ᠠᠯᠠᠱᠠ ᠶᠢᠨ ᠮᠤᠩᠭᠤᠯ ᠮᠦᠰᠯᠢᠮᠴᠤᠳ ᠤᠨ ᠵᠠᠩ ᠵᠡᠩᠰᠢᠯ ᠪᠡ ᠴᠡᠬᠡᠷᠯᠡᠯ
ᠨᠡᠶᠢᠲᠡᠯᠡᠭᠰᠡᠨ ᠴᠠᠭ᠄
2020/8/19
      ᠠᠯᠠᠱᠠ ᠶᠢᠨ ᠮᠤᠩᠭᠤᠯ ᠮᠦᠰᠯᠢᠮᠴᠤᠳ ᠤᠬ ᠠᠴᠠ ᠲᠡᠷᠡᠬᠠᠢ ᠪᠤᠳᠠᠷᠬᠠᠢ ᠰᠠᠭᠤᠵᠦ ᠨᠡᠭᠦᠳᠡᠯᠯᠡᠨ ᠮᠠᠯᠵᠢᠬᠤ ᠠᠮᠢᠳᠤᠷᠡᠯ ᠢ ᠬᠢᠭᠰᠡᠭᠡᠷ ᠢᠷᠡᠭᠰᠡᠨ ᠲᠤᠯᠠ ᠪᠦᠷ ᠮᠤᠩᠭᠤᠯ ᠬᠡᠷ ᠢᠶᠠᠷ ᠤᠷᠤᠨ ᠰᠠᠭᠤᠴᠠ ᠪᠠᠨ ᠪᠤᠯᠭᠠᠵᠦ᠂ ᠲᠦᠷ ᠴᠠᠬ ᠤᠨ ᠤᠳᠤᠷ ᠨᠡᠭᠦᠳᠡᠯ ᠬᠢᠬᠦ ᠳᠤ ᠲᠦᠭᠦᠮ ᠢ ᠪᠤᠳᠤᠵᠦ ᠤᠯᠠᠩᠬᠢ ᠳᠠᠭᠠᠨ ᠴᠡᠬᠡᠵᠢᠨ ᠬᠡᠷ ᠪᠤᠶᠤ ᠮᠠᠶᠢᠬᠠᠨ ᠢᠶᠠᠷ ᠤᠳᠤᠷᠯᠠᠳᠠᠬ ᠪᠠᠶᠢᠪᠠ᠃       ᠠᠮᠢᠳᠤᠷᠡᠯ ᠤᠨ ᠨᠦᠬᠦᠴᠡᠯ ᠪᠡ ᠡᠷᠤᠬᠡ ᠬᠡᠷ ᠤᠨ ᠬᠦᠮᠦᠨ ᠠᠮᠠ ᠶᠢᠨ ᠤᠯᠠᠨ ᠴᠦᠬᠡᠨ ᠠᠳᠠᠯᠢ ᠦᠬᠡᠢ ᠲᠤᠯᠠ ᠪᠠᠶᠠᠨ ᠴᠢᠨᠡᠬᠡᠯᠢᠭ ᠪᠤᠶᠤ ᠬᠦᠮᠦᠨ ᠠᠮᠠ ᠤᠯᠠᠨ ᠡᠷᠦᠬᠡ ᠨᠢ ᠬᠤᠶᠡᠷ ᠪᠤᠶᠤ ᠬᠤᠶᠡᠷ ᠠᠴᠠ ᠲᠡᠬᠡᠭᠰᠢ ᠮᠤᠩᠭᠤᠯ ᠭᠡᠷ ᠲᠤ ᠰᠠᠭᠤᠵᠦ᠂ ᠤᠯᠠᠩᠬᠢ ᠡᠷᠦᠬᠡ ᠨᠦᠭᠦᠳ ᠪᠠᠷᠤᠭ ᠨᠢᠬᠡ ᠭᠡᠷ ᠢᠶᠠᠷ ᠠᠮᠢᠳᠤᠷᠠᠳᠠᠬ᠃ ᠵᠢᠯ ᠴᠠᠭᠠᠨ ᠰᠠᠷ᠎ᠠ ᠰᠢᠨᠡᠪᠳᠤᠷ ᠬᠡᠷ ᠨᠡᠮᠡᠵᠦ ᠪᠠᠷᠢᠭᠠᠳ ᠬᠡᠶᠢᠴᠢᠨ ᠵᠤᠴᠢᠨ ᠲᠠᠶᠢᠯᠠᠬᠤ᠂ ᠨᠠᠶᠢᠷ ᠴᠡᠩᠬᠡᠯᠬᠡ ᠬᠢᠬᠦ ᠳᠤ ᠵᠤᠷᠢᠭᠤᠯᠳᠠᠬ ᠶᠤᠮ᠃ ᠡ᠊ᠩ ᠤᠨ ᠴᠠᠬ ᠲᠠᠭᠠᠨ ᠬᠦᠭᠰᠢᠨ ᠵᠠᠯᠠᠭᠤ᠂ ᠬᠡᠤᠬᠡᠳ ᠨᠢᠯᠬ᠎ᠠ ᠪᠦᠬᠦᠳᠡᠭᠡᠷ ᠨᠢᠬᠡ ᠭᠡᠷ ᠲᠤ ᠠᠮᠢᠳᠤᠷᠡᠵᠦ᠂ ᠵᠤᠴᠢᠨ ᠢ ᠲᠤᠰᠴᠦ ᠬᠦᠨᠳᠦᠯᠡᠬᠦ ᠳᠤ ᠮᠦᠨ ᠬᠡᠷ ᠲᠡᠭᠡᠨ ᠬᠢᠳᠡᠭ ᠪᠤᠯᠬᠤᠷ ᠮᠤᠩᠭᠤᠯ ᠭᠡᠷ ᠤᠨ ᠶᠤᠰᠤ ᠵᠢᠷᠤᠮ ᠴᠤ ᠮᠦᠨ ᠠᠷᠪᠢᠨ ᠪᠠᠶᠢᠳᠠᠬ ᠶᠤᠮ᠃       ᠮᠤᠩᠭᠤᠯ ᠭᠡᠷ ᠲᠤ ᠤᠷᠤᠬᠤ ᠳᠤ ᠢᠰᠠᠬᠡᠢ ᠡᠭᠦᠳᠡ ᠶᠢ ᠪᠠᠷᠠᠭᠤᠨ ᠭᠠᠷ ᠢᠶᠠᠷ ᠡᠬᠦᠳᠡᠨ ᠤ ᠵᠦᠪ ᠲᠠᠯ᠎ᠠ ᠠᠴᠠ ᠡᠷᠭᠦᠵᠦ ᠪᠠᠷᠠᠭᠤᠨ ᠬᠦᠯ ᠢᠶᠠᠷ ᠢᠶᠠᠨ ᠠᠯᠬᠤᠵᠦ ᠤᠷᠤᠬᠤ ᠬᠡᠷᠡᠭᠳᠡᠢ᠃ ᠠᠶᠢᠯ ᠤᠨ ᠭᠠᠳᠠᠨ᠎ᠠ ᠪᠠᠭᠤᠵᠦ ᠮᠤᠷᠢ ᠲᠡᠮᠡᠭᠡ ᠪᠠᠨ ᠱᠤᠩ ᠪᠤᠶᠤ ᠵᠡᠯ᠎ᠡ ᠠᠴᠠ ᠤᠶᠠᠵᠦ᠂ ᠮᠤᠩᠭᠤᠯ ᠭᠡᠷ ᠤᠨ ᠪᠦᠰᠡ ᠠᠴᠠ ᠤᠶᠠᠬᠤ᠂ ᠲᠡᠪᠡᠯ ᠤᠨ ᠬᠤᠷᠮᠤᠢ ᠪᠠᠨ ᠰᠢᠭᠤᠬᠰᠠᠨ ᠶᠤᠰᠤᠭᠠᠷ ᠬᠡᠷ ᠲᠤ ᠤᠷᠤᠬᠤ᠂ ᠲᠠᠰᠢᠭᠤᠷ ᠢᠶᠠᠨ ᠪᠠᠷᠢᠵᠦ ᠤᠷᠤᠬᠤ᠂ ᠫᠤᠤ ᠰᠠᠭᠠᠳᠠᠬ ᠢᠶᠠᠨ ᠡᠭᠦᠷᠴᠦ ᠤᠷᠤᠬᠤ ᠵᠡᠷᠬᠡ ᠶᠢ ᠲᠤᠩ ᠴᠡᠭᠡᠷᠯᠡᠳᠡᠭ ᠶᠤᠮ᠃ ᠭᠡᠷ ᠲᠤ ᠤᠷᠤᠬᠰᠠᠨ ᠬᠤᠶᠢᠨ᠎ᠠ ᠶᠠᠮᠠᠷᠴᠦ ᠬᠦᠮᠦᠨ ᠬᠡᠳ ᠭᠠᠯ ᠲᠤᠯᠭ᠎ᠠ ᠶᠢ ᠲᠤᠭᠤᠷᠢᠵᠦ ᠶᠠᠪᠤᠬᠤ ᠬᠡᠷᠡᠭᠳᠡᠢ᠂ ᠬᠠᠷᠢᠨ ᠲᠡᠭᠡᠭᠦᠷ ᠨᠢ ᠠᠯᠬᠤᠵᠦ ᠭᠠᠷᠪᠠᠯ ᠭᠠᠯ ᠪᠤᠵᠡᠷᠳᠡᠨ᠎ᠠ ᠬᠡᠵᠦ ᠴᠡᠬᠡᠷᠯᠡᠳᠡᠭ᠃ ᠭᠡᠷ ᠲᠤ ᠤᠷᠤᠪᠠᠯ ᠲᠤᠯᠭᠠᠨ ᠤ ᠪᠠᠷᠠᠭᠤᠨ ᠲᠠᠯ᠎ᠠ ᠪᠠᠷ ᠬᠡᠶᠢᠴᠢᠨ ᠵᠤᠴᠢᠨ ᠰᠠᠭᠤᠬᠤ᠂ ᠬᠤᠶᠢᠮᠤᠷ ᠬᠦᠭᠰᠢᠳ᠂ ᠭᠡᠷ ᠤᠨ ᠡᠵᠡᠨ ᠰᠠᠭᠤᠵᠦ᠂ ᠵᠡᠬᠦᠨ ᠲᠠᠯ᠎ᠠ ᠪᠠᠷ ᠭᠡᠦᠭᠡᠨ ᠪᠡᠷᠢᠶᠡᠳ ᠰᠠᠭᠤᠳᠠᠬ ᠶᠤᠰᠤᠳᠡᠢ᠃ ᠰᠦᠨᠢ ᠤᠨᠳᠠᠵᠦ ᠠᠮᠠᠷᠠᠬᠤ ᠳᠤ ᠴᠤ ᠡᠶᠢᠮᠤ ᠪᠠᠶᠢᠳᠠᠬ ᠶᠤᠮ᠃ ᠮᠤᠩᠭᠤᠯ ᠭᠡᠷ ᠤᠨ ᠬᠠᠭᠠᠯᠭᠠᠨ ᠤ ᠬᠠᠵᠠᠭᠤ ᠲᠠᠯ᠎ᠠ ᠳᠠᠬᠢ ᠬᠠᠮᠤᠬ ᠤᠨ ᠤᠬᠤᠷᠬᠠᠨ ᠬᠠᠨ᠎ᠠ ᠶᠢᠨ ᠲᠤᠯᠤᠭᠠᠢ ᠶᠢ ᠦᠨᠤᠴᠢᠨ ᠬᠠᠨ᠎ᠠ ᠬᠡᠮᠡᠨ ᠲᠡᠭᠦᠨ ᠠᠴᠠ ᠶᠠᠭᠤᠮ᠎ᠠ ᠲᠡᠭᠦᠵᠢᠯᠡᠪᠠᠯ ᠨᠢᠬᠦᠯ ᠵᠤᠪᠠᠯᠡᠩ ᠪᠤᠯᠤᠨ᠎ᠠ ᠬᠡᠵᠦ ᠴᠡᠬᠡᠷᠯᠡᠳᠡᠭ᠃       ᠮᠤᠩᠭᠤᠯ ᠮᠦᠰᠯᠢᠮᠴᠤᠳ ᠤᠨ ᠢᠳᠡᠰᠢ ᠤᠤᠭᠤᠰᠢ ᠶᠢᠨ ᠲᠠᠯ᠎ᠠ ᠪᠠᠷ ᠡᠳᠤᠷ ᠪᠤᠯᠭᠠᠨ ᠡᠷᠳᠡ ᠶᠢᠨ ᠴᠠᠢ᠂ ᠦᠳᠡ ᠤᠷᠤᠢ ᠬᠤᠭᠤᠯᠠ ᠪᠤᠳᠠᠭ᠎ᠠ ᠬᠢᠵᠦ ᠢᠳᠡᠳᠡᠭ ᠵᠠᠩᠰᠢᠯ ᠲᠠᠢ ᠪᠦᠬᠡᠳ ᠠᠮᠤ ᠬᠦᠨᠡᠰᠤ ᠬᠤᠪᠤᠷ ᠦᠶᠡᠰ ᠮᠢᠬᠠᠨ ᠢᠳᠡᠬᠡᠨ ᠢᠶᠠᠷ ᠭᠤᠤᠯ ᠪᠤᠯᠭᠠᠳᠠᠬ᠃ ᠮᠢᠬᠠᠨ ᠢᠳᠡᠬᠡᠨ ᠤ ᠲᠠᠯ᠎ᠠ ᠪᠠᠷ ᠴᠡᠭᠡᠷ ᠰᠡᠵᠢᠭᠯᠡᠯ ᠴᠤ ᠠᠷᠪᠢᠨ ᠪᠠᠶᠢᠳᠠᠬ᠃ ᠦᠬᠡᠷ᠂ ᠲᠡᠮᠡᠭᠡ᠂ ᠬᠤᠨᠢ᠂ ᠢᠮᠡᠭᠠᠨ ᠮᠢᠬ᠎ᠠ ᠶᠢ ᠭᠤᠤᠯᠴᠠᠭᠤ ᠢᠳᠡᠨ᠎ᠠ᠃ ᠢᠰᠯᠡᠮ ᠰᠢᠳᠦᠯᠬᠡ ᠶᠢᠨ ᠪᠤᠰᠤ ᠬᠦᠮᠦᠰ ᠤᠨ ᠪᠤᠶᠤ ᠨᠤᠮ ᠤᠩᠰᠢᠯᠭ᠎ᠠ ᠦᠬᠡᠢ ᠪᠠᠷ ᠵᠠᠷᠤᠬᠰᠠᠨ ᠮᠠᠯ ᠤᠨ ᠮᠢᠬ᠎ᠠ᠂ ᠭᠤᠬ᠎ᠠ ᠬᠤᠩᠰᠢᠶᠠᠷ ᠲᠠᠢ ᠵᠢᠭᠦᠷᠳᠡᠨ ᠤ ᠮᠢᠬ᠎ᠠ᠂ ᠭᠠᠭ᠋ᠠᠢ ᠶᠢᠨ ᠮᠢᠬ᠎ᠠ᠂ ᠬᠡᠪᠢᠯᠬᠡ ᠦᠬᠡᠢ ᠮᠠᠯ ᠤᠨ ᠮᠢᠬ᠎ᠠ᠂ ᠬᠦᠨᠳᠦ ᠶᠢᠨ ᠬᠡᠮᠵᠢᠶᠠᠨ ᠠᠴᠠ ᠲᠠᠪᠠᠭᠰᠠᠨ ᠵᠢᠭᠠᠰᠤᠨ ᠮᠢᠬ᠎ᠠ᠂ ᠦᠬᠦᠭᠰᠡᠨ ᠮᠠᠯ ᠤᠨ ᠮᠢᠬ᠎ᠠ ᠵᠡᠷᠭᠡ ᠶᠢ ᠢᠳᠡᠬᠦ ᠶᠢ ᠤᠨᠴᠠ ᠴᠡᠬᠡᠷᠯᠠᠳᠡᠭ᠃ ᠮᠠᠯ ᠵᠠᠷᠤᠬᠤ ᠳᠤ ᠵᠠᠪᠠᠯ ᠠᠬᠤᠡᠭ᠂ ᠮᠤᠯᠤ ᠬᠦᠮᠦᠨ ᠤᠷᠢᠳᠠᠪᠠᠷ ᠪᠡᠶ᠎ᠠ ᠪᠠᠨ ᠤᠬᠢᠶᠠᠵᠦ ᠴᠡᠪᠡᠷᠯᠡᠭᠡᠳ᠂ ᠵᠠᠷᠤᠬᠤ ᠦᠶ᠎ᠡ ᠤᠯᠠᠨ ᠳᠠᠭᠠᠨ ︽ᠲᠡᠪᠭᠡᠷ︾ ︵ᠨᠤᠮ︶ ᠤᠩᠰᠢᠵᠦ᠂ ᠬᠤᠷᠴᠠ ᠬᠢᠳᠤᠭ᠎ᠠ ᠪᠠᠷ ᠮᠠᠯ ᠤᠨ ᠬᠤᠭᠤᠯᠠᠢ ᠶᠢ ᠨᠢᠬᠡ ᠲᠠᠷᠤᠯᠭ᠎ᠠ ᠪᠠᠷ ᠤᠬᠳᠤᠯᠤᠭᠠᠳ ᠭᠠᠷ ᠲᠠᠬᠢ ᠬᠢᠳᠤᠭ᠎ᠠ ᠪᠠᠨ ᠬᠠᠶᠠᠵᠦ ᠶᠠᠪᠤᠭᠤᠯᠳᠠᠬ ᠶᠤᠰᠤᠳᠡᠢ᠃ ᠡᠬᠦᠨ ᠢ ᠪᠤᠭᠤᠷᠯᠠᠵᠦ ᠵᠠᠷᠤᠨ᠎ᠠ ᠬᠡᠳᠡᠭ᠃ ᠬᠠᠷᠢᠨ ᠦᠷᠦᠴᠡᠯᠡᠵᠦ᠂ ᠨᠤᠭᠤᠰᠤᠯᠠᠵᠦ᠂ ᠪᠠᠭᠤᠯᠵᠤᠤᠷᠳᠡᠵᠦ ᠠᠯᠠᠬᠤ ᠶᠢ ᠲᠤᠩ ᠴᠡᠭᠡᠷᠯᠡᠨ᠎ᠠ᠃ ᠡᠷᠳᠡ ᠳᠡᠭᠡᠨ ᠲᠡᠮᠡᠭᠡ ᠶᠢ ᠬᠦᠯᠦᠰᠢᠨ ᠤᠨᠤᠭ᠎ᠠ᠂ ᠲᠤᠰᠠᠲᠠᠢ ᠠᠮᠢᠳᠡᠨ ᠬᠡᠵᠦ ᠮᠢᠬ᠎ᠠ ᠶᠢ ᠨᠢ ᠢᠳᠡᠳᠡᠭ ᠦᠬᠡᠢ ᠪᠠᠶᠢᠪᠡ᠂ ᠵᠢᠷᠡᠭᠠᠳ ᠤᠨ ᠠᠴᠠ ᠡᠬᠢᠯᠡᠨ ᠠᠬᠤᠡᠭ᠂ ᠮᠤᠯᠤ ᠲᠡᠮᠡᠭᠡ ᠵᠠᠷᠤᠬᠤ ᠪᠤᠯᠤᠬᠰᠠᠨ ᠠᠴᠠ ᠮᠢᠬ᠎ᠠ ᠶᠢ ᠨᠢ ᠢᠳᠡᠬᠦ ᠪᠤᠯᠤᠬᠰᠠᠨ ᠶᠤᠮ᠃ ᠠᠬᠤᠡᠭ᠂ ᠮᠤᠯᠤ ᠵᠠᠷᠤᠬᠰᠠᠨ ᠴᠤ ᠮᠠᠯ ᠤᠨ ᠲᠡᠷᠢᠬᠢ᠂ ᠴᠢᠰᠤ᠂ ᠨᠦᠢᠷ᠂ ᠮᠤᠩᠬᠠᠬ᠂ ᠨᠤᠭᠤᠰᠤ ᠵᠡᠷᠭᠡ ᠶᠢ ᠢᠳᠡᠳᠡᠭ ᠦᠬᠡᠢ᠂ ᠢᠯᠡᠩᠭᠤᠶ᠎ᠠ ᠬᠡᠤᠬᠡᠳ ᠪᠠᠭᠠᠴᠤᠳ ᠲᠠᠷᠢᠬᠢ ᠢᠳᠡᠪᠡᠯ ᠲᠡᠨᠡᠭ ᠪᠤᠯᠳᠠᠬ᠂ ᠬᠡᠯᠡ ᠢᠳᠡᠪᠡᠯ ᠬᠡᠷᠡᠭᠦᠯᠴᠢ ᠪᠤᠯᠳᠠᠬ ᠬᠡᠬᠦ ᠪᠤᠶᠤ ᠬᠡᠯᠡ ᠠᠮᠠᠨ ᠳᠤ ᠤᠷᠤᠨ᠎ᠠ ᠬᠡᠵᠦ ᠢᠳᠡᠬᠦ ᠶᠢ ᠴᠡᠬᠡᠷᠯᠡᠨ᠎ᠠ᠃ ᠲᠠᠯᠤᠨ ᠤ ᠮᠢᠬ᠎ᠠ ᠶᠢ ᠲᠡᠯᠡᠨ ᠨᠠᠰᠤ ᠬᠦᠷᠬᠦ ᠦᠬᠡᠢ ᠪᠤᠯ ᠭᠠᠭᠴᠠᠭᠠᠷ ᠢᠳᠡᠳᠡᠭ ᠦᠬᠡᠢ᠂ ᠵᠠᠪᠠᠯ ᠲᠠᠶᠠᠭᠠᠷ ᠬᠤᠪᠢᠶᠠᠵᠦ ᠢᠳᠡᠳᠡᠭ ᠪᠦᠬᠡᠳ ᠰᠢᠳᠦ ᠪᠠᠷ ᠢᠶᠠᠨ ᠬᠠᠭᠤᠯᠵᠦ ᠢᠳᠡᠳᠡᠭ ᠦᠬᠡᠢ᠂ ᠬᠢᠳᠤᠭ᠎ᠠ ᠪᠠᠷ ᠵᠦᠰᠦᠵᠦ ᠢᠳᠡᠳᠡᠭ ᠵᠠᠩᠰᠢᠯ ᠲᠠᠢ᠃ ᠬᠠᠷ᠎ᠠ ᠴᠢᠮᠦᠬᠡᠨ ᠶᠠᠰᠤ ᠶᠢ ᠠᠶᠢᠯ ᠤᠨ ᠭᠠᠭᠴᠠ ᠬᠦᠪᠡᠬᠦᠨ ᠤ ᠬᠠᠨᠢ ᠬᠡᠵᠦ ᠦᠵᠡᠳᠡᠭ ᠠᠴᠠ ᠬᠤᠭᠤᠯᠬᠤ ᠶᠢ ᠴᠡᠭᠡᠷᠯᠡᠳᠡᠭ ᠤᠴᠢᠷ ᠪᠤᠢ᠃       ᠮᠤᠩᠭᠤᠯ ᠮᠦᠰᠯᠢᠮᠴᠤᠳ ᠮᠢᠬᠠᠨ ᠢᠳᠠᠬᠡᠨ ᠤ ᠲᠠᠯ᠎ᠠ ᠪᠠᠷ ᠠᠷᠪᠢᠨ ᠴᠡᠬᠡᠷᠯᠡᠯ ᠲᠠᠢ ᠲᠤᠯᠠ᠂ ᠭᠠᠳᠠᠨ᠎ᠠ ᠲᠤᠳᠤᠨ᠎ᠠ ᠶᠠᠪᠤᠬᠤ ᠪᠡ ᠢᠰᠯᠠᠮ ᠪᠤᠰᠤ ᠠᠶᠢᠯ ᠡᠷᠤᠬᠡ ᠳᠤ ᠤᠴᠢᠭᠠᠳ ᠤᠮᠳᠠ ᠬᠤᠭᠤᠯᠠ ᠢᠳᠡᠬᠦ ᠶᠢ ᠴᠡᠭᠡᠷᠯᠡᠳᠡᠭ ᠶᠤᠮ᠃ ᠢᠯᠡᠩᠭᠤᠶ᠎ᠠ ᠲᠠᠨᠢᠵᠤ ᠮᠡᠳᠡᠬᠦ ᠦᠬᠡᠢ ᠠᠶᠢᠯ ᠳᠤ ᠤᠴᠢᠭᠠᠳ ᠲᠡᠳᠡᠨ ᠤ ᠠᠶᠠᠭᠠᠨ ᠳᠤ ᠴᠠᠢ ᠴᠤ ᠤᠤᠭᠤᠳᠠᠬ ᠦᠬᠡᠢ᠂ ᠬᠠᠷᠢᠨ ᠨᠤᠳᠤᠬ ᠤᠨ ᠢᠰᠯᠠᠮ ᠪᠤᠰᠤ ᠲᠡᠨᠢᠯ ᠠᠶᠢᠯ ᠳᠤ ᠬᠦᠷᠪᠡᠯ ᠲᠡᠳᠡ ᠪᠦᠷ ᠮᠡᠳᠡᠬᠦ ᠲᠤᠯᠠ ᠠᠶᠠᠭ᠎ᠠ ᠰᠢᠨᠠᠭ᠎ᠠ᠂ ᠲᠤᠭᠤᠭ᠎ᠠ ᠪᠠᠨ ᠨᠠᠷᠢᠨ ᠤᠬᠢᠶᠠᠵᠦ ᠴᠡᠪᠡᠷᠯᠡᠭᠡᠳ ᠴᠠᠢ ᠪᠤᠳᠠᠭ᠎ᠠ ᠬᠢᠵᠦ ᠦᠭᠳᠡᠭ᠂ ᠬᠡᠬᠦ ᠳᠡᠭᠡᠨ ᠮᠢᠬᠠᠨ ᠤ ᠵᠦᠢᠯ ᠢ ᠨᠢ ᠢᠳᠡᠳᠡᠭ ᠦᠬᠡᠢ᠃ ᠬᠤᠯᠢᠯᠳᠤᠵᠦ ᠰᠠᠭᠤᠬᠰᠠᠨ ᠢᠰᠯᠠᠮ ᠪᠤᠰᠤ ᠮᠤᠩᠭᠤᠯ ᠬᠢᠳᠡᠳ ᠠᠶᠢᠯ ᠨᠢ ᠠᠮᠳᠠ ᠢᠳᠡᠰᠢ ᠪᠠᠨ ᠪᠠᠰᠠ ᠠᠬᠤᠡᠭ ᠮᠤᠯᠤ ᠪᠠᠷ ᠵᠠᠷᠤᠭᠤᠯᠵᠦ ᠮᠤᠩᠭᠤᠯ ᠮᠦᠰᠯᠢᠮᠴᠤᠳ ᠲᠠᠢ ᠬᠠᠷᠢᠯᠴᠠᠨ ᠶᠠᠪᠤᠯᠴᠠᠬᠤ ᠳᠤ ᠲᠦᠬᠦᠮ ᠪᠤᠯᠭᠠᠵᠦ ᠨᠢᠬᠡ ᠨᠢᠬᠡᠨ ᠢᠶᠠᠨ ᠬᠦᠨᠳᠦᠳᠬᠡᠳᠡᠭ ᠪᠠᠶᠢᠪᠠ᠃       ᠡᠷᠳᠡ ᠳᠡᠭᠡᠨ ᠡᠷᠡᠭᠳᠡᠶᠢᠴᠤᠳ ᠨᠢ ᠭᠠᠳᠠᠬᠰᠢ ᠭᠠᠷᠬᠤ ᠳᠠᠭᠠᠨ ᠪᠦᠷ ᠦᠪᠡᠷ ᠤᠨ ᠠᠶᠠᠭ᠎ᠠ ᠪᠡ ᠬᠢᠳᠤᠭ᠎ᠠ ᠬᠡᠳᠡ ᠪᠠᠨ ᠪᠦᠰᠡᠨ ᠠᠴᠠ ᠪᠠᠨ ᠵᠡᠬᠦᠵᠦ ᠶᠠᠪᠤᠳᠠᠬ᠂ ᠶᠠᠮᠠᠷᠪᠡ ᠠᠶᠢᠯ ᠳᠤ ᠤᠴᠢᠵᠦ ᠴᠠᠢ ᠤᠤᠭᠤᠵᠦ ᠪᠤᠳᠠᠭ᠎ᠠ ᠢᠳᠡᠬᠦ ᠳᠤ ᠪᠦᠷ ᠦᠪᠡᠷ ᠤᠨ ᠠᠶᠠᠭ᠎ᠠ ᠰᠠᠪᠬ᠎ᠠ ᠪᠠᠨ ᠬᠡᠷᠡᠭᠯᠡᠨ᠂ ᠮᠠᠯ ᠮᠢᠬ᠎ᠠ ᠢᠳᠡᠬᠦ ᠳᠤ ᠮᠠᠯ ᠢᠶᠠᠨ ᠦᠪᠡᠷ ᠢᠶᠠᠨ ᠵᠠᠷᠤᠵᠦ ᠦᠪᠡᠷ ᠤᠨ ᠬᠢᠳᠤᠭ᠎ᠠ ᠪᠠᠨ ᠭᠡᠷᠡᠭᠯᠡᠳᠡᠭ᠃ ᠡᠨᠡ ᠨᠢ ᠠᠷᠢᠭᠤᠨ ᠴᠡᠪᠡᠷ ᠢ ᠡᠷᠬᠢᠮᠯᠡᠵᠦ ᠬᠤᠤᠷᠯᠠᠬᠳᠠᠬᠤ ᠠᠴᠠ ᠰᠡᠷᠬᠡᠶᠢᠯᠡᠭᠰᠡᠨ ᠤᠴᠢᠷ ᠬᠡᠳᠡᠭ᠃ ᠨᠦᠬᠦᠬᠡ ᠲᠠᠯ᠎ᠠ ᠪᠠᠷ ᠮᠤᠩᠭᠤᠯ ᠮᠦᠰᠯᠢᠮ ᠡᠷ᠎ᠡ ᠬᠠᠷ᠎ᠠ ᠬᠦᠮᠦᠨ ᠬᠢᠳᠤᠭ᠎ᠠ ᠬᠡᠳᠡ ᠶᠢ ᠡᠷ᠎ᠠ ᠬᠦᠮᠦᠨ ᠤ ᠵᠠᠰᠠᠯ ᠴᠢᠮᠡᠭᠯᠠᠯ᠂ ᠵᠡᠷ ᠵᠡᠪᠰᠡᠭ ᠬᠡᠵᠦ ᠦᠵᠡᠳᠡᠭ ᠪᠦᠬᠡᠳ ᠭᠠᠳᠠᠬᠰᠢ ᠲᠤᠳᠤᠬᠰᠢ ᠶᠠᠪᠤᠬᠤ ᠳᠤ ᠬᠡᠷᠡᠭᠴᠡᠭᠡ ᠴᠤ ᠤᠯᠠᠨ ᠪᠠᠶᠢᠳᠠᠬ ᠠᠴᠠ ᠤᠳᠦ ᠪᠤᠯᠳᠠᠯ᠎ᠠ ᠤᠬ ᠵᠠᠩᠰᠢᠯ ᠢᠶᠠᠨ ᠪᠦᠷᠢᠨ ᠤᠷᠬᠢᠭᠠᠳᠤᠢ ᠪᠠᠶᠢᠬᠰᠠᠭᠠᠷ ᠶᠤᠮ᠃                                                      ︵ᠵᠣᠬᠢᠶᠠᠭᠴᠢ᠄ ᠴᠣ · ᠪᠠᠲᠤᠪᠠᠶᠠᠷ︶
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号