ᠠᠯᠠᠱᠠ ᠠᠶᠢᠮᠠᠭ ᠪᠠᠶᠢᠭᠤᠯᠤᠭᠳᠠᠭᠰᠠᠠ 40 ᠵᠢᠯ ᠤᠨ ᠤᠢ ᠶᠢ ᠲᠡᠮᠳᠡᠭᠯᠡᠬᠦ ᠠᠯᠠᠱᠠ ᠪᠠᠷᠠᠭᠤᠨ ᠬᠤᠰᠢᠭᠤᠨ ᠤ ᠰᠢᠯᠢᠳᠡᠭ ᠵᠤᠬᠢᠶᠡᠯ ᠤᠨ ᠲᠠᠭᠤᠤ ᠶᠢᠨ ᠱᠠᠩᠨᠠᠯ ᠤᠯᠭᠤᠬᠤ ᠦᠳᠡᠰᠢᠯᠡᠭᠡ ᠶᠠᠪᠤᠭᠳᠡᠯ᠎ᠠ
ᠨᠡᠶᠢᠲᠡᠯᠡᠭᠰᠡᠨ ᠴᠠᠭ᠄
2020/8/24
     8 ᠰᠠᠷ᠎ᠠ ᠶᠢᠨ 20 ᠤ ᠡᠳᠦᠷ ᠤᠨ ᠤᠷᠤᠢ᠂ ᠠᠯᠠᠱᠠ ᠠᠶᠢᠮᠠᠭ ᠪᠠᠶᠢᠭᠤᠯᠤᠭᠳᠠᠭᠰᠠᠠ 40 ᠵᠢᠯ ᠤᠨ ᠤᠢ ᠶᠢ ᠲᠡᠮᠳᠡᠭᠯᠡᠬᠦ ᠠᠯᠠᠱᠠ ᠪᠠᠷᠠᠭᠤᠨ ᠬᠤᠰᠢᠭᠤᠨ ᠤ ᠰᠢᠯᠢᠳᠡᠭ ᠵᠤᠬᠢᠶᠡᠯ ᠤᠨ ᠲᠠᠭᠤᠤ ᠶᠢᠨ ᠰᠢᠯᠭᠠᠷᠠᠭᠤᠯᠤᠯᠳᠡ ᠶᠢᠨ ᠱᠠᠩᠨᠠᠯ ᠤᠯᠭᠤᠬᠤ ᠦᠳᠡᠰᠢᠯᠡᠭᠡ ᠪᠠᠳᠠᠢ ᠶᠢᠨ ᠵᠢᠷᠡᠨ ᠪᠠᠯᠭᠠᠰᠤᠨ ᠤ ᠪᠠᠶ᠋ᠬᠠᠦ᠋ᠨᠳᠦᠷ ᠤᠪᠤᠭ᠎ᠠ ᠶᠢᠨ ᠠᠯᠳᠡᠨ ᠲᠡᠭᠡᠪᠦᠷᠳᠦ ᠤᠷᠳᠦᠨ ᠳᠤ ᠶᠠᠪᠤᠭᠳᠡᠯ᠎ᠠ᠃      ᠲᠤᠰ ᠤᠳᠠᠭᠠᠨ ᠤ ᠠᠵᠢᠯᠯᠠᠭ᠎ᠠ ᠶᠢ ᠠᠯᠠᠱᠠ ᠪᠠᠷᠠᠭᠤᠨ ᠬᠤᠰᠢᠭᠤᠨ ᠤ ᠨᠠᠮ ᠤᠨ ᠬᠤᠷᠢᠶᠡᠨ ᠤ ᠤᠬᠠᠭᠤᠯᠬᠤ ᠬᠡᠯᠳᠡᠰ᠂ ᠠᠯᠠᠱᠠ ᠪᠠᠷᠠᠭᠤᠨ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭ᠎ᠠ ᠠᠴᠠ ᠭᠤᠤᠯᠯᠠᠨ ᠡᠷᠬᠢᠯᠠᠵᠤ᠂ ᠠᠯᠠᠱᠠ ᠪᠠᠷᠠᠭᠤᠨ ᠬᠤᠰᠢᠭᠤᠨ ᠤ ᠤᠯᠠᠭᠠᠨᠮᠦ᠋ᠴᠢᠷ᠂ ᠠᠯᠠᠱᠠ ᠪᠠᠷᠠᠭᠤᠨ ᠬᠤᠰᠢᠭᠤᠨ ᠤ ᠲᠠᠭᠤᠤ ᠬᠦᠭᠵᠢᠮ  ᠵᠤᠭᠢᠶᠠᠯᠴᠢᠳ ᠤᠨ ᠡᠪᠯᠡᠯ ᠠᠴᠠ ᠲᠠᠭᠠᠭᠠᠴᠢᠯᠡᠨ ᠡᠷᠬᠢᠯᠡᠭᠰᠡᠡ ᠪᠠᠶᠢᠨ᠎ᠠ᠃ ᠪᠦᠲᠦᠭᠡᠯ ᠴᠤᠭᠯᠠᠭᠤᠯᠬᠤ ᠠᠵᠢᠯᠯᠠᠭ᠎ᠠ ᠶᠢ ᠰᠠᠷ᠎ᠠ ᠭᠠᠷᠤᠢ ᠶᠢᠨ ᠬᠤᠭᠤᠴᠠᠭ᠎ᠠ ᠲᠠᠢ ᠦᠷᠨᠢᠬᠦᠯᠦᠠ᠂ ᠨᠡᠶᠢᠳᠡ ᠨᠠᠶᠠᠭᠠᠳ ᠪᠦᠲᠦᠭᠡᠯ ᠡᠯᠰᠡᠡ᠂ ᠨᠠᠷᠢᠨ ᠬᠢᠨᠠᠮᠠᠭᠠᠢ ᠰᠢᠭᠰᠢᠯᠳᠡ ᠪᠠᠷ ᠲᠠᠮᠵᠢᠨ 20 ᠪᠦᠳᠦᠭᠡᠯ ᠢ ᠰᠢᠯᠭᠠᠷᠠᠭᠤᠯᠤᠨ ᠭᠠᠷᠭᠠᠭᠰᠠᠠ ᠪᠠᠶᠢᠨ᠎ᠠ᠃ ᠠᠯᠠᠱᠠ ᠪᠠᠷᠠᠭᠤᠨ ᠬᠤᠰᠢᠭᠤᠨ ᠤ ᠲᠠᠭᠤᠤ ᠬᠦᠭᠵᠢᠮ ᠵᠤᠭᠢᠶᠠᠯᠴᠢᠳ ᠤᠨ ᠡᠪᠯᠡᠯ ᠤᠨ ᠲᠡᠷᠢᠭᠦᠯᠡᠭᠴᠢ ᠪᠤᠯᠤᠤᠨ᠄ ︽ᠠᠶᠢᠮᠠᠭ ᠪᠠᠶᠢᠭᠤᠯᠤᠭᠳᠠᠭᠰᠠᠠ 40 ᠵᠢᠯ ᠤᠨ ᠤᠢ ᠶᠢ ᠲᠤᠬᠢᠶᠠᠯᠳᠦᠭᠤᠯᠤᠨ᠂ ᠲᠤᠰ ᠤᠳᠠᠭᠠᠨ ᠤ ᠠᠵᠢᠯᠯᠠᠭ᠎ᠠ ᠶᠢ ᠠᠷᠠᠳ ᠤᠯᠡᠨ ᠳᠠᠭᠠᠨ ᠰᠤᠶᠥᠯ ᠤᠨ ᠬᠦᠷᠳᠡᠭᠡᠯ ᠪᠤᠯᠭᠠᠵᠦ᠂ ᠬᠤᠵᠢᠮ ᠬᠤᠶᠢᠰᠢᠳᠡ ᠶᠢᠨ ᠲᠠᠭᠤᠤ ᠤᠷᠠᠯᠢᠭ ᠤᠨ ᠬᠦᠭᠵᠢᠯᠳᠡ ᠳᠤ ᠲᠠᠶᠢᠴᠢᠯᠠᠬᠤ ᠦᠢᠯᠡᠳᠦᠯ ᠦᠵᠡᠭᠦᠯᠬᠦ ᠵᠤᠷᠢᠯᠭ᠎ᠠ ᠪᠠᠷ ᠡᠷᠬᠢᠯᠡᠨ ᠶᠠᠪᠤᠭᠳᠠᠭᠤᠯᠤᠭᠰᠠᠠ ᠪᠠᠶᠢᠨ᠎ᠠ︾ ᠭᠡᠪᠡ᠃      ᠦᠳᠡᠰᠢᠯᠡᠭᠡ ᠳᠤ ᠠᠯᠠᠱᠠ ᠪᠠᠷᠠᠭᠤᠨ ᠬᠤᠰᠢᠭᠤᠨ ᠤ ᠨᠠᠮ ᠵᠠᠰᠠᠭ ᠤᠨ ᠤᠳᠦᠷᠢᠳᠦᠯᠭ᠎ᠠ᠂ ᠤᠷᠡᠨ ᠪᠦᠲᠦᠭᠡᠯᠴᠢᠳ᠂ ᠨᠡᠶᠢᠬᠡᠮ ᠤᠨ ᠡᠯ᠎ᠠ ᠡᠳᠡᠭᠡᠳ ᠤᠨ ᠬᠢᠨ ᠤᠷᠤᠯᠴᠠᠪᠡ᠃ ᠦᠳᠡᠰᠢᠯᠡᠭᠡ ᠳᠤ 20 ᠵᠤᠬᠢᠶᠡᠯ ᠤᠨ ᠲᠠᠭᠤᠤ ᠶᠢᠨ ᠬᠡᠰᠡᠭ ᠦᠭᠡ᠂ ᠠᠶ᠎ᠠ ᠶᠢᠨ ᠵᠤᠭᠢᠶᠠᠭᠴᠢ ᠶᠢ ᠱᠠᠩᠨᠠᠨ ᠬᠦᠬᠢᠭᠦᠯᠦᠭᠰᠡᠡ ᠤ ᠬᠠᠮᠳᠦ ᠱᠠᠩᠨᠠᠯ ᠤᠯᠤᠭᠰᠠᠠ 20 ᠵᠤᠬᠢᠶᠡᠯ ᠤᠨ ᠲᠠᠭᠤᠤ ᠶᠢ ᠦᠷᠭᠡᠨ ᠤᠯᠡᠨ ᠳᠠᠭᠠᠨ ᠲᠠᠭᠤᠯᠠᠠ ᠰᠤᠨᠢᠷᠬᠠᠭᠤᠯᠪᠡ᠃                                                      ︵ᠵᠣᠬᠢᠶᠠᠭᠴᠢ᠄ ᠰᠤᠳᠦᠨ    ᠭᠤᠸ᠎ᠠ︶
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号