ᠬᠦᠮᠦᠨ ᠴᠢᠯᠠᠭᠤ
ᠨᠡᠶᠢᠲᠡᠯᠡᠭᠰᠡᠨ ᠴᠠᠭ᠄
2020/8/21
ᠬᠦᠬᠡ ᠲᠡᠭᠷᠢ ᠠᠴᠠ ᠲᠤᠯᠤᠭᠠᠢ ᠪᠠᠨ ᠨᠡᠬᠡᠵᠦᠬᠦᠮᠦᠨ ᠴᠢᠯᠠᠭᠤ ᠲᠠᠯ᠎ᠠ ᠶᠢᠨ ᠳᠤᠮᠳᠠ ᠲᠤᠷᠦ᠋ᠢᠨ᠎ᠠᠠᠯᠳᠠᠭᠳᠠᠭᠰᠠᠨ ᠭᠠᠷ ᠢᠶᠠᠨ ᠬᠦᠯᠢᠶᠡᠵᠦᠠᠳᠤᠭᠤᠨ ᠤ ᠲᠤᠭᠤᠰᠤᠨ ᠳᠤ ᠲᠤᠭᠵᠢᠷᠠᠨ᠎ᠠ᠂ᠬᠡᠨ ᠢ ᠴᠤ ᠲᠤᠭᠤᠵᠤ ᠬᠠᠷᠠᠭ᠎ᠠ ᠦᠭᠡᠢᠨᠢᠳᠦ ᠶᠢ ᠨᠢ ᠡᠷᠢᠵᠦ ᠬᠡᠷᠢᠶ᠎ᠡ ᠭᠤᠸᠠᠭᠯᠠᠨ᠎ᠠᠬᠡᠵᠢᠶ᠎ᠡ ᠴᠦ ᠬᠠᠶᠢᠵᠤ ᠤᠯᠳᠠᠬᠤ ᠦᠭᠡᠢᠰᠢᠳᠦ ᠶᠢ ᠨᠢ ᠦᠭᠡᠶᠢᠯᠡᠵᠦ ᠡᠷᠢᠯᠴᠢᠳ ᠲᠦᠭᠡᠷᠢᠨ᠎ᠡ᠃ᠴᠢᠰᠦ ᠨᠢ ᠭᠠᠵᠠᠷ ᠤᠨ ᠰᠤᠳᠠᠰᠤᠨ ᠳᠤ ᠯᠤᠭᠰᠢᠵᠤᠰᠦᠨᠡᠰᠦ ᠨᠢ ᠨᠡᠭᠦᠳᠡᠯ ᠳᠠᠭᠠᠵᠤ ᠠᠮᠢᠯᠠᠭᠰᠠᠨᠨᠠᠰᠤ ᠨᠢ ᠭᠠᠯᠪᠠ ᠶᠢᠨ ᠴᠡᠭᠡᠯ ᠳᠤ ᠴᠢᠯᠠᠭᠤᠵᠢᠵᠤᠨᠠᠷᠠᠳᠤ ᠳᠤ ᠤᠨᠢᠰᠤᠭ᠎ᠠ ᠪᠤᠯᠤᠨ ᠬᠤᠴᠤᠷᠤᠭᠰᠠᠨᠬᠦᠮᠦᠨ ᠴᠢᠯᠠᠭᠤᠨ ᠤ ᠨᠠᠮᠲᠠᠷ ᠢᠮᠦᠩᠬᠡ ᠬᠦᠬᠡ ᠲᠡᠭᠷᠢ ᠯᠡ ᠮᠡᠳᠡᠨ᠎ᠡ᠂ᠮᠦᠷᠳᠡᠵᠦ ᠢᠷᠡᠭᠰᠡᠨ ᠤᠨ ᠵᠢᠯ ᠤᠳ ᠢ ᠨᠢᠮᠦᠷᠦ ᠪᠠᠷ ᠢᠶᠠᠨ ᠲᠤᠯᠤᠭᠰᠠᠨ ᠲᠡᠪᠴᠢᠶᠡᠷᠢ ᠨᠢ ᠯᠡ ᠮᠡᠳᠡᠨ᠎ᠡ᠃ᠪᠡᠭᠡᠷᠡᠭᠰᠡᠨ ᠪᠡᠶ᠎ᠡ ᠶᠢ ᠨᠢ ᠬᠤᠴᠢᠵᠤ ᠴᠠᠰᠤ ᠬᠠᠶᠠᠯᠠᠬᠤ ᠳᠤᠳᠤᠲᠤᠷ᠎ᠠ ᠠᠴᠠ ᠪᠠᠨ ᠬᠦᠯᠦᠷᠡᠵᠦ ᠳᠤᠯᠠᠭᠠᠴᠠᠭᠰᠠᠨᠪᠤᠬᠢᠷᠠᠭᠰᠠᠨ ᠬᠦᠯ ᠢ ᠨᠢ ᠠᠮᠠᠷᠠᠭᠠᠵᠤ ᠡᠪᠡᠰᠦ ᠨᠢᠯᠬᠠᠷᠠᠬᠤ ᠳᠤᠳᠤᠤᠷ᠎ᠠ ᠠᠴᠠ ᠪᠠᠨ ᠬᠦᠴᠦ ᠠᠪᠴᠤ ᠲᠡᠩᠬᠡᠭᠡᠷᠡᠭᠰᠡᠨᠬᠠᠭᠠᠷᠬᠠᠢ ᠮᠦᠷᠦ ᠶᠢ ᠨᠢ ᠬᠦᠪᠦᠷᠢᠳᠬᠦ ᠭᠡᠵᠦᠨᠠᠷᠠᠨ ᠤ ᠤᠭᠤᠷᠠᠭ ᠬᠡᠯᠡᠬᠡᠶᠢᠷᠡᠭᠰᠡᠨᠬᠠᠯᠴᠠᠷᠬᠠᠢ ᠲᠤᠬᠤᠢ ᠶᠢ ᠨᠢ ᠠᠨᠠᠭᠠᠬᠤ ᠭᠡᠵᠦᠰᠠᠯᠬᠢᠨ ᠤ ᠤᠷ᠎ᠠ ᠴᠠᠯᠠᠭᠠᠶᠢᠷᠠᠭᠰᠠᠨᠲᠤᠭᠤᠯ ᠤᠨ ᠪᠡᠯᠴᠢᠭᠡᠷ ᠬᠠᠷᠠᠭᠤᠯᠳᠠᠵᠤ ᠤᠳᠠᠭᠰᠠᠨ ᠬᠦᠮᠦᠨ ᠴᠢᠯᠠᠭᠤᠨ ᠤᠲᠤᠯᠤᠭᠠᠢ ᠨᠢ ᠬᠠᠮᠢᠭᠠᠰᠢ ᠶᠠᠪᠤᠭᠰᠠᠨ ᠢ ᠬᠠᠷᠠᠭᠰᠠᠨ ᠬᠦᠮᠦᠨ ᠠᠯᠠᠭ᠎ᠠᠳᠤᠷᠤᠨ᠎ᠠ ᠶᠢᠨ ᠲᠠᠯ᠎ᠠ ᠶᠢᠨ ᠶᠤᠭᠲᠠ ᠪᠤᠯᠤᠭᠰᠠᠨ ᠡᠨᠡ ᠴᠢᠯᠠᠭᠤᠨ ᠤᠳᠤᠮᠤᠭ ᠲᠤᠤᠯᠢ ᠶᠢ ᠦᠭᠦᠯᠡᠬᠦ ᠬᠦᠮᠦᠨ ᠴᠦ ᠪᠠᠰᠠ ᠠᠯᠠᠭ᠎ᠠ ᠡ︕ᠡᠭᠰᠢᠭᠰᠡᠨ ᠨᠢᠯᠪᠤᠰᠤ ᠪᠠᠨ ᠳᠡᠪᠲᠤᠭᠡᠵᠦᠪᠤᠷᠤᠭᠠᠨ ᠳᠤ ᠨᠤᠷᠬᠤ ᠨᠢ ᠦᠪᠡᠷ ᠢ ᠪᠠᠨ ᠠᠷᠭᠠᠳᠠᠭᠰᠠᠨ ᠤ ᠬᠢᠡᠪᠳᠡᠷᠡᠭᠰᠡᠨ ᠪᠠᠭᠤᠷᠢ ᠪᠠᠨ ᠪᠠᠷᠠᠳᠠᠵᠤᠪᠡᠶ᠎ᠡ ᠪᠠᠨ ᠴᠦᠯᠡᠭᠰᠡᠨ ᠨᠢ ᠦᠷᠦᠭᠡᠯ ᠢ ᠢᠷᠯᠡᠭᠰᠡᠨ ᠤ ᠬᠢᠡᠪᠡᠷᠰᠢᠶᠡᠭᠰᠡᠨ ᠪᠤᠳᠤᠯ ᠤᠨ ᠢᠶᠠᠨ ᠤᠴᠢᠭ ᠢ ᠳᠠᠯᠳᠠᠯᠠᠵᠤᠪᠢᠲᠡᠭᠦᠦ ᠭᠤᠨᠢᠭᠯᠠᠭᠰᠠᠨ ᠨᠢ ᠮᠦᠷᠦᠭᠡᠳᠦᠯ ᠢᠶᠠᠨ ᠨᠢᠭᠤᠭᠰᠠᠨ ᠤ ᠬᠢᠡᠪᠬᠡᠷᠡᠭᠰᠡᠨ ᠡᠭᠦᠯᠡᠰ ᠤᠨ ᠰᠡᠭᠦᠳᠡᠷ ᠢᠶᠠᠷ ᠤᠷᠢᠶᠠᠯᠭᠠᠵᠤᠪᠤᠰᠤᠭ᠎ᠠ ᠮᠦᠩᠬᠡᠷᠡᠭᠰᠡᠨ ᠨᠢ ᠵᠤᠷᠢᠭ ᠢᠶᠠᠨ ᠲᠤᠯᠤᠭᠰᠠᠨ ᠤ ᠬᠢᠤᠳᠤᠳ ᠤᠨ ᠴᠡᠭᠡᠨ ᠭᠡᠷᠡᠯ ᠤᠭᠤᠴᠢᠯᠠᠵᠤᠤᠶᠢᠳᠬᠠᠷ ᠪᠤᠬᠢᠨᠢᠳᠤᠯ ᠤᠨ ᠰᠡᠪᠬᠡ ᠪᠠᠨ ᠠᠷᠢᠯᠭᠠᠭᠰᠠᠨ ᠬᠦᠮᠦᠨ ᠴᠢᠯᠠᠭᠤᠦᠨᠢ ᠬᠤᠯᠠ ᠶᠢᠨ ᠦᠯᠢᠭᠡᠷ ᠴᠦᠷᠬᠡᠯᠡᠭᠰᠡᠨᠦᠨᠡᠨ ᠤ ᠲᠠᠮᠠᠭ᠎ᠠ ᠲᠠᠢ ᠡᠨᠡ ᠴᠢᠯᠠᠭᠤ᠂ ᠬᠦᠨ ᠤᠬᠠᠭᠠᠨ ᠤ ᠴᠢᠯᠠᠭᠤ ᠡ︕                                                    ︵ᠵᠣᠬᠢᠶᠠᠭᠴᠢ᠄ ᠮᠦᠩᠬᠡᠵᠢᠷᠭᠠᠯ︶
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号