰᠢᠶᠠᠬᠤ ᠬᠡᠷᠡᠭᠲᠠᠢ᠂ ᠲᠡᠭᠡᠭᠡᠪᠦᠷᠢᠯᠡᠭᠴᠢ ᠨᠢ ᠲᠤᠭᠳᠠᠭᠠᠯ ᠶᠤᠰᠦᠭᠠᠷ ᠪᠢᠯᠧᠲ ᠤᠨ ᠮᠦᠩᠬᠦ ᠪᠠᠨ ᠨᠡᠮᠡᠵᠦ ᠬᠤᠷᠢᠶᠠᠵᠦ ᠪᠤᠯᠥᠨ᠎ᠠ᠃ ᠠᠶᠠᠨᠴᠢᠨ ᠪᠢᠯᠧᠲ ᠤᠨ ᠮᠦᠩᠬᠦ ᠪᠠᠨ ᠲᠤᠰᠢᠶᠠᠬᠤ ᠦᠭᠡᠢ ᠪᠠᠶᠢᠪᠡᠯ ᠲᠡᠭᠡᠭᠡᠪᠦᠷᠢᠯᠡᠭᠴᠢ ᠠᠴᠠ ᠲᠡᠭᠦᠨ ᠢ ᠲᠡᠭᠡᠭᠡᠪᠦᠷᠢᠯᠡᠬᠦ ᠦᠭᠡᠢ ᠪᠠᠶᠢᠵᠦ ᠪᠤᠯᠤᠨ᠎ᠠ ᠭᠡᠵᠦ ᠲᠤᠭᠳᠠᠭᠠᠵᠡᠢ᠃      ᠨᠠᠢᠮᠡᠡ ᠵᠠᠭᠤ ᠠᠷᠪᠡ ᠶᠢᠰᠦᠳᠦᠭᠡᠷ ᠵᠦᠢᠯ ᠳᠤ᠂ ᠲᠡᠭᠡᠭᠡᠪᠦᠷᠢᠯᠡᠭᠴᠢ ᠨᠢ ᠠᠶᠤᠯ ᠦᠭᠡᠢ ᠪᠠᠷ ᠲᠡᠭᠡᠭᠡᠪᠦᠷᠢᠯᠡᠬᠦ ᠡᠭᠦᠷᠭᠡ ᠪᠠᠨ ᠴᠢᠩᠭ᠎ᠠ ᠬᠦᠢᠴᠡᠳᠭᠡᠵᠦ᠂ ᠠᠶᠤᠯ ᠦᠭᠡᠢ ᠪᠠᠷ ᠲᠡᠭᠡᠭᠡᠪᠦᠷᠢᠯᠡᠬᠦ ᠳᠤ ᠠᠩᠬᠠᠷᠬᠤ ᠴᠢᠬᠤᠯᠠᠳᠠᠢ ᠵᠦᠢᠯᠡᠰ ᠢ ᠠᠶᠠᠨᠴᠢᠳ ᠲᠤ ᠴᠠᠭ ᠲᠤᠬᠠᠢ ᠳᠤᠨᠢ ᠮᠡᠳᠡᠭᠳᠡᠬᠦ ᠬᠡᠷᠡᠭᠳᠠᠢ᠃ ᠠᠶᠠᠨᠴᠢᠳ ᠲᠡᠭᠡᠭᠡᠪᠦᠷᠢᠯᠡᠭᠴᠢ ᠶᠢᠨ ᠠᠶᠤᠯ ᠦᠭᠡᠢ ᠪᠠᠷ ᠲᠡᠭᠡᠭᠡᠪᠦᠷᠢᠯᠡᠬᠦ ᠶᠢᠨ ᠲᠦᠯᠦᠭᠡ ᠬᠢᠭᠰᠡᠡ ᠵᠦᠢ ᠵᠤᠬᠢᠰᠳᠠᠢ ᠲᠤᠬᠢᠷᠠᠭᠤᠯᠤᠯᠳᠡ ᠶᠢ ᠢᠳᠡᠪᠬᠢᠳᠠᠢ ᠬᠠᠪᠰᠦᠷᠴᠦ ᠬᠠᠮᠵᠢᠯᠴᠠᠬᠤ ᠬᠡᠷᠡᠭᠲᠠᠢ ᠭᠡᠵᠦ ᠲᠤᠭᠳᠠᠭᠠᠪᠡ᠃
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号