ᠬᠦᠰᠠᠯ ᠵᠤᠷᠢᠭ ᠬᠥᠮᠦᠨ ᠢ ᠡᠷᠴᠢᠯᠠᠳᠡᠭ ᠤᠨ ᠭᠠᠶᠢᠬᠠᠮᠰᠢᠬ
ᠨᠡᠶᠢᠲᠡᠯᠡᠭᠰᠡᠨ ᠴᠠᠭ᠄
2020/8/31
   
      ᠬᠥᠮᠦᠨ ᠤ ᠬᠥᠰᠡᠯ ᠵᠤᠷᠢᠬ᠂ ᠲᠡᠰᠪᠤᠷᠢ ᠲᠡᠪᠴᠢᠶᠡᠷᠢ ᠭᠡᠳᠡᠭ ᠭᠡᠴᠢᠨᠠᠠ ᠠᠤᠭ᠎ᠠ ᠶᠡᠭᠡ ᠭᠡᠳᠡᠭ ᠢ ᠪᠢᠳᠡ ᠥᠪᠡᠷ ᠢᠶᠠᠨ ᠮᠡᠳᠡᠬᠦ ᠥᠬᠡᠢ ᠪᠠᠶᠢᠵᠤ ᠮᠡᠳᠡᠨ᠎ᠠ᠃ ᠭᠡᠬᠦ ᠳᠡᠭᠡᠨ ᠡᠨᠡ ᠪᠥᠬᠦᠨ ᠤ ᠴᠠᠭᠠᠨ᠎ᠠ ᠭᠡᠳᠤᠢ ᠬᠥᠴᠤᠨ ᠴᠢᠳᠠᠯ ᠪᠠᠶᠢᠨ᠎ᠠ ᠭᠡᠳᠡᠭ ᠢ ᠪᠤᠰᠤᠳ ᠤᠨ ᠪᠦᠳᠦᠬᠡᠭᠰᠡᠨ ᠢᠳᠡᠬᠡᠮᠡᠷ ᠦᠬᠡᠢ ᠦᠨᠡᠨ ᠵᠦᠢᠯ ᠠᠴᠠ ᠰᠡᠷᠡᠵᠦ ᠮᠡᠳᠡᠵᠤ ᠪᠤᠯᠬᠤ ᠰᠠᠨ᠃ ᠬᠡᠷᠦᠬᠦ ᠡᠪᠡᠳᠴᠢᠨ ᠳᠤ ᠲᠠᠷᠴᠢᠯᠠᠬᠳᠠᠵᠦ ᠠᠷᠪᠠ ᠭᠠᠷᠤᠢ ᠵᠢᠯ ᠭᠡᠪᠳᠡᠷᠢ ᠳᠤ ᠤᠷᠤᠵᠤ ᠵᠤᠪᠠᠵᠦ ᠵᠦᠳᠡᠷᠡᠭᠰᠡᠨ ᠪᠤᠯᠪᠠᠴᠦ ᠥᠪᠡᠷ ᠤᠨ ᠬᠥᠰᠡᠯ ᠮᠥᠷᠦᠭᠡᠳᠤᠯ ᠤᠨ ᠢᠶᠠᠨ ᠥᠭᠡᠳᠡ ᠠᠴᠠ᠂ ᠰᠠᠨᠠᠵᠤ ᠪᠤᠳᠤᠬᠰᠠᠠ᠂ ᠬᠢᠵᠤ ᠪᠥᠳᠦᠭᠡᠬᠦ ᠭᠡᠰᠡᠡ ᠵᠤᠷᠢᠯᠳᠠ ᠶᠢᠨ ᠢᠶᠠᠨ ᠲᠥᠯᠦᠭᠡ ᠬᠠᠯᠠᠰᠢᠷᠠᠯ ᠥᠬᠡᠢ ᠵᠢᠳᠬᠦᠵᠤ ᠤᠷᠤᠨ ᠳᠡᠭᠡᠷ᠎ᠠ ᠪᠠᠨ ᠠᠯᠢᠪᠠ ᠡᠪᠡᠳᠴᠢᠨ ᠵᠤᠪᠠᠯᠠᠩ ᠢ ᠢᠯᠡᠡ ᠳᠠᠪᠠᠭᠠᠳ᠂ ︽ᠪᠠᠷᠠᠭᠤᠨ ᠰᠢᠶᠠ ᠶᠢᠨ ᠪᠤᠩᠬᠤᠨ ᠢ ᠲᠤᠭᠤᠷᠢᠨ ᠥᠵᠡᠭᠰᠡᠡ︾᠂ ︽ᠡᠵᠢ ᠪᠠᠨ ᠮᠥᠷᠦᠭᠡᠳᠦᠭᠰᠡᠡ︾᠂ ︽ᠬᠤᠸᠠᠷᠠᠨ ᠤ ᠰᠢᠯᠢ ᠳᠤ ᠭᠠᠷᠤᠬᠰᠠᠠ︾ ᠵᠡᠷᠭᠡ ᠲᠠᠯᠠᠭᠠᠳ ᠵᠤᠬᠢᠶᠠᠯ ᠪᠦᠳᠦᠬᠡᠯ ᠢ ᠲᠤᠭᠤᠷᠪᠢᠨ ᠪᠢᠴᠢᠵᠤ᠂ ᠡᠮᠬᠢᠯᠡᠵᠦ ᠨᠠᠶᠢᠷᠠᠭᠤᠯᠤᠭᠠᠳ ᠨᠤᠮ ᠪᠤᠯᠭᠠᠬᠤ ᠪᠠᠷ ᠪᠡᠯᠡᠳᠭᠡᠭᠰᠡᠡ ᠨᠢᠭᠡᠨ ᠨᠠᠰᠤᠳᠠᠨ ᠤ ᠥᠯᠢᠭᠡᠷ ᠶᠠᠪᠤᠳᠠᠯ ᠢ ᠬᠠᠭᠤᠴᠢᠯᠠᠬᠤ ᠪᠤᠯᠤᠬᠰᠠᠨ ᠳᠠᠭᠠᠨ ᠰᠡᠳᠬᠢᠯ ᠬᠥᠨᠳᠤ ᠪᠠᠶᠢᠬᠤ ᠮᠥᠷᠳᠡᠭᠡᠨ᠂ ᠲᠡᠬᠦᠨ ᠤ ᠵᠤᠷᠢᠬ ᠰᠦᠰᠤ ᠶᠢ ᠪᠢᠰᠢᠷᠡᠨ ᠪᠠᠭ᠋ᠠᠳᠤᠵᠤ ᠪᠠᠶᠢᠬᠤ ᠪᠠᠨ ᠡ᠊ᠨᠳᠡ ᠢᠯᠡᠷᠬᠡᠢᠯᠡᠵᠦ ᠪᠠᠶᠢᠨᠠᠮ᠃       ᠠᠯᠠᠱᠠ ᠠᠶᠢᠮᠠᠭ ᠤᠨ ᠤᠳᠬ᠎ᠠ ᠤᠷᠠᠯᠢᠬ ᠤᠨ ᠬᠢᠨ ᠤ ᠬᠤᠯᠪᠤᠭᠠᠠ ᠠᠴᠠ ᠠᠵᠢᠯ ᠤᠨ ᠠᠮᠠᠷᠠᠯᠳᠠ ᠪᠠᠨ ᠠᠪᠤᠬᠰᠠᠠ ᠵᠤᠬᠢᠶᠠᠯᠴᠢ᠂ ᠠᠬᠠᠮᠠᠳ ᠨᠠᠶᠢᠷᠠᠭᠤᠯᠤᠬᠴᠢ᠂ ᠠᠯᠠᠱᠠ ᠤᠷᠠᠨ ᠵᠤᠬᠢᠶᠠᠯ ᠤᠨ ᠲᠥᠯᠦᠭᠡᠨ᠎ᠠ ᠶᠡᠭᠡ ᠵᠢᠳᠬᠦᠯ ᠢ ᠭᠠᠷᠭᠠᠬᠰᠠᠠ ᠪᠤᠷᠵᠤᠳ ᠬᠠᠰᠤᠨ ᠭᠤᠸᠡᠢ ᠶᠢᠨ ᠤᠢᠢᠯᠡ ᠣᠴᠠᠷᠠᠯ ᠢ ᠶᠠᠷᠢᠮᠠᠷ ᠪᠠᠶᠢᠨ᠎ᠠ᠃ ᠪᠤᠷᠵᠤᠳ ᠬᠠᠰᠤᠨ 1975 ᠤᠨ ᠳᠤ ᠵᠢᠷᠠᠳᠠᠢ ᠪᠠᠯᠭᠠᠰᠤᠨ ᠳᠤ ᠠᠩᠬ᠎ᠠ ᠠᠯᠪᠠᠨ ᠠᠵᠢᠯ ᠳᠤ ᠲᠤᠮᠢᠯᠠᠬᠳᠠᠨ᠂ ᠲᠤᠰ ᠵᠢᠯ ᠳᠡᠭᠡᠨ ᠨᠢᠩᠰᠢᠶᠠ ᠶᠢᠨ ᠷᠠᠳᠢᠣ᠋ ᠨᠡᠪᠳᠡᠷᠡᠭᠦᠯᠬᠡ ᠶᠢᠨ ᠬᠤᠷᠢᠶᠠᠨ ᠳᠤ ᠰᠢᠯᠵᠢᠵᠤ ᠠᠵᠢᠯᠯᠠᠠ᠂ 1980 ᠤᠨ ᠳᠤ ᠳᠠᠬᠢᠨ ᠠᠯᠠᠱᠠ ᠠᠶᠢᠮᠠᠭ ᠤᠨ ᠤᠳᠬ᠎ᠠ ᠤᠷᠠᠯᠢᠬ ᠤᠨ ᠬᠢᠨ ᠤ ᠬᠤᠯᠪᠤᠭᠠᠠ ᠳᠤ ᠠᠵᠢᠯᠯᠠᠭᠠᠳ 2005 ᠤᠨ ᠳᠤ ᠠᠵᠢᠯ ᠤᠨ ᠠᠮᠠᠷᠠᠯᠳᠠ ᠪᠠᠨ ᠠᠪᠴᠠᠢ᠃       ᠪᠤᠷᠵᠤᠳ ᠬᠠᠰᠤᠨ ᠭᠤᠸᠡᠢ 2005 ᠤᠨ ᠳᠤ ᠭᠡᠷᠦᠬᠦ ᠡᠪᠡᠳᠴᠢᠨ ᠳᠤ ᠨᠡᠷᠪᠡᠭᠳᠡᠭᠡᠳ ᠭᠡᠪᠳᠡᠷᠢ ᠳᠤ ᠤᠷᠤᠵᠦ᠂ ᠦᠶ᠎ᠠ ᠬᠡᠰᠢᠬᠦᠦ ᠨᠢ ᠡᠪᠡᠳᠤᠭᠡᠳ ᠥᠪᠡᠷ ᠢᠶᠠᠨ ᠪᠤᠰᠴᠤ ᠬᠥᠳᠡᠯᠵᠤ ᠴᠢᠳᠠᠬᠤ ᠥᠬᠡᠢ ᠮᠥᠷᠳᠡᠭᠡᠨ ᠬᠤᠭᠤᠯᠠ ᠪᠤᠳᠠᠭ᠎ᠠ ᠪᠠᠨ ᠢᠳᠡᠬᠦ ᠳᠡᠭᠡᠨ ᠴᠤ ᠵᠥᠪ ᠥᠬᠡᠢ ᠪᠠᠶᠢᠵᠤ ᠶᠠᠬ ᠬᠥᠮᠦᠨ ᠤ ᠠᠰᠠᠷᠠᠯᠭ᠎ᠠ ᠳᠤ ᠤᠷᠤᠬᠰᠠᠠ ᠪᠠᠶᠢᠯ᠎ᠠ᠃ ᠲᠡᠷᠡ ᠮᠠᠨᠢ ᠭᠡᠳᠦ᠋ᠢᠪᠠᠷ ᠡᠪᠡᠳᠴᠢᠨ ᠵᠤᠪᠠᠯᠠᠩ ᠤᠨ ᠰᠢᠨᠠᠯᠤᠯ ᠳᠤ ᠤᠷᠤᠬᠰᠠᠠ ᠪᠤᠯᠪᠠᠴᠤ ᠥᠪᠡᠷ ᠤᠨ ᠰᠠᠨᠠᠵᠤ ᠪᠤᠳᠤᠬᠰᠠᠠ ᠵᠦᠢᠯ ᠢᠶᠠᠨ ᠬᠢᠵᠤ ᠪᠥᠳᠦᠭᠡᠬᠦ ᠪᠠᠷ ᠵᠢᠤᠡᠬᠦᠵᠤ ᠢᠷᠡᠵᠡᠢ᠃       ᠬᠠᠰᠤᠨ ᠭᠤᠸᠡᠢ ᠤᠷᠤᠨ ᠲᠡᠬᠡᠷ᠎ᠡ ᠪᠠᠨ ᠪᠢᠴᠢᠵᠦ ᠲᠤᠭᠤᠷᠪᠢᠬᠤ ᠪᠤᠯᠤᠬᠰᠠᠨ ᠨᠢ ᠪᠠᠰᠠᠴᠦ ᠲᠠᠪᠠᠭ᠎ᠠ ᠪᠦᠬᠦᠨ ᠢ ᠲᠤᠭᠤᠯᠵᠦ ᠢᠷᠡᠭᠰᠡᠨ ᠦᠡᠭᠬᠡᠷᠡᠯᠳᠡ ᠲᠠᠢ ᠪᠠᠶᠢᠯ᠎ᠠ᠃ ᠲᠡᠷᠡ ᠮᠠᠨᠢ ᠭᠡᠳᠤᠨ ᠵᠢᠯ ᠶᠡᠭᠡ ᠵᠥᠳᠡᠷᠡᠵᠤ᠂ 2013 ᠤᠨ ᠠᠴᠠ ᠡᠬᠢᠯᠡᠡ ᠺᠣᠮᠫᠢᠦ᠋ᠲ᠋ᠧᠷ ᠢᠶᠠᠷ ᠰᠥᠯᠵᠢᠶᠠᠨ ᠳᠤ ᠭᠠᠷᠬᠤ ᠪᠤᠯᠵᠦ ᠮᠠᠰᠢ ᠤᠯᠠᠠ ᠡᠯᠧᠺᠲᠷᠣᠨ ᠨᠤᠮ ᠤᠡᠭᠰᠢᠨ᠂ ᠪᠠᠷᠠᠭᠤᠨ ᠭᠠᠷ ᠨᠢ ᠬᠥᠳᠡᠯᠭᠡᠬᠦ ᠳᠤ ᠲᠥᠬᠦᠮ ᠥᠬᠡᠢ ᠪᠤᠯᠬᠤᠷ ᠵᠡᠬᠦᠨ ᠭᠠᠷ ᠢᠶᠠᠷ ᠢᠶᠠᠨ ᠺᠣᠮᠫᠢᠦ᠋ᠲ᠋ᠧᠷ ᠲᠡᠭᠡᠷ᠎ᠠ ᠤᠷᠠᠨ ᠪᠥᠳᠦᠭᠡᠯ ᠢᠶᠠᠨ ᠪᠢᠴᠢᠵᠤ᠂ ᠰᠡᠬᠦᠯᠡᠷ ᠨᠢ ᠭᠡᠤᠭᠡᠳ ᠨᠢ i pad ᠠᠪᠴᠤ ᠥᠭᠬᠦᠭᠰᠡᠡ ᠪᠤᠯᠬᠤᠷ ᠤᠷᠤᠨ ᠳᠡᠭᠡᠷ᠎ᠠ ᠪᠠᠨ ᠵᠢᠵᠢᠭ ᠰᠢᠷᠡᠭᠡ ᠲᠠᠯᠪᠢᠵᠤ᠂ ᠳᠡᠭᠡᠷ᠎ᠠ ᠨᠢ i pad ᠢᠶᠠᠨ ᠠᠰᠢᠬᠯᠠᠠ ᠨᠢᠭᠡ ᠨᠢᠭᠡ ᠪᠠᠷ ᠥᠰᠦᠭ ᠢᠶᠠᠨ ᠴᠤᠬᠢᠵᠤ ᠤᠷᠠᠨ ᠪᠥᠳᠦᠭᠡᠯ ᠢᠶᠠᠨ ᠪᠢᠴᠢᠵᠤ ᠰᠠᠭᠤᠳᠠᠬ ᠪᠤᠯᠤᠬᠰᠠᠨ ᠪᠠᠶᠢᠯ᠎ᠠ᠃ ᠠᠩᠬ᠎ᠠ ᠡᠬᠢᠯᠡᠭᠡᠳ ᠨᠢᠭᠡ ᠡᠳᠦᠷ ᠲᠤ ᠨᠠᠢᠮᠠ ᠶᠢᠰᠤᠨ ᠴᠠᠬ ᠶᠠᠭᠤᠮ᠎ᠠ ᠪᠢᠴᠢᠳᠡᠭ ᠪᠠᠶᠢᠬᠰᠠᠠ ᠠᠴᠠ ᠪᠠᠨ ᠪᠡᠶ᠎ᠡ ᠨᠢ ᠡᠪᠡᠳᠤᠭᠡᠳ ᠰᠡᠬᠦᠯᠡᠷ ᠨᠢ ᠡᠳᠦᠷ ᠲᠤ ᠭᠤᠷᠪᠠ ᠲᠥᠷᠪᠠᠨ ᠴᠠᠬ ᠲᠡᠳᠦᠢ ᠰᠠᠭᠤᠬᠤ ᠪᠤᠯᠵᠦ᠂ ᠤᠳᠤ ᠪᠤᠯᠬᠤ ᠳᠤ ᠪᠡᠶ᠎ᠠ ᠶᠢᠨ ᠪᠠᠶᠢᠳᠠᠯ ᠨᠢ ᠪᠦᠷ ᠴᠦ ᠴᠢᠯᠡᠭᠡ ᠶᠡᠬᠡᠳᠡᠢ ᠪᠤᠯᠤᠬᠰᠠᠠ ᠪᠤᠯᠬᠤᠷ ᠨᠢᠭᠡ ᠤᠳᠠᠭ᠎ᠠ ᠬᠥᠮᠦᠨ ᠢᠶᠠᠷ ᠲᠥᠰᠢᠬᠦᠯᠵᠤ ᠡᠷᠬᠦᠬᠦᠯᠵᠦ ᠪᠤᠰᠤᠭᠠᠳ ᠴᠠᠬ ᠭᠠᠷᠤᠢ ᠯᠠ ᠶᠠᠭᠤᠮ᠎ᠠ ᠪᠢᠴᠢᠪᠡᠯ ᠵᠦᠳᠡᠷᠡᠴᠢᠬᠡᠳᠡᠭ ᠪᠤᠯᠤᠬᠰᠠᠨ ᠪᠠᠶᠢᠨ᠎ᠠ᠃       ᠡᠶᠢᠨᠬᠦ ᠠᠷᠪᠠ ᠭᠠᠷᠤᠢ ᠵᠢᠯ ᠤᠨ ᠲᠤᠷᠰᠢ ᠡᠪᠡᠳᠴᠢᠨ ᠰᠢᠨᠠᠯᠤᠯ ᠲᠠᠢ ᠪᠠᠨ ᠲᠡᠮᠡᠴᠡᠵᠤ ᠡᠳᠦᠷ ᠪᠤᠯᠭᠠᠠ ᠰᠢᠳᠤ ᠵᠠᠭᠤᠨ ᠴᠢᠷᠮᠠᠶᠢᠵᠤ᠂ ᠦᠪᠠᠷ ᠲᠡᠭᠡᠨ ᠨᠤᠮ ᠭᠠᠷᠭᠠᠶ᠎ᠠ ᠭᠡᠵᠤ ᠪᠤᠳᠤᠵᠤ ᠪᠠᠶᠢᠬᠰᠠᠠ ᠠᠴᠠ ᠤᠳᠤ ᠪᠤᠯᠬᠤ ᠳᠤ ︽ᠭᠤᠷᠪᠠᠨ ᠠᠷᠠᠳ ᠤᠨ ᠳᠠᠭᠤᠤ ᠠᠳᠠᠯᠢ ᠪᠤᠰᠤ ᠨᠤᠳᠤᠬ ᠤᠨ ᠮᠥᠷᠦᠭᠡᠳᠤᠯ︾᠂ ︽ᠢᠷᠠᠭᠤ ᠨᠠᠶᠢᠷᠠᠬ ᠤᠨ ᠤᠷᠴᠢᠭᠤᠯᠭ᠎ᠠ ᠶᠢᠨ ᠲᠤᠬᠠᠢ ᠲᠥᠷᠦᠭᠳᠡᠯ︾᠂ ︽ᠸᠧᠢ ᠪᠠᠭᠠᠳᠤᠷ ᠪᠠᠭᠰᠢ ᠶᠢᠨ ᠲᠤᠬᠠᠢ ᠮᠥᠷᠦᠭᠡᠳᠤᠯ︾ ᠵᠡᠷᠭᠡ ᠬᠢᠳᠡᠳ ᠮᠤᠩᠭᠤᠯ ᠲᠤᠭᠤᠵᠢᠰ ᠤᠨ ᠵᠤᠬᠢᠶᠠᠯ᠂ ᠨᠠᠶᠢᠷᠠᠭᠤᠯᠤᠯ᠂ ᠠᠶᠠᠨ ᠤ ᠳᠠᠮᠳᠡᠭᠯᠡᠯ ᠵᠡᠷᠭᠡ ᠳᠠᠯᠠᠠ ᠲᠥᠮᠡᠡ ᠥᠰᠦᠭ ᠤᠨ ᠤᠷᠠᠨ ᠪᠥᠳᠦᠭᠡᠯ ᠢᠶᠠᠨ ᠲᠤᠭᠤᠷᠪᠢᠨ ᠪᠢᠴᠢᠵᠤ ᠨᠤᠮ ᠬᠡᠪᠯᠡᠯ ᠳᠤ ᠪᠡᠯᠡᠳᠭᠡᠭᠰᠡᠨ ᠪᠠᠶᠢᠨ᠎ᠠ᠃︽ᠮᠢᠨᠤ ᠪᠡᠶ᠎ᠡ ᠮᠠᠭᠤᠳᠠᠢ ᠪᠠᠶᠢᠬᠰᠠᠨ ᠤ ᠡᠷᠭᠡ ᠪᠠᠷ ᠴᠤ ᠶᠤᠮ ᠤᠤ︖ ᠬᠤᠪᠢ ᠵᠠᠶᠠᠭ᠎ᠠ ᠠᠨᠠᠢ ᠪᠤᠯᠤᠬᠰᠠᠠ ᠤ ᠤᠴᠢᠷ ᠴᠤ ᠶᠤᠮ ᠤᠤ︖ ᠠᠵᠢᠯ ᠤᠨ ᠠᠮᠠᠷᠠᠯᠳᠠ ᠪᠠᠨ ᠠᠪᠤᠩᠭᠤᠳᠠ ᠪᠠᠨ ᠡᠪᠡᠳᠴᠢᠨ ᠳᠤ ᠨᠡᠷᠪᠡᠭᠳᠡᠭᠰᠡᠡ ᠮᠢᠨᠢ ᠦᠨᠡᠬᠡᠷ ᠭᠤᠨᠢᠬᠳᠠᠢ ᠬᠡᠵᠦ ᠬᠡᠯᠡᠬᠦ ᠤᠤ ᠳ᠋ᠠ᠃ ᠠᠵᠢᠯ ᠤᠨ ᠠᠮᠠᠷᠠᠯᠳᠠ ᠠᠪᠤᠬᠰᠠᠠ ᠤ ᠪᠠᠨ ᠳᠠᠷᠠᠭ᠎ᠠ ᠠᠷᠪᠠᠨ ᠨᠤᠮ ᠭᠠᠷᠭᠠᠴᠢᠬᠠᠶ᠎ᠡ ᠭᠡᠵᠤ ᠪᠤᠳᠤᠵᠤ ᠪᠠᠶᠢᠬᠰᠠᠠ ᠶᠤᠮ᠂ ᠬᠡᠳᠡᠯ᠎ᠠ ᠨᠢᠭᠡ ᠨᠤᠮ ᠴᠤ ᠭᠡᠪᠯᠡᠬᠦᠯᠵᠤ ᠴᠢᠳᠠᠬᠰᠠᠠ ᠥᠬᠡᠢ ᠪᠤᠯᠬᠤᠷ ᠲᠤᠳᠤᠷ᠎ᠠ ᠪᠠᠨ ᠭᠤᠮᠤᠳᠠᠵᠤ ᠭᠤᠨᠢᠷᠬᠠᠵᠤ ᠵᠤᠪᠠᠵᠤ ᠶᠠᠪᠤᠬᠰᠠᠠ᠂ ᠭᠡᠪᠡᠴᠤ ᠢᠡᠭᠭᠢᠵᠤ ᠵᠤᠪᠠᠵᠦ ᠭᠤᠨᠢᠭᠠᠳ ᠡᠳᠦᠷ ᠢ ᠵᠦᠬᠡᠷ ᠦᠡᠭᠬᠡᠷᠡᠭᠦᠯᠵᠦ ᠪᠤᠯᠬᠤ ᠦᠬᠡᠢ ᠶᠤᠮ ᠪᠠᠶᠢᠨ᠎ᠠ ᠬᠡᠵᠦ ᠪᠤᠳᠤᠬᠤ ᠪᠤᠯᠤᠬᠰᠠᠨ ᠤ ᠤᠴᠢᠷ ᠠᠴᠠ ᠨᠢᠬᠡ ᠡᠳᠦᠷ ᠮᠡᠨᠳᠤ ᠪᠠᠶᠢᠭᠠᠳ ᠢᠳᠡᠵᠤ ᠤᠤᠭᠤᠵᠤ ᠴᠢᠳᠠᠵᠤ ᠯᠠ ᠪᠠᠶᠢᠪᠠᠯ ᠡᠷᠭᠡᠪᠰᠢ ᠨᠢᠭᠡ ᠶᠠᠭᠤᠮ᠎ᠠ ᠪᠠᠨ ᠬᠢᠵᠦ ᠤᠷᠤᠯᠳᠤᠵᠦ ᠦᠵᠡᠶ᠎ᠠ ᠭᠡᠵᠤ ᠰᠢᠳᠦ ᠵᠠᠭᠤᠬᠤ ᠪᠤᠯᠤᠭᠰᠠᠨ᠂ ᠥᠪᠡᠷ ᠤᠨ ᠢᠶᠠᠨ ᠰᠠᠨᠠᠵᠤ ᠪᠤᠳᠤᠬᠰᠠᠠ ᠶᠠᠭᠤᠮ᠎ᠠ ᠪᠠᠨ ᠢᠳᠡᠭ ᠢᠳᠡᠭ ᠢᠶᠠᠷ ᠬᠢᠬᠦ ᠭᠡᠷᠡᠭᠳᠡᠢ ᠭᠡᠰᠡᠡ ᠵᠤᠷᠢᠬ ᠡᠷᠴᠢᠯᠡᠭᠳᠡᠵᠤ ᠶᠠᠭᠤᠮ᠎ᠠ ᠪᠠᠨ ᠪᠢᠴᠢᠵᠤ ᠬᠢᠬᠦ ᠪᠠᠷ ᠪᠠᠭ᠎ᠠ ᠪᠠᠭ᠎ᠠ ᠪᠠᠷ ᠤᠷᠤᠯᠳᠤᠬᠰᠠᠭᠠᠷ ᠪᠠᠶᠢᠵᠦ ᠦᠨᠦᠳᠦᠷ ᠢ ᠬᠦᠢᠴᠡᠵᠡᠢ᠂ ᠤᠳᠤ ᠪᠤᠯᠬᠤ ᠳᠤ ᠦᠨᠡᠬᠡᠷ ᠴᠢᠮᠠᠯᠠᠮᠠᠷ ᠦᠬᠡᠢ ᠶᠡᠭᠡ ᠪᠤᠯᠵᠠᠢ᠃ ᠪᠢ ᠶᠠᠷᠢᠶᠠᠨ ᠥᠬᠡᠢ ᠭᠡᠷ ᠤᠨ ᠭᠠᠳᠠᠨᠠᠬᠢ ᠤᠷᠴᠢᠨ᠂ ᠲᠡᠯᠡᠭᠡᠢ ᠶᠢᠷᠳᠢᠨᠴᠤ᠂ ᠲᠥᠷᠦᠭᠰᠡᠡ ᠨᠤᠳᠤᠬ᠂ ᠠᠬᠤᠢ ᠪᠠᠶᠠᠨ ᠪᠠᠶᠢᠭᠠᠯᠢ ᠶᠢᠨ ᠢᠶᠠᠨ ᠴᠡᠯᠮᠡᠭ ᠲᠡᠭᠷᠢ᠂ ᠴᠡᠪᠡᠷ ᠠᠭᠠᠷ ᠰᠡᠯᠬᠢᠨ ᠳᠤ ᠭᠠᠷᠴᠦ᠂ ᠠᠭᠤᠯᠠ ᠤᠰᠤᠨ ᠤ ᠪᠠᠨ ᠦᠡᠭᠬᠡ ᠲᠡᠯᠬᠡᠷ ᠦᠵᠡᠮᠵᠢ ᠶᠢ ᠦᠪᠡᠷ ᠤᠨ ᠪᠡᠶ᠎ᠠ ᠪᠠᠷ ᠢᠶᠠᠨ ᠤᠴᠢᠵᠦ ᠦᠵᠡᠵᠦ ᠬᠠᠷᠠᠶ᠎ᠠ ᠬᠡᠵᠦ ᠬᠡᠴᠢᠨᠡᠨ ᠰᠠᠨᠠᠬᠤ ᠶᠢ ᠠᠳᠡ ᠬᠡᠯᠡᠬᠦᠶ᠎ᠠ ᠪᠡᠷᠬᠡ᠃ ᠭᠡᠬᠦ ᠳᠡᠭᠡᠨ ᠮᠢᠨᠤ ᠴᠢᠳᠠᠯ ᠬᠥᠷᠬᠦ ᠥᠬᠡᠢ᠂ ᠪᠡᠶ᠎ᠡ ᠡᠶᠢᠮᠤ ᠪᠤᠯᠤᠬᠰᠠᠠ ᠪᠤᠯᠬᠤᠷ ᠵᠥᠪᠭᠡᠨ ᠥᠪᠡᠷ ᠤᠨ ᠰᠡᠳᠬᠢᠯ ᠰᠡᠳᠬᠢᠬᠦᠢ᠂ ᠤᠶᠤᠨ ᠰᠠᠨᠠᠭᠠᠠ ᠳᠤ ᠪᠠᠶᠢᠳᠠᠬ ᠲᠥᠷᠦᠭᠳᠡᠭᠰᠡᠡ᠂ ᠪᠤᠳᠤᠬᠳᠠᠬᠰᠠᠠ᠂ ᠰᠠᠭᠤᠬᠳᠠᠬᠰᠠᠠ ᠵᠦᠪ ᠦᠭᠡᠳᠡᠷᠡᠭ ᠵᠦᠢᠯ ᠢᠶᠠᠨ ᠪᠢᠴᠢᠵᠤ ᠢᠯᠡᠷᠭᠡᠶᠢᠯᠡᠶ᠎ᠡ ᠭᠡᠵᠤ ᠪᠤᠳᠤᠭᠠᠳ ᠶᠠᠭᠤᠮ᠎ᠠ ᠪᠢᠴᠢᠵᠤ ᠡᠬᠢᠯᠡᠭᠰᠡᠡ ᠤ ᠤᠴᠢᠷ ᠲᠡᠷᠡ᠂ ᠨᠠᠷᠠ ᠲᠤᠯᠠᠶᠢᠬᠰᠠᠨ ᠭᠠᠳᠠᠭ᠎ᠠ ᠭᠠᠷᠴᠦ ᠡᠷᠡᠬᠦᠯ ᠰᠠᠷᠠᠭᠤᠯ ᠢᠶᠠᠷ ᠴᠡᠩᠬᠡᠭ ᠠᠭᠠᠷ ᠠᠮᠢᠰᠬᠤᠵᠤ ᠪᠠᠶᠠᠷ ᠬᠥᠷ ᠲᠠᠢ ᠠᠮᠢᠳᠤᠷᠠᠨ᠎ᠠ ᠭᠡᠳᠡᠭ ᠪᠤᠯ ᠬᠥᠮᠦᠨ ᠪᠥᠬᠦᠳᠡ ᠶᠢᠨ ᠬᠥᠰᠡᠯ ᠪᠠᠶᠢᠬ᠎ᠠ᠂ ᠮᠥᠨ ᠴᠤ ᠮᠢᠨᠤ ᠬᠥᠰᠡᠯ᠃ ᠡᠳᠡᠭᠡᠷ ᠵᠦᠢᠯ ᠢ ᠪᠢ ᠤᠳᠤᠬᠠᠨ ᠬᠢᠵᠤ ᠴᠢᠳᠠᠬᠤ ᠥᠬᠡᠢ ᠪᠤᠯᠪᠠᠴᠤ ᠥᠪᠡᠷ ᠤᠨ ᠤᠶᠤᠨ ᠰᠡᠳᠬᠢᠬᠦᠢ ᠳᠤ ᠤᠷᠤᠰᠢᠬᠤ᠂ ᠬᠥᠮᠦᠨ ᠳᠤ ᠦᠭᠡᠳᠡᠷᠡᠭ ᠵᠥᠪ ᠡᠨᠧᠷᠬᠢ ᠦᠭᠴᠦ ᠴᠢᠳᠠᠬᠤᠢᠢᠴᠠ ᠤᠷᠠᠨ ᠵᠤᠬᠢᠶᠠᠯ ᠤᠨ ᠥᠵᠠᠯ ᠰᠠᠨᠠᠭ᠎ᠠ᠂ ᠨᠤᠳᠤᠭ ᠤᠷᠤᠨ ᠤ ᠪᠠᠨ ᠲᠤᠬᠠᠢ ᠪᠢᠴᠢᠵᠦ ᠦᠯᠡᠳᠡᠬᠡᠶ᠎ᠠ ᠬᠡᠵᠦ ᠰᠠᠨᠠᠵᠦ ᠪᠠᠶᠢᠬᠤ᠂ ᠡᠪᠦᠭᠡ ᠳᠡᠭᠡᠳᠤᠰ ᠠᠴᠠ ᠦᠪᠯᠡᠭᠰᠡᠨ ᠬᠤᠶᠢᠴᠢ ᠥᠶ᠎ᠡ ᠳᠡᠭᠡᠨ ᠥᠯᠡᠳᠡᠭᠡᠵᠦ ᠦᠭᠭᠦ ᠬᠠᠷᠢᠭᠤᠴᠠᠯᠭ᠎ᠠ ᠲᠠᠢ ᠰᠠᠨᠠᠬᠳᠠᠬᠰᠠᠨ ᠵᠦᠢᠯᠡᠰ ᠢᠶᠠᠨ ᠴᠢᠳᠠᠨ ᠶᠠᠳᠠᠨ ᠪᠢᠴᠢᠵᠦ ᠪᠠᠶᠢᠭ᠎ᠠ ᠮᠠᠨᠢ ᠡᠨᠡ︾ ᠬᠡᠮᠡᠨ ᠬᠠᠰᠤᠨ ᠭᠤᠸᠠᠢ ᠶᠠᠷᠢᠵᠤ ᠪᠢᠯᠠ᠃ ᠲᠡᠬᠦᠨ ᠤ ᠶᠠᠷᠢᠬᠰᠠᠨ᠂ ᠵᠤᠷᠢᠵᠦ ᠪᠦᠳᠦᠬᠡᠭᠰᠡᠨ ᠪᠥᠬᠦᠨ ᠡᠷᠭᠡ ᠥᠬᠡᠢ ᠮᠠᠠ ᠤ ᠵᠠᠯᠠᠭᠤ ᠨᠢᠭᠡ ᠥᠶ᠎ᠡ᠂ ᠢᠳᠡᠷᠴᠤᠳ᠂ ᠡᠷᠡᠬᠦᠯ ᠰᠠᠷᠠᠭᠤᠯ ᠬᠥᠮᠦᠨ ᠳᠤ ᠳᠠᠭᠤᠷᠢᠶᠠᠯ ᠵᠤᠷᠢᠬᠵᠢᠭᠤᠯᠤᠯ ᠪᠤᠯᠬᠤ ᠮᠥᠷᠳᠡᠭᠡᠨ ᠬᠥᠮᠦᠨ ᠬᠡᠷᠪᠡ ᠡᠶᠢᠮᠤ ᠯᠡ ᠰᠥᠰᠤ ᠵᠤᠷᠢᠬ᠂ ᠲᠡᠰᠪᠤᠷᠢ ᠲᠡᠪᠴᠢᠶᠠᠷᠢᠲᠠᠢ ᠪᠠᠶᠢᠳᠠᠬ ᠯᠡ ᠶᠤᠮ ᠪᠤᠯ ᠶᠠᠮᠠᠷᠪᠠ ᠬᠥᠴᠢᠷ ᠵᠤᠪᠠᠯ ᠢ ᠲᠤᠭᠤᠯᠵᠦ ᠭᠠᠷᠴᠦ ᠴᠢᠳᠠᠨ᠎ᠠ ᠭᠡᠳᠡᠭ ᠢ ᠬᠠᠷᠠᠭᠤᠯᠵᠦ ᠪᠠᠶᠢᠭ᠎ᠠ ᠨᠢ ᠭᠠᠷᠴᠠᠭ᠎ᠠ ᠦᠬᠡᠢ᠃       ᠪᠤᠷᠵᠤᠳ ᠬᠠᠰᠤᠨ ᠭᠤᠸᠠᠢ ᠵᠠᠯᠠᠭᠤᠴᠤᠳ ᠪᠠᠭᠠᠴᠤᠳ ᠲᠠᠭᠠᠨ ᠵᠤᠷᠢᠭᠤᠯᠵᠤ ᠥᠪᠡᠷ ᠤᠨ ᠭᠡᠰᠡᠡ ᠰᠡᠳᠬᠢᠯ ᠤᠨ ᠥᠭᠡ ᠪᠠᠨ ᠶᠠᠷᠢᠬᠤ ᠳᠠᠭᠠᠨ᠄ ︽ᠬᠥᠮᠦᠨ ᠬᠠᠷᠠᠬᠠᠠ ᠪᠠᠭ᠎ᠠ ᠠᠴᠠ ᠪᠠᠨ ᠪᠢᠴᠢᠭ ᠨᠤᠮ ᠰᠤᠷᠬᠤ ᠳᠠᠭᠠᠨ ᠰᠢᠰᠲ᠋ᠧᠮ ᠲᠠᠢ ᠡᠵᠡᠮᠰᠢᠵᠤ᠂ ᠲᠤᠳᠤᠭᠠᠳᠤ ᠭᠠᠳᠠᠭᠠᠳᠤ᠂ ᠡᠷᠳᠡ ᠡᠳᠦᠭᠡ ᠶᠢᠨ ᠶᠠᠭᠤᠮ᠎ᠠ ᠶᠢ ᠰᠤᠷᠴᠦ᠂ ᠲᠤᠳᠠᠬᠳᠠᠵᠤ ᠪᠤᠯᠤᠰᠢ ᠥᠬᠡᠢ ᠤᠶᠤᠨ ᠤ ᠰᠢᠮ᠎ᠡ ᠪᠤᠯᠭᠠᠠ ᠮᠡᠳᠡᠯᠭᠡ ᠶᠢᠨ ᠬᠥᠮᠦᠷᠭᠡ ᠪᠠᠨ ᠬᠤᠷᠠᠮᠳᠤᠭᠤᠯᠬᠤ ᠨᠢ ᠲᠤᠩ ᠴᠢᠬᠤᠯᠠ᠃ ᠨᠤᠮ ᠲᠠᠢ ᠨᠦᠬᠦᠷᠯᠡᠪᠡᠯ ᠪᠢᠯᠢᠭ ᠤᠶᠤᠨ ᠬᠦᠢᠴᠡᠳ ᠨᠡᠬᠡᠬᠡᠭᠳᠡᠨ᠎ᠠ ᠬᠡᠮᠡᠳᠡᠭ᠃ ᠡᠶᠢᠮᠤ ᠠᠴᠠ ᠵᠠᠪᠠᠯ ᠠᠷᠪᠢᠨ ᠨᠤᠮ ᠤᠡᠭᠰᠢᠵᠤ ᠥᠪᠡᠷ ᠢ ᠪᠠᠨ ᠲᠡᠬᠦᠯᠳᠡᠷᠵᠢᠬᠦᠯᠪᠠᠯ ᠰᠠᠶ᠋ᠢ ᠪᠥᠷᠢᠨ ᠲᠡᠬᠦᠯᠳᠡᠷ ᠬᠥᠮᠦᠨ ᠪᠤᠯᠵᠤ ᠮᠡᠳᠡᠯᠭᠡ ᠶᠢᠨ ᠬᠥᠷᠢᠶ᠎ᠠ ᠭᠡᠪᠴᠢᠶ᠎ᠠ᠂ ᠤᠶᠤᠨ ᠤᠬᠠᠭᠠᠨ ᠤ ᠬᠠᠷᠠᠭ᠎ᠠ ᠪᠠᠨ ᠲᠡᠯᠡᠵᠤ ᠴᠢᠳᠠᠨ᠎ᠠ︾ ᠭᠡᠵᠤ ᠪᠠᠶᠢᠬᠰᠠᠨ ᠰᠠᠨ᠃       ︽ᠳᠠᠯᠠᠢ ᠠᠴᠠ ᠲᠤᠰᠤᠯ ᠲᠡᠳᠤᠢ ᠤᠰᠤᠨ︾᠂ ︽ᠬᠠᠬ ᠤᠨ ᠭᠤᠤᠯ ᠤᠨ ᠱᠤᠤᠬᠢᠶᠠᠨ︾᠂ ︽ᠬᠤᠯᠤᠰᠤᠳᠠᠢ ᠶᠢᠨ ᠰᠢᠷᠭᠠᠯ ᠬᠥᠳᠡᠭᠡ︾ ᠵᠡᠷᠭᠡ ᠬᠡᠪᠯᠡᠯ ᠳᠤ ᠪᠡᠯᠡᠳᠬᠡᠭᠰᠡᠨ ᠨᠤᠮ ᠪᠤᠯ ᠪᠤᠷᠵᠤᠳ ᠬᠠᠰᠤᠨ ᠭᠤᠸᠠᠢ ᠶᠢᠨ ᠤᠷᠤᠨ ᠳᠡᠭᠡᠷ᠎ᠠ ᠪᠠᠨ ᠦᠨᠳᠡᠶᠢᠵᠦ᠂ ᠬᠥᠴᠢᠷ ᠪᠥᠬᠦᠨ ᠢ ᠲᠤᠭᠤᠯᠵᠤ᠂ ᠵᠤᠪᠠᠯ ᠭᠤᠨᠢᠬ ᠪᠥᠬᠦᠨ ᠢ ᠢᠯᠠᠠ ᠳᠠᠪᠠᠵᠤ ᠪᠥᠳᠦᠭᠡᠭᠰᠡᠡ ᠤᠶᠤᠨ ᠤ ᠶᠢᠷᠳᠢᠨᠴᠤ ᠶᠤᠮ᠃ ᠡᠨᠡ ᠶᠢᠷᠳᠢᠨᠴᠤ ᠬᠥᠮᠦᠨ ᠳᠤ ᠵᠤᠷᠢᠬ ᠰᠠᠨᠠᠭ᠎ᠠ᠂ ᠬᠥᠰᠡᠯ ᠰᠡᠳᠬᠢᠯ ᠤᠨ ᠵᠥᠪ ᠦᠭᠡᠳᠡᠷᠡᠭ ᠡᠷᠴᠢ ᠬᠥᠴᠤ ᠶᠢ ᠤᠯᠭᠤᠨ᠎ᠠ ᠭᠡᠳᠡᠭ ᠲᠤ ᠡᠷᠡᠭᠡᠯᠵᠡᠰᠢ ᠥᠬᠡᠢ᠃ ᠬᠥᠮᠦᠨ ᠤ ᠵᠤᠷᠢᠬ ᠲᠡᠪᠴᠢᠶᠠᠷᠢ ᠭᠡᠴᠢᠨᠡᠡ ᠠᠤᠭ᠎ᠠ ᠶᠡᠭᠡ ᠪᠠᠶᠢᠳᠠᠬ ᠭᠡᠳᠡᠭ ᠢ ᠪᠤᠷᠵᠤᠳ ᠬᠠᠰᠤᠨ ᠭᠤᠸᠠᠢ ᠶᠢᠨ ᠪᠦᠳᠦᠬᠡᠵᠦ ᠪᠠᠶᠢᠭ᠎ᠠ ᠨᠤᠮ᠂ ᠥᠷᠴᠢᠯᠡᠭᠡᠰᠤ ᠰᠠᠭᠤᠬᠰᠠᠠ ᠴᠢᠷᠠᠢ᠂ ᠥᠯᠤ ᠰᠢᠨᠳᠡᠷᠠᠬᠴᠢ ᠬᠠᠷᠠᠴᠠ ᠠᠴᠠ ᠨᠢ ᠮᠡᠳᠡᠷᠡᠵᠤ ᠪᠤᠯᠬᠤ ᠶᠤᠮ᠃       ᠬᠠᠰᠤᠨ ᠪᠠᠭᠰᠢ ᠶᠢᠨ ᠠᠰᠠᠷᠠᠬᠴᠢ ᠮᠢᠩᠭ᠎ᠠ ᠮᠠᠨᠢ ᠴᠤ ᠰᠤᠷᠪᠤᠯᠵᠢᠯᠠᠬᠴᠢ ᠳᠤ᠄ ︽ᠪᠢ ᠬᠠᠰᠤᠨ ᠪᠠᠭᠰᠢ ᠶᠢ 10 ᠵᠢᠯ ᠠᠰᠠᠷᠠᠵᠤ ᠪᠠᠶᠢᠨ᠎ᠠ᠃ ᠭᠡᠪᠡᠴᠤ ᠲᠡᠬᠦᠨ ᠤ ᠪᠡᠶ᠎ᠡ ᠨᠢ ᠮᠠᠭᠤᠳᠠᠭᠠᠳ ᠭᠡᠪᠳᠠᠷᠢ ᠳᠤ ᠤᠷᠤᠬᠰᠠᠠ ᠰᠢᠬ ᠪᠤᠯᠪᠠᠴᠤ ᠵᠤᠷᠢᠬ ᠰᠠᠨᠠᠭ᠎ᠠ ᠨᠢ ᠡᠶᠢᠮᠤ ᠬᠠᠳᠠᠭᠤ ᠪᠠᠬᠢ ᠪᠠᠶᠢᠭ᠎ᠠ ᠶᠢ ᠰᠡᠳᠬᠢᠯ ᠠᠴᠠ ᠪᠠᠨ ᠤᠢᠢᠯᠡᠭᠠᠭᠠᠳ ᠶᠠᠭᠠᠬᠢᠬᠤ ᠶᠢᠨ ᠠᠷᠭ᠎ᠠ ᠥᠬᠡᠢ ᠪᠢᠰᠢᠷᠡᠳᠡᠭ᠃ ᠲᠡᠬᠦᠨ ᠤ ᠵᠤᠷᠢᠬ ᠲᠡᠪᠴᠢᠶᠡᠷᠢ ᠶᠢ ᠪᠢᠰᠢᠷᠠᠵᠤ ᠪᠠᠶᠢᠨ᠎ᠠ᠃ ᠥᠪᠡᠷ ᠤᠨ ᠰᠠᠨᠠᠵᠤ ᠪᠤᠳᠤᠬᠰᠠᠠ ᠵᠦᠢᠯ ᠢᠶᠠᠨ ᠡᠳᠦᠷ ᠪᠤᠯᠭᠠᠠ ᠤ ᠪᠠᠷᠢᠮᠳᠠᠯᠠᠯ ᠪᠤᠯᠭᠠᠠ ᠶᠠᠭᠠᠬᠢᠵᠤ ᠡᠪᠡᠳᠴᠤ ᠬᠠᠨᠭ᠍ᠬᠢᠨᠠᠵᠤ ᠪᠠᠶᠢᠬᠰᠠᠠ ᠴᠤ ᠴᠢᠷᠮᠠᠶᠢᠨ ᠲᠠᠮᠠᠴᠠᠨ ᠪᠥᠳᠦᠭᠡᠯ ᠢᠶᠠᠨ ᠪᠢᠴᠢᠬᠦ ᠶᠢ ᠨᠢ ᠥᠵᠡᠭᠡᠳ ᠨᠢᠯᠪᠤᠰᠤ ᠪᠠᠨ ᠨᠢᠭᠤᠨ ᠦᠷᠦᠪᠳᠦᠨ ᠠᠰᠠᠷᠠᠳᠠᠬ︾ ᠬᠡᠮᠡᠨ ᠰᠡᠳᠬᠢᠯ ᠢᠶᠠᠨ ᠲᠡᠷᠤᠵᠦ ᠶᠠᠳᠠᠨ ᠶᠠᠷᠢᠵᠦ ᠪᠠᠶᠢᠬᠰᠠᠨ ᠶᠤᠮ᠃       ᠬᠥᠰᠡᠯᠡᠩ ᠪᠤᠯ ᠵᠠᠮ ᠢ ᠵᠢᠭᠠᠬᠴᠢ ᠭᠡᠷᠡᠯᠳᠤ ᠤᠳᠤᠨ ᠮᠥᠨ᠃ ᠬᠥᠰᠡᠯᠡᠩ ᠤᠨ ᠢᠶᠠᠨ ᠲᠥᠯᠦᠭᠡ ᠲᠡᠮᠡᠴᠡᠬᠦ ᠪᠤᠯ ᠳᠡᠯᠡᠭᠡᠢ ᠳᠡᠭᠡᠷᠡᠬᠢ ᠬᠠᠮᠤᠬ ᠤᠨ ᠶᠡᠭᠡ ᠪᠠᠶᠠᠷ ᠪᠠᠶᠠᠰᠬᠤᠯᠠᠩ ᠲᠠᠢ ᠶᠠᠪᠤᠳᠠᠯ ᠠᠵᠢ᠃ ᠪᠤᠷᠵᠤᠳ ᠬᠠᠰᠤᠨ ᠪᠤᠯ ᠥᠪᠡᠷ ᠤᠨ ᠡᠷᠬᠢᠮ ᠲᠡᠭᠡᠳᠤ ᠬᠥᠰᠡᠯᠡᠩ ᠢᠶᠠᠨ ᠲᠡᠷᠭᠡᠯᠰᠢᠬᠦᠯᠤᠨ᠂ ᠠᠤᠭ᠎ᠠ ᠶᠡᠭᠡ ᠬᠥᠳᠡᠯᠮᠤᠷᠢ᠂ ᠰᠥᠰᠤ ᠵᠤᠷᠢᠬ ᠢᠶᠠᠷ ᠢᠶᠠᠨ ᠪᠤᠰᠤᠳ ᠲᠤ ᠳᠠᠭᠤᠷᠢᠶᠠᠯ ᠪᠤᠯᠵᠤ ᠴᠢᠳᠠᠬᠰᠠᠠ ᠬᠥᠮᠦᠨ᠃ ᠲᠡᠬᠦᠨ ᠤ ᠪᠥᠳᠦᠭᠡᠭᠰᠡᠡ ᠤᠶᠤᠨ ᠤ ᠶᠢᠷᠳᠢᠨᠴᠤ ᠪᠠᠷ ᠠᠶᠠᠯᠠᠬᠤ ᠶᠢᠨ ᠳᠠᠭᠠᠤ᠂ ᠠᠯᠳᠠᠨ ᠳᠡᠯᠡᠭᠡᠢ ᠳᠤ ᠠᠮᠢᠳᠤ ᠮᠡᠨᠳᠤ ᠶᠠᠪᠤᠬᠤ ᠶᠢᠨ ᠥᠯᠵᠡᠶᠢᠳᠠᠢ ᠰᠠᠶᠢᠬᠠᠠ᠂ ᠡᠪᠡᠳᠴᠢᠨ ᠵᠤᠪᠠᠯᠠᠩ ᠥᠬᠡᠢ ᠪᠠᠶᠢᠬᠤ ᠶᠢᠨ ᠵᠢᠷᠭᠠᠯ ᠲᠠᠢ ᠰᠠᠶᠢᠬᠠᠠ ᠢ ᠮᠡᠳᠡᠷᠡᠬᠦ ᠶᠢᠨ ᠬᠠᠮᠳᠤ᠂ ᠪᠠᠰᠠ ᠤᠶᠤᠨ ᠤᠬᠠᠭᠠᠠ ᠤ ᠠᠤᠭ᠎ᠠ ᠶᠡᠭᠡ ᠡᠷᠴᠢ ᠬᠥᠴᠤ ᠶᠢ ᠮᠡᠳᠡᠷᠡᠵᠤ ᠠᠪᠬᠤ ᠶᠤᠰᠤᠳᠠᠢ᠃ ᠡᠨᠡ ᠪᠤᠯ ᠪᠢᠳᠡᠨ ᠤ ᠰᠤᠷᠴᠤ ᠶᠠᠪᠤᠬᠤ᠂ ᠬᠢᠴᠢᠶᠠᠵᠤ ᠶᠠᠪᠤᠬᠤ᠂ ᠤᠯᠠᠮᠵᠢᠯᠠᠵᠤ ᠶᠠᠪᠤᠬᠤ ᠵᠤᠷᠢᠬ ᠰᠠᠨᠠᠭ᠎ᠠ ᠭᠡᠵᠤ ᠪᠢ ᠬᠤᠪᠢᠨ ᠳᠠᠭᠠᠨ ᠪᠤᠳᠤᠨᠠᠮ᠃                                                              ︵ᠵᠣᠬᠢᠶᠠᠭᠴᠢ᠄ ᠡᠷᠳᠡᠨᠢᠴᠡᠴᠡᠭ︶
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号