ᠨᠠᠶᠢᠷᠠᠯᠳᠤ ᠲᠦᠪ ᠬᠠᠭᠠᠨ ᠠᠴᠠ ᠳᠤᠷᠭᠤᠳ ᠤᠨ ᠬᠠᠨ ᠳᠤ ᠢᠯᠡᠭᠡᠭᠰᠡᠨ ᠵᠠᠷᠯᠢᠭ ᠪᠢᠴᠢᠭ
ᠨᠡᠶᠢᠲᠡᠯᠡᠭᠰᠡᠨ ᠴᠠᠭ᠄
2020/7/29
      ︽ᠨᠠᠶᠢᠷᠠᠯᠳᠤ ᠲᠦᠪ ᠬᠠᠭᠠᠨ ᠠᠴᠠ ᠳᠤᠷᠭᠤᠳ ᠤᠨ ᠬᠠᠨ ᠳᠤ ᠢᠯᠡᠭᠡᠭᠰᠡᠨ ᠵᠠᠷᠯᠢᠭ ᠪᠢᠴᠢᠭ︾ ᠪᠤᠯ 1729 ᠤᠨ ᠳᠤ ᠮᠠᠨᠵᠤ ᠴᠢᠩ ᠤᠨ ᠲᠦᠷᠦ ᠶᠢᠨ ᠨᠠᠶᠢᠷᠠᠯᠳᠤ ᠲᠦᠪ ᠬᠠᠭᠠᠨ ᠠᠴᠠ ᠠᠯᠤᠰ ᠳᠡᠷᠳᠡᠭᠡ ᠢᠵᠢᠯ ᠮᠦᠷᠡᠨ ᠤ ᠬᠦᠪᠡᠬᠡᠨ ᠳᠠᠬᠢ ᠲᠤᠷᠭᠤᠳ ᠤᠨ ᠬᠠᠨ ᠤᠷᠳᠤᠨ ᠳᠤ ᠢᠯᠡᠭᠡᠭᠰᠡᠨ ᠪᠢᠴᠢᠭ ᠶᠤᠮ᠃ ᠳᠤᠰ ᠪᠢᠴᠢᠭ ᠢ ᠤᠤᠯ ᠳᠠᠭᠠᠨ ᠰᠢᠨᠵᠢᠶᠠᠩ ᠤᠨ ᠾᠧᠵᠢᠩ ᠰᠢᠶᠠᠨ ᠳᠠᠬᠢ ᠲᠤᠷᠭᠤᠳ ᠬᠠᠨ ᠤ ᠤᠷᠳᠤᠨ ᠳᠤ ᠬᠠᠳᠠᠭᠠᠯᠠᠵᠤ ᠪᠠᠶᠢᠬᠰᠠᠨ ᠢᠶᠠᠨ ᠡᠳᠦᠬᠡ ᠰᠢᠨᠵᠢᠶᠠᠩ ᠤᠨ ᠦᠢᠭᠤᠷ ᠤᠨ ᠦᠪᠡᠷᠳᠡᠬᠡᠨ ᠵᠠᠰᠠᠬᠤ ᠤᠷᠤᠨ ᠤ ᠳᠠᠩᠰᠠ ᠡᠪᠬᠡᠮᠡᠯ ᠤᠨ ᠤᠷᠳᠤᠨ ᠳᠤ ᠬᠠᠳᠠᠭᠠᠯᠠᠵᠤ ᠪᠤᠢ᠃ ᠳᠤᠤᠷ᠎ᠠ ᠳᠤᠰ ᠪᠢᠴᠢᠭ ᠢ ᠤᠷᠴᠢᠭᠤᠯᠤᠨ ᠪᠠᠭᠤᠯᠭᠠᠵᠤ ᠤᠡᠭᠰᠢᠬᠴᠢ ᠳᠠᠨᠠᠷ ᠲᠠᠭᠠᠨ ᠳᠤᠯᠢᠯᠠᠭᠤᠯᠰᠤᠭᠠᠢ᠄       ᠲᠡᠭᠷᠢ ᠶᠢᠨ ᠪᠣᠱᠤᠭ ᠢᠶᠠᠷ ᠴᠠᠭ ᠢ ᠡᠵᠡᠯᠡᠭᠰᠡᠨ ᠬᠤᠸᠠᠩᠳᠢ ᠶᠢᠨ ᠵᠠᠷᠯᠢᠭ᠄ ᠳᠤᠷᠭᠤᠳ ᠤᠨ ᠬᠠᠨ ᠮᠠᠠᠳᠤ ᠪᠣᠶᠤ︖ ᠣᠷᠢᠳᠠ ᠠᠶᠤᠭᠢ ᠬᠠᠨ᠂ ᠮᠢᠨᠤ ᠱᠧᠩᠽᠤ ᠬᠠᠭᠠᠨ ᠡᠴᠢᠭᠡ ᠶᠢᠨ ᠦᠷᠤᠰᠢᠶᠠᠯ ᠢᠪᠡᠬᠡᠯ ᠢ ᠭᠦᠰᠡᠵᠤ᠂ ᠴᠢᠩ ᠪᠠᠳᠤ ᠦᠨᠡᠨ ᠰᠠᠨᠠᠭ᠎ᠠ ᠪᠠᠷ ᠣᠷᠤᠰ ᠤᠨ ᠵᠠᠮ ᠢᠶᠠᠷ ᠡᠯᠴᠢ ᠶᠠᠪᠤᠭᠤᠯᠵᠤ ᠪᠢᠴᠢᠭ ᠠᠶᠢᠯᠠᠳᠬᠠᠨ᠂ ᠠᠮᠤᠷ ᠠᠮᠤᠭᠤᠯᠠᠩ ᠢ ᠰᠤᠷᠠᠵᠤ᠂ ᠭᠠᠵᠠᠷ ᠡᠴᠡᠭᠡᠨ ᠭᠠᠷᠤᠭᠰᠠᠨ ᠶᠠᠭᠤᠮ᠎ᠠ ᠶᠢ ᠪᠠᠯᠡᠭ ᠪᠠᠷᠢᠷ᠎ᠠ ᠢᠯᠡᠭᠡᠭᠰᠡᠨ ᠢ ᠱᠧᠩᠽᠤ ᠬᠠᠭᠠᠨ ᠡᠴᠢᠭᠡ ᠭᠡᠭᠡᠨ ᠳᠡᠭᠡᠨ ᠳᠤᠯᠢᠳᠠᠨ ᠰᠠᠶᠢᠰᠢᠶᠠᠵᠤ᠂ ᠳᠤᠰᠬᠠᠢᠢᠯᠠᠨ ᠡᠯᠴᠢ ᠵᠠᠷᠤᠵᠤ ᠭᠡᠰᠢᠭ ᠭᠦᠷᠳᠡᠭᠦᠯᠤᠨ ᠰᠠᠶᠢᠨ ᠢ ᠢᠨᠤ ᠠᠰᠠᠭᠤᠷ᠎ᠠ ᠢᠯᠡᠭᠡᠭᠰᠡᠨ ᠶᠠᠪᠣᠳᠠᠯ ᠪᠣᠢ ᠠᠮᠤᠢ᠃ ᠳᠠᠷᠠ ᠴᠠᠭ ᠲᠤᠷ ᠠᠶᠤᠭᠢ ᠬᠠᠨ ᠣᠷᠤᠰ ᠠᠴᠠ ᠵᠠᠮ ᠵᠢᠭᠡᠯᠡᠵᠤ᠂ ᠵᠢᠴᠢ ᠳᠠᠬᠢᠨᠳᠠ ᠡᠯᠴᠢ ᠵᠠᠷᠤᠰᠤᠭᠠᠢ ᠭᠡᠮᠡᠭᠰᠡᠨ ᠪᠦᠯᠦᠭᠡ᠃ ᠡᠰᠡᠪᠠᠰᠤ ᠵᠡᠭᠦᠨᠭᠠᠷ ᠲᠤᠷ ᠪᠣᠭᠤᠭᠳᠠᠵᠤ ᠵᠠᠮ ᠳᠤᠭᠤᠯᠬᠤ ᠦᠭᠡᠢ᠂ ᠡᠰᠡᠪᠠᠰᠤ ᠣᠷᠤᠰ ᠠᠴᠠ ᠵᠠᠮ ᠵᠢᠬᠡᠯᠡᠵᠤ ᠡᠰᠡ ᠪᠦᠳᠦᠭᠰᠠᠨ ᠨᠢ ᠦᠨᠡᠬᠡᠷ ᠮᠠᠭᠠᠳᠯᠠᠬᠤᠶ᠎ᠠ ᠪᠡᠷᠭᠡ ᠪᠤᠯᠠᠢ᠃       ᠲᠠᠨ ᠤ ᠳᠤᠷᠭᠤᠳ ᠠᠶᠢᠮᠠᠭ ᠭᠡᠳᠦᠢ ᠦᠰᠦᠳ ᠬᠤᠯᠠ ᠵᠠᠬ᠎ᠠ ᠳᠤᠷ ᠰᠠᠭᠤᠪᠠᠴᠤ᠂ ᠢᠵᠠᠭᠤᠷ ᠠᠴᠠ ᠡᠭᠡᠨᠡᠭᠳᠡ ᠰᠠᠶᠢᠨ ᠢ ᠦᠢᠯᠡᠳᠦᠨ᠂ ᠢᠷᠭᠡᠳ ᠠᠨᠤ ᠴᠢᠩ ᠰᠢᠳᠤᠷᠭᠤ ᠰᠡᠳᠬᠢᠯ ᠢ ᠪᠠᠷᠢᠵᠤ᠂ ᠦᠨᠡᠨ ᠰᠠᠨᠠᠭᠠᠨ ᠢ ᠡᠪᠦᠷᠯᠡᠨ ᠲᠡᠷᠳᠡᠭᠡ ᠬᠤᠯᠠ ᠭᠠᠵᠠᠷ ᠠᠴᠠ ᠠᠮᠤᠷ ᠮᠡᠨᠳᠤ ᠶᠢ ᠰᠤᠷᠠᠵᠤ ᠢᠷᠡᠭᠰᠠᠨ ᠢ ᠢᠨᠤ ᠱᠧᠩᠽᠤ ᠬᠠᠭᠠᠨ ᠡᠴᠢᠭᠡ ᠨᠢᠬᠡᠨᠳᠡᠶ᠎ᠡ ᠬᠡᠬᠡᠨ ᠳᠡᠭᠡᠨ ᠳᠤᠯᠢᠳᠠᠵᠤᠬᠤᠢ᠃ ᠳᠠᠨ ᠤ ᠨᠠᠽᠠᠷᠮᠠᠮᠤᠳ ᠤᠨ ᠭᠦᠪᠠᠭᠦᠨ ᠠᠷᠠᠪᠵᠤᠤᠷ ᠦᠪᠡᠷ ᠤᠨ ᠡᠭᠡ ᠯᠦᠭᠡ ᠬᠠᠮᠳᠤ ᠪᠠᠷᠠᠭᠤᠨ ᠲᠦᠪᠡᠳ ᠲᠤᠷ ᠮᠦᠷᠭᠦᠯ ᠬᠢᠬᠦᠢ ᠢᠷᠠᠬᠡᠳ ᠪᠤᠴᠠᠬᠤᠢ ᠵᠠᠮ ᠳᠤᠷ ᠴᠡᠸᠠᠩᠷᠠᠪᠳᠠᠨ ᠳᠤᠷ ᠪᠣᠭᠤᠭᠳᠠᠵᠤ ᠣᠳᠴᠤ ᠪᠣᠯᠬᠤ ᠦᠭᠡᠢ ᠣᠴᠢᠷ ᠢ ᠨᠢ ᠨᠢᠭᠦᠯᠡᠰᠤᠨ ᠦᠷᠤᠰᠢᠶᠠᠵᠤ᠂ ᠪᠠᠶᠢᠰᠠ ᠶᠢᠨ ᠵᠡᠷᠭᠡ ᠳᠤᠷ ᠡᠷᠭᠦᠮᠵᠢᠯᠡᠨ᠂ ᠨᠢᠬᠡᠨᠳᠡᠶ᠎ᠠ ᠠᠰ ᠲᠤᠨᠢ ᠳᠤᠬᠢᠷᠠᠭᠤᠯᠵᠤ᠂ ᠡᠨᠡᠷᠢᠯ ᠭᠡᠰᠢᠭ ᠭᠦᠷᠳᠡᠭᠡᠨ ᠳᠡᠳᠬᠦᠨ ᠳᠡᠵᠢᠭᠡᠵᠤ ᠰᠠᠭᠤᠯᠭᠠᠵᠤᠬᠤᠢ᠃ ᠪᠠᠰᠠ ᠺᠦᠮᠠᠩ ᠪᠯᠠᠮ᠎ᠠ ᠶᠢᠨ ᠱᠠᠪᠢᠨᠠᠷ ᠳᠠᠩᠭᠤᠳ ᠲᠤᠷ ᠡᠵᠡᠯᠡᠭᠳᠡᠵᠤ ᠬᠤᠶᠢᠰᠢ ᠬᠠᠷᠢᠵᠤ ᠪᠣᠯᠬᠤ ᠦᠭᠡᠢ ᠶᠢᠨ ᠳᠤᠯᠠᠳᠠ᠂ ᠴᠦᠮ ᠬᠤᠷᠢᠶᠠᠭᠠᠤᠨ ᠭᠡᠰᠢᠭ ᠭᠦᠷᠳᠡᠭᠦᠯᠤᠨ ᠳᠡᠵᠢᠭᠡᠪᠠᠢ᠃ ᠵᠡᠭᠦᠨᠭᠠᠷ ᠠᠴᠠ ᠣᠯᠵᠠᠯᠠᠵᠤ ᠠᠪᠴᠤ ᠢᠷᠡᠭᠰᠡᠨ ᠳᠤᠷᠭᠤᠳ ᠤᠨ ᠠᠷᠠᠤᠨ ᠢ ᠴᠦᠮ ᠦᠪᠡᠷ ᠤᠨ ᠠᠶᠢᠮᠠᠭ ᠲᠤᠨᠢ ᠨᠡᠶᠢᠯᠡᠭᠦᠯᠵᠤ ᠭᠡᠰᠢᠭ ᠭᠦᠷᠳᠡᠭᠡᠨ ᠳᠡᠵᠢᠭᠡᠵᠦᠭᠦᠢ᠃       ᠰᠤᠨᠤᠰᠪᠠᠰᠤ ᠠᠶᠤᠭᠢ ᠬᠠᠨ ᠨᠢᠬᠡᠨᠳᠡᠶ᠎ᠡ ᠪᠠᠶ᠎ᠡ ᠥᠩᠭᠡᠷᠡᠪᠠᠢ ᠭᠡᠮᠡᠮᠦᠢ᠃ ᠮᠡᠬᠦᠰ ᠪᠢ ᠳᠡᠬᠦᠨᠦ ᠭᠢᠴᠢᠶᠡᠩᠭᠦ᠋ᠢᠯᠡᠨ ᠳᠠᠭᠠᠬᠤ ᠦᠢᠯᠡ ᠶᠢ ᠨᠢ ᠮᠠᠬᠳᠠᠨ ᠰᠠᠶᠢᠰᠢᠶᠠᠵᠤ ᠦᠷᠤᠰᠢᠶᠠᠯ ᠵᠢᠷᠤᠮ ᠢᠶᠠᠷ ᠬᠠᠨᠳᠤᠮᠤᠢ᠃ ᠡᠳᠦᠭᠡ ᠮᠡᠬᠦᠰ ᠪᠢ ᠶᠡᠭᠡ ᠰᠠᠭᠤᠷᠢᠨ ᠳᠤᠷ ᠰᠠᠭᠤᠪᠠᠢ᠂ ᠢᠵᠠᠭᠤᠷ ᠠᠴᠠ ᠠᠶᠤᠭᠢ ᠬᠠᠨ ᠴᠢᠩ ᠪᠠᠳᠤ ᠦᠨᠡᠨ ᠰᠠᠨᠠᠭ᠎ᠠ ᠪᠠᠷ ᠮᠢᠨᠤ ᠱᠧᠩᠽᠤ ᠬᠠᠭᠠᠨ ᠡᠴᠢᠭᠡ ᠶᠢᠨ ᠠᠮᠤᠷ ᠠᠮᠤᠭᠤᠯᠠᠩ ᠢ ᠰᠤᠷᠠᠵᠤ ᠢᠷᠡᠭᠰᠠᠨ ᠶᠠᠪᠣᠳᠠᠯ ᠢ ᠰᠠᠶᠢᠰᠢᠶᠠᠨ ᠳᠤᠷᠠᠰᠴᠤ᠂ ᠤᠨᠴᠠᠯᠠᠨ ᠮᠠᠶᠢᠷᠠᠨ ᠵᠠᠩᠭᠢ ᠠᠭᠰᠠᠨ ᠮᠠᠠᠳᠠᠢ᠂ ᠮᠠᠶᠢᠷᠠᠨ ᠵᠠᠩᠭᠢ ᠠᠭᠰᠠᠨ ᠳ᠋ᠠᠪᠰᠢ᠂ ᠮᠠᠶᠢᠷᠠᠨ ᠵᠠᠩᠭᠢ ᠠᠭᠰᠠᠨ ᠠᠰᠬᠠᠢ ᠨᠠᠷ ᠢ ᠡᠯᠴᠢ ᠪᠠᠷ ᠳᠤᠮᠢᠯᠠᠨ᠂ ᠳᠤᠷᠭᠤᠳ ᠤᠨ ᠬᠠᠨ ᠢ ᠠᠰᠠᠭᠤᠨ ᠲᠤᠬᠤᠨᠢᠭᠤᠯᠬᠤ ᠪᠠᠷ ᠢᠯᠡᠬᠡᠪᠠᠢ᠃ ᠪᠣᠰᠤ ᠥᠭᠡ ᠶᠢ ᠵᠠᠷᠤᠭᠰᠠᠨ ᠡᠯᠴᠢ ᠨᠢᠭᠤᠷᠳᠠᠨ ᠦᠬᠦᠯᠡᠬᠦ ᠪᠤᠢ ‍ᠶ᠎ᠠ᠃       ᠤᠨᠴᠠᠯᠠᠨ ᠵᠠᠷᠯᠢᠭᠳᠠᠪᠠᠢ᠃       ᠨᠠᠶᠢᠷᠠᠯᠳᠤ ᠲᠦᠪ ᠤᠨ ᠳᠤᠯᠤᠳᠤᠭᠠᠷ ᠣᠨ ᠤ ᠵᠤᠨ ᠤ ᠳᠤᠮᠳᠠᠳᠤ ᠰᠠᠷ᠎ᠠ ᠶᠢᠨ ᠠᠷᠪᠠᠨ ᠨᠢ᠋ᠮᠠᠨ᠎ᠠ    
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号