ᠤᠳᠬᠤᠨᠪᠠᠭᠠᠲᠤᠷ᠄ ᠭᠠᠴᠠᠭᠠᠨ ᠤ ᠠᠷᠠᠳ ᠢᠶᠠᠨ ᠳᠠᠭᠠᠭᠤᠯᠤᠨ ᠲᠡᠮᠡᠭᠡ ᠲᠡᠵᠢᠭᠡᠵᠦ ᠪᠠᠶᠠᠵᠢᠯ ᠤᠨ ᠵᠠᠮ ᠢᠶᠠᠷ ᠤᠷᠤᠭᠰᠢᠯᠠᠨ᠎ᠠ
ᠨᠡᠶᠢᠲᠡᠯᠡᠭᠰᠡᠨ ᠴᠠᠭ᠄
2020/7/17
      ᠨᠡᠷᠡ ᠮᠠᠨᠳᠤᠬᠤ ᠦᠶ᠎ᠡ ᠪᠠᠷ ᠠᠯᠠᠱᠠ ᠪᠠᠷᠠᠭᠤᠨ ᠬᠤᠰᠢᠭᠤᠨ ᠤ ᠠᠯᠳ᠋ᠬᠠᠣᠪᠣᠭ᠎ᠠ ᠪᠠᠯᠭᠠᠰᠤᠨ ᠤ ᠭᠤᠷᠪᠠᠨ ᠲᠤᠯᠭ᠎ᠠ ᠭᠠᠴᠠᠭᠠᠨ ᠤ ᠮᠠᠯᠴᠢᠨ ᠤᠳᠬᠤᠨᠪᠠᠭᠠᠲᠤᠷ ᠢᠡᠭᠬᠡ ᠪᠠᠨ ᠰᠠᠭᠠᠵᠤ᠂ ᠲᠡᠮᠡᠭᠡ ᠪᠠᠨ ᠪᠤᠷᠲᠤᠬᠤ ᠪᠠᠷ ᠶᠠᠭᠠᠷᠠᠵᠤ ᠡᠬᠢᠯᠡᠪᠡ᠃ ︽ᠲᠡᠮᠡᠭᠡ ᠮᠢᠨᠢ ᠮᠢᠨᠦ ᠡᠷᠳᠡᠨᠢ ᠰᠢᠤ ᠳ᠋ᠡ᠂ ᠡᠨᠡ ᠵᠢᠯ ᠪᠢ 30 ᠭᠠᠷᠤᠶ ᠪᠣᠲᠣᠭᠤ ᠲᠤᠰᠴᠤ᠂ 1 ᠢᠩᠭᠡᠨ ᠠᠴᠠ ᠡᠳᠦᠷ ᠪᠦᠷᠢ 20 ᠭᠠᠷᠤᠶ ᠵᠢᠩ ᠰᠦ ᠰᠠᠭᠠᠳᠠᠭ᠂ ᠵᠠᠰᠠᠭ ᠤᠨ ᠣᠷᠳᠣᠨ ᠪᠠ ᠶᠠᠳᠠᠭᠤ ᠶᠢ ᠲᠡᠳᠬᠦᠬᠦ ᠰᠠᠯᠠᠭ᠎ᠠ ᠮᠥᠴᠢᠷ ᠠᠴᠠ ᠮᠢᠨᠤ ᠲᠡᠮᠡᠭᠡ ᠲᠡᠵᠢᠭᠡᠬᠦ ᠠᠵᠤ ᠦᠢᠯᠡᠰ ᠢᠶᠠᠨ ᠬᠥᠭᠵᠢᠭᠦᠯᠬᠦ ᠳᠤ ᠮᠠᠰᠢ ᠶᠡᠭᠡ ᠬᠠᠪᠰᠤᠷᠤᠯᠭ᠎ᠠ ᠳᠡᠮᠵᠢᠯᠭᠡ ᠦᠵᠡᠭᠦᠯᠦᠭᠰᠡᠨ ᠰᠢᠦ︕︾ ᠭᠡᠵᠦ ᠤᠳᠬᠤᠨᠪᠠᠭᠠᠲᠤᠷ ᠬᠡᠯᠡᠨ᠎ᠡ᠃︽ᠮᠠᠨ ᠤ ᠬᠢ 4 ᠠᠮᠠ ᠪᠦᠯᠢ ᠲᠠᠢ᠂ ᠡᠨᠡ ᠵᠢᠯ ᠥᠪᠡᠷ ᠤᠨ ᠲᠡᠮᠡᠭᠡ ᠲᠡᠵᠢᠭᠡᠭᠰᠡᠨ ᠣᠷᠣᠯᠭ᠎ᠠ ᠠᠴᠠ ᠭᠠᠳᠠᠨ᠎ᠠ ᠤᠯᠤᠰ ᠠᠴᠠ ᠣᠯᠭᠤᠭᠰᠠᠨ ᠬᠦᠮᠦᠨ ᠪᠦᠷᠢ ᠶᠢᠨ ᠵᠢᠯ ᠳᠤ 1.5 ᠲᠦᠮᠡᠨ ᠲᠦᠭᠦᠷᠢᠭ ᠤᠨ ᠨᠡᠶᠢᠲᠡ ᠳᠤ ᠠᠰᠢᠭ ᠬᠦᠷᠳᠡᠬᠡᠬᠦ ᠣᠶ ᠶᠢᠨ ᠨᠥᠬᠦᠪᠥᠷᠢ ᠶᠢ ᠨᠡᠮᠡᠪᠡᠯ ᠡᠨᠡ ᠵᠢᠯ ᠤᠨ ᠬᠥᠮᠦᠨ ᠳᠤᠮᠳᠠᠴᠢ ᠶᠢᠨ ᠣᠷᠣᠯᠭ᠎ᠠ 5 ᠲᠦᠮᠡᠨ ᠲᠥᠭᠦᠷᠢᠭ ᠢ ᠳᠠᠪᠠᠵᠤ᠂ ᠪᠦᠬᠦ ᠭᠡᠷ ᠢᠶᠠᠷ ᠢᠶᠠᠨ ᠳᠠᠷᠤᠶ 20 ᠲᠦᠮᠡᠨ ᠲᠥᠭᠦᠷᠢᠭ ᠤᠨ ᠣᠷᠣᠯᠭ᠎ᠠ ᠲᠠᠢ ᠪᠣᠯᠤᠨ᠎ᠠ︾ ᠭᠡᠵᠦ ᠣᠳᠣ ᠶᠢᠨ ᠵᠣᠯ ᠵᠢᠷᠭᠠᠯᠲᠤ ᠠᠮᠢᠳᠤᠷᠠᠯ ᠢᠶᠠᠨ ᠶᠠᠷᠢᠬᠤ ᠳᠤ ᠣᠳᠬᠤᠨᠪᠠᠭᠠᠲᠤᠷ ᠨᠢᠭᠤᠷ ᠳᠦᠭᠦᠷᠡᠩ ᠢᠨᠢᠶᠡᠲᠦ ᠲᠠᠢ ᠪᠠᠶᠢᠯ᠎ᠠ᠃ ᠡᠨᠡ ᠵᠢᠯ 33 ᠨᠠᠰᠤᠲᠠᠶ ᠤᠳᠬᠤᠨᠪᠠᠭᠠᠲᠤᠷ ᠪᠣᠯ ᠭᠠᠴᠠᠭᠠᠨ ᠤ ᠨᠠᠮ ᠤᠨ ᠡᠭᠦᠷ ᠤᠨ ᠤᠬᠠᠭᠤᠯᠬᠤ ᠭᠡᠰᠢᠭᠦᠨ ᠶᠤᠮ᠃ ᠭᠡᠲᠡᠯ᠎ᠡ ᠬᠡᠳᠦᠨ ᠵᠢᠯ ᠤᠨ ᠡᠮᠦᠨ᠎ᠡ ᠲᠡᠷᠡ ᠬᠠᠷᠢᠨ ᠨᠢᠭᠡᠨ ᠶᠠᠳᠠᠭᠤ ᠬᠦᠴᠢᠷᠳᠡᠯᠲᠡᠶ ᠡᠷᠦᠬᠡ ᠪᠠᠶᠢᠭᠰᠠᠨ ᠪᠢᠯᠠ᠃      ᠬᠠᠷᠠᠬᠠᠨ ᠪᠠᠭ᠎ᠠ ᠠᠴᠠ ᠪᠠᠨ ᠭᠤᠷᠪᠠᠨ ᠲᠤᠯᠭ᠎ᠠ ᠭᠠᠴᠠᠭᠠᠨ ᠳᠤ ᠥᠰᠦᠭᠰᠡᠨ ᠤᠳᠬᠤᠨᠪᠠᠭᠠᠲᠤᠷ ᠲᠡᠮᠡᠭᠡ ᠲᠡᠵᠢᠭᠡᠬᠦ ᠳᠤ ᠶᠡᠭᠡ ᠲᠤᠷᠰᠢᠯᠭ᠎ᠠ ᠲᠠᠢ᠂ 2010 ᠣᠨ ᠳᠤ ᠶᠡᠭᠡ ᠰᠤᠷᠭᠠᠭᠤᠯᠢ ᠲᠡᠭᠦᠰᠦᠭᠰᠡᠨ ᠤ ᠳᠠᠷᠠᠭ᠎ᠠ ᠨᠤᠲᠤᠭ ᠲᠠᠭᠠᠨ ᠬᠠᠷᠢᠵᠤ ᠲᠡᠮᠡᠭᠡ ᠲᠡᠵᠢᠭᠡᠪᠡ᠃ ᠲᠡᠷᠡ ᠢᠩᠭᠡᠨ ᠰᠦ ᠪᠣᠷᠣᠯᠠᠭᠤᠯᠬᠤ ᠠᠷᠭ᠎ᠠ ᠵᠠᠮ ᠢ ᠣᠶᠢᠯᠠᠭᠠᠬᠤ ᠦᠭᠡᠢ ᠮᠥᠷᠲᠡᠭᠡᠨ ᠪᠡᠯᠡ ᠮᠥᠩᠭᠦ ᠳᠤᠲᠠᠮᠠᠭ ᠠᠴᠠ ᠲᠡᠮᠡᠭᠡ ᠲᠡᠵᠢᠭᠡᠬᠦ ᠦᠢᠯᠡᠰ ᠨᠢ ᠬᠦᠴᠢᠷ ᠲᠦᠪᠡᠭ ᠲᠠᠢ ᠪᠠᠶᠢᠯ᠎ᠠ᠃ 2014 ᠣᠨ ᠳᠤ ᠲᠡᠷᠡ ᠳᠠᠩᠰᠠᠯᠠᠵᠤ ᠺᠠᠷᠲᠯᠠᠭᠰᠠᠨ ᠶᠠᠳᠠᠭᠤ ᠬᠦᠴᠢᠷᠳᠡᠯᠲᠡᠶ ᠡᠷᠦᠬᠡ ᠪᠠᠷ ᠲᠤᠭᠳᠠᠭᠠᠭᠳᠠᠵᠦ᠂ ᠲᠡᠭᠦᠨ ᠤ ᠲᠡᠮᠡᠭᠡ ᠲᠡᠵᠢᠭᠡᠬᠦ ᠠᠵᠤ ᠦᠢᠯᠡᠰ ᠤᠨ ᠬᠦᠴᠢᠷᠳᠡᠯ ᠢ ᠰᠢᠢᠳᠪᠦᠷᠢᠯᠡᠬᠦ ᠶᠢᠨ ᠲᠥᠯᠥᠭᠡ ᠭᠠᠴᠠᠭᠠᠨ ᠤ ᠬᠤᠶᠠᠷ ᠵᠥᠪᠯᠡᠯ ᠪᠣᠯᠤᠨ ᠲᠤᠰᠬᠤᠨ ᠳᠤ ᠰᠠᠭᠤᠭ᠎ᠠ ᠠᠵᠢᠯ ᠤᠨ ᠠᠩᠭᠢ ᠶᠢᠨ ᠬᠢᠨ ᠣᠯᠠᠨ ᠤᠳᠠᠭ᠎ᠠ ᠭᠡᠷ ᠲᠤᠨᠢ ᠬᠦᠷᠴᠦ᠂ ᠦᠢᠯᠡᠳᠪᠦᠷᠢᠯᠡᠯ ᠡᠵᠡᠩᠨᠡᠯᠲᠡ ᠶᠢᠨ ᠪᠠᠶᠢᠳᠠᠯ ᠢ ᠨᠢ ᠣᠶᠢᠯᠠᠭᠠᠵᠤ᠂ ᠲᠡᠭᠦᠨ ᠢ ᠬᠠᠪᠰᠤᠷᠤᠨ ᠵᠢᠭᠡᠯᠡᠯᠭᠡ ᠶᠢᠨ ᠮᠦᠩᠭᠦ ᠭᠤᠶᠤᠴᠢᠯᠠᠵᠤ ᠦᠭᠪᠡ᠃      ᠵᠠᠰᠠᠭ ᠤᠨ ᠣᠷᠳᠣᠨ ᠤ ᠬᠠᠪᠰᠤᠷᠤᠯᠭ᠎ᠠ ᠪᠠᠷ ᠠᠵᠢᠯᠴᠢ ᠬᠥᠳᠡᠯᠮᠦᠷᠢᠴᠢ ᠤᠳᠬᠤᠨᠪᠠᠭᠠᠲᠤᠷ ᠶᠡᠷᠦᠨᠢ ᠲᠩᠷᠢ ᠭᠡᠭᠡᠷᠡᠬᠦ ᠠᠴᠠ ᠡᠮᠦᠨ᠎ᠡ ᠪᠣᠰᠴᠤ᠂ ᠡᠳᠦᠷ ᠪᠦᠷᠢ ᠲᠡᠮᠡᠭᠡᠨ ᠰᠦᠷᠦᠭ ᠲᠡᠭᠡᠨ ᠴᠠᠭ ᠲᠤᠬᠠᠶ ᠳᠤᠨᠢ ᠲᠡᠵᠢᠭᠡᠯ ᠪᠤᠷᠳᠤᠭ᠎ᠠ ᠨᠥᠬᠦᠪᠥᠷᠢᠯᠡᠨ᠂ ᠤᠰᠤᠯᠠᠵᠤ᠂ ᠲᠠᠷᠭᠤ ᠬᠦᠴᠦ ᠶᠢ ᠨᠢ ᠪᠠᠶᠢᠴᠠᠭᠠᠵᠤ ᠠᠯᠢᠪᠠ ᠪᠦᠬᠦᠨ ᠢ ᠪᠦᠷ ᠡᠮᠬᠢ ᠴᠡᠭᠴᠡ ᠲᠠᠢ ᠲᠣᠬᠢᠷᠠᠭᠤᠯᠲᠠᠬ ᠪᠠᠶᠢᠯ᠎ᠠ᠃ ᠶᠠᠭ ᠡᠨᠡ ᠦᠶ᠎ᠡ ᠳᠤ ᠠᠯᠠᠱᠠ ᠪᠠᠷᠠᠭᠤᠨ ᠬᠤᠰᠢᠭᠤ ᠲᠡᠮᠡᠭᠡᠨ ᠤ ᠠᠵᠤ ᠦᠢᠯᠡᠰ ᠤᠨ ᠬᠥᠭᠵᠢᠯᠲᠡ ᠶᠢ ᠵᠣᠷᠢᠭᠵᠢᠭᠤᠯᠬᠤ ᠠᠯᠢ ᠣᠯᠠᠨ ᠲᠥᠷᠥ ᠶᠢᠨ ᠪᠣᠳᠣᠯᠭ᠎ᠠ ᠶᠢ ᠬᠡᠷᠡᠭᠵᠢᠭᠦᠯᠬᠦ ᠶᠢ ᠳᠠᠭᠠᠯᠳᠤᠨ᠂ ᠲᠣᠰ ᠬᠤᠰᠢᠭᠤᠨ ᠤ ᠢᠩᠭᠡᠨ ᠰᠦ ᠪᠤᠯᠪᠠᠰᠤᠷᠠᠭᠤᠯᠬᠤ ᠠᠵᠤ ᠠᠬᠤᠶᠢᠯᠠᠯ ᠴᠦ ᠬᠦᠭᠵᠢᠵᠦ ᠡᠬᠢᠯᠡᠯ᠎ᠡ᠃ 2017 ᠣᠨ ᠳᠤ᠂ ᠤᠳᠬᠤᠨᠪᠠᠭᠠᠲᠤᠷ ᠲᠣᠭᠲᠠᠭᠤᠨ ᠢᠶᠠᠷ ᠶᠠᠳᠠᠭᠤ ᠠᠴᠠ ᠠᠩᠭᠢᠵᠢᠷᠠᠪᠠ᠃2019 ᠣᠨ ᠳᠤ᠂ ᠲᠡᠷᠡ 600 ᠲᠡᠭᠰᠢ ᠳᠥᠷᠪᠡᠯᠵᠢᠨ ᠮᠧᠲᠷ ᠤᠨ ᠲᠡᠮᠡᠭᠡᠨ ᠬᠠᠰᠢᠶ᠎ᠠ ᠪᠠᠷᠢᠵᠤ ᠲᠡᠵᠢᠭᠡᠨ ᠦᠷᠡᠵᠢᠭᠦᠯᠬᠦ ᠬᠡᠪᠴᠢᠶ᠎ᠡ ᠪᠠᠨ ᠥᠷᠭᠡᠳᠬᠡᠨ᠂ ᠡᠭᠦᠨ ᠳᠤ ᠵᠠᠰᠠᠭ ᠤᠨ ᠣᠷᠳᠣᠨ ᠠᠴᠠ ᠲᠡᠭᠦᠨ ᠳᠤ 12 ᠲᠦᠮᠡᠨ ᠲᠥᠭᠦᠷᠢᠭ ᠤᠨ ᠨᠥᠬᠦᠪᠥᠷᠢ ᠥᠭᠴᠡᠶ᠃ ᠤᠳᠤ ᠪᠤᠯᠬᠤ ᠳᠤ᠂ ᠲᠡᠭᠦᠨ ᠤ ᠭᠡᠷ ᠤᠨ ᠵᠢᠯ ᠪᠦᠷᠢ ᠶᠢᠨ ᠢᠩᠭᠡᠨ ᠰᠦ ᠪᠠᠨ ᠬᠤᠳᠠᠯᠳᠤᠭᠰᠠᠨ ᠣᠷᠣᠯᠭ᠎ᠠ ᠨᠢ ᠳᠠᠷᠤᠢ 8 ᠲᠦᠮᠡᠨ ᠲᠥᠭᠦᠷᠢᠭ ᠲᠤ ᠬᠦᠷᠴᠦ ᠪᠤᠢ᠃      ︽ᠪᠢ ᠥᠪᠡᠷ ᠢᠶᠠᠨ ᠶᠠᠳᠠᠭᠤ ᠠᠴᠠ ᠠᠩᠭᠢᠵᠢᠷᠠᠯ᠎ᠠ᠂ ᠭᠡᠪᠡᠴᠦ ᠥᠪᠡᠷ ᠢᠶᠠᠨ ᠪᠠᠶᠠᠵᠢᠬᠤ ᠨᠢ ᠪᠠᠶᠠᠵᠢᠭᠰᠠᠨ ᠳᠤ ᠲᠣᠭᠠᠴᠠᠭᠳᠠᠬᠤ ᠦᠭᠡᠢ᠂ ᠵᠥᠪᠬᠡᠨ ᠪᠦᠬᠦ ᠭᠠᠴᠠᠭᠠᠨ ᠤ ᠶᠠᠳᠠᠭᠤ ᠮᠠᠯᠴᠢᠳ ᠢᠶᠠᠨ ᠶᠠᠳᠠᠭᠤ ᠠᠴᠠ ᠠᠩᠭᠢᠵᠢᠷᠠᠭᠤᠯᠤᠨ ᠪᠠᠶᠠᠵᠢᠭᠤᠯᠪᠠᠯ ᠰᠠᠶ᠋ᠢ ᠪᠠᠶᠠᠵᠢᠭᠰᠠᠨ ᠳᠤ ᠲᠣᠭᠠᠴᠠᠭᠳᠠᠨ᠎ᠠ︕︾ ᠭᠡᠵᠦ ᠤᠳᠬᠤᠨᠪᠠᠭᠠᠲᠤᠷ ᠶᠠᠷᠢᠨ᠎ᠠ᠃ ᠤᠳᠬᠤᠨᠪᠠᠭᠠᠲᠤᠷ ᠣᠯᠠᠨ ᠵᠢᠯ ᠲᠡᠮᠡᠭᠡ ᠲᠡᠵᠢᠭᠡᠭᠰᠡᠨ ᠪᠠᠶᠠᠯᠢᠭ ᠲᠤᠷᠰᠢᠯᠭ᠎ᠠ ᠲᠠᠢ ᠳᠠᠪᠠᠭᠤᠯᠢᠭ ᠢᠶᠠᠷ ᠢᠶᠠᠨ ᠮᠠᠯᠴᠢᠳ ᠤᠨ ᠲᠡᠮᠡᠭᠡ ᠲᠡᠵᠢᠭᠡᠬᠦ ᠬᠠᠪᠰᠤᠷᠤᠨ ᠵᠢᠯᠣᠭᠤᠳᠤᠭᠴᠢ ᠪᠣᠯᠪᠠ᠃      ᠲᠡᠷᠡ ᠲᠡᠮᠡᠭᠡ ᠲᠡᠵᠢᠭᠡᠭᠰᠡᠨ ᠳᠠᠪᠠᠭᠤᠯᠢᠭ ᠢᠶᠠᠨ ᠪᠠᠳᠠᠷᠠᠭᠤᠯᠤᠨ ᠶᠠᠳᠠᠭᠤ ᠬᠦᠴᠢᠷᠳᠡᠯᠲᠡᠶ ᠡᠷᠦᠬᠡ ᠵᠢᠴᠢ ᠭᠠᠴᠠᠭ᠎ᠠ ᠶᠢᠨ ᠲᠡᠮᠡᠭᠡᠴᠢᠨ ᠡᠷᠦᠬᠡ ᠳᠤ ᠬᠦᠷᠴᠦ᠂ ᠲᠡᠮᠡᠭᠡ ᠲᠡᠵᠢᠭᠡᠭᠰᠡᠨ ᠲᠤᠷᠰᠢᠯᠭ᠎ᠠ ᠪᠠᠨ ᠢᠳᠡᠪᠬᠢᠲᠡᠢ ᠬᠤᠪᠢᠶᠠᠯᠴᠠᠨ᠂ ᠰᠢᠨᠵᠢᠯᠡᠬᠦ ᠤᠬᠠᠭᠠᠨᠴᠢ ᠪᠠᠷ ᠲᠡᠵᠢᠭᠡᠨ ᠦᠷᠡᠵᠢᠭᠦᠯᠬᠦ ᠠᠷᠭ᠎ᠠ ᠶᠢ ᠤᠯᠠᠮᠵᠢᠯᠠᠵᠤ᠂ ᠭᠠᠴᠠᠭᠠᠨ ᠤ ᠲᠡᠮᠡᠭᠡᠴᠢᠨ ᠡᠷᠦᠬᠡ ᠶᠢ ᠵᠢᠯᠣᠭᠤᠳᠤᠨ ᠰᠢᠨᠵᠢᠯᠡᠬᠦ ᠤᠬᠠᠭᠠᠨᠴᠢ ᠪᠠᠷ ᠲᠡᠵᠢᠭᠡᠨ ᠦᠷᠡᠵᠢᠭᠦᠯᠬᠦ ᠬᠥᠭᠵᠢᠯᠲᠡ ᠶᠢᠨ ᠰᠢᠨ᠎ᠡ ᠵᠠᠮ ᠢᠶᠠᠷ ᠵᠠᠮᠨᠠᠭᠤᠯᠬᠤ ᠶᠢᠨ ᠬᠠᠮᠲᠤ᠂ ᠭᠠᠴᠠᠭᠠᠨ ᠤ ᠤᠳᠤᠷᠢᠳᠤᠯᠭ᠎ᠠ ᠳᠤ ᠲᠡᠮᠡᠭᠡᠨ ᠰᠣᠶᠣᠯ ᠤᠨ ᠬᠥᠭᠵᠢᠯᠲᠡ ᠪᠠᠷ ᠲᠡᠮᠡᠭᠡ ᠲᠡᠵᠢᠭᠡᠬᠦ ᠠᠵᠤ ᠦᠢᠯᠡᠰ ᠤᠨ ᠬᠥᠭᠵᠢᠯᠲᠡ ᠶᠢ ᠳᠠᠶᠢᠴᠢᠯᠠᠬᠤ ᠰᠡᠳᠬᠢᠴᠡ ᠶᠢ ᠳᠤᠷᠠᠳᠤᠭᠰᠠᠨ ᠪᠠᠶᠢᠨ᠎ᠠ᠃  ᠲᠡᠷᠡ ᠭᠠᠴᠠᠭᠠᠨ ᠤ ᠬᠤᠶᠠᠷ ᠵᠥᠪᠯᠡᠯ ᠤᠨ ᠤᠳᠤᠷᠢᠳᠬᠤ ᠪᠠᠭ ᠲᠠᠢ ᠪᠠᠨ ᠬᠠᠮᠲᠤ ᠭᠠᠴᠠᠭᠠᠨ ᠤ ᠪᠠᠨ ᠲᠡᠮᠡᠭᠡ ᠲᠡᠵᠢᠭᠡᠭᠰᠡᠨ ᠥᠨᠢ ᠤᠳᠠᠭᠠᠨ ᠲᠡᠦᠬᠡ ᠲᠠᠢ ᠤᠶᠠᠯᠳᠤᠭᠤᠯᠤᠨ᠂ ᠲᠡᠮᠡᠭᠡᠨ ᠪᠥᠮᠪᠦᠭᠡ ᠶᠢᠨ ᠲᠠᠮᠢᠷ ᠤᠨ ᠲᠥᠷᠥᠯ ᠵᠦᠢᠯ ᠢ ᠣᠷᠣᠭᠤᠯᠤᠨ ᠠᠪᠴᠢᠷᠠᠵᠤ᠂ ᠠᠯᠠᠱᠠ ᠪᠠᠷᠠᠭᠤᠨ ᠬᠤᠰᠢᠭᠤᠨ ᠤ ᠠᠩᠬᠠᠳᠠᠭᠴᠢ ᠲᠡᠮᠡᠭᠡᠨ ᠪᠥᠮᠪᠦᠭᠡ ᠶᠢᠨ ᠨᠡᠶᠢᠭᠡᠮᠯᠢᠭ ᠢ ᠪᠠᠶᠢᠭᠤᠯᠤᠨ᠂ ᠪᠠᠷᠢᠮᠵᠢᠶᠠᠵᠢᠭᠰᠠᠨ ᠲᠡᠮᠡᠭᠡᠨ ᠪᠥᠮᠪᠥᠭᠡᠨ ᠲᠠᠯᠠᠪᠠᠢ ᠪᠠᠶᠢᠭᠤᠯᠵᠤ᠂ ᠭᠠᠴᠠᠭᠠᠨ ᠤ ᠵᠠᠯᠠᠭᠤ ᠮᠠᠯᠴᠢᠳ ᠢ ᠵᠣᠬᠢᠶᠠᠨ ᠪᠠᠶᠢᠭᠤᠯᠤᠨ ᠲᠡᠮᠡᠭᠡᠨ ᠪᠥᠮᠪᠥᠭᠡᠨ ᠠᠩᠭᠢ ᠪᠠᠶᠢᠭᠤᠯᠤᠨ᠂ ᠪᠠᠰᠠ ᠭᠠᠳᠠᠨ᠎ᠠ ᠠᠴᠠ ᠲᠤᠰᠬᠠᠶ ᠮᠡᠷᠭᠡᠵᠢᠯᠲᠡᠨ ᠤᠷᠢᠵᠤ ᠲᠡᠮᠡᠭᠡᠨ ᠪᠥᠮᠪᠥᠭᠡᠨ ᠠᠩᠭᠢ ᠳᠤ ᠨᠠᠷᠢᠨ ᠬᠢᠨᠠᠮᠠᠭᠠᠢ ᠪᠣᠯᠪᠠᠰᠤᠷᠠᠯ ᠬᠢᠯᠭᠡᠵᠦ᠂ ᠭᠠᠳᠠᠭᠰᠢ ᠶᠠᠪᠤᠵᠤ ᠤᠷᠤᠯᠳᠤᠭᠠᠨ ᠳᠤ ᠣᠷᠣᠯᠴᠠᠭᠤᠯᠤᠨ᠂ ᠪᠠᠰᠠ ᠲᠤᠰ ᠭᠠᠵᠠᠷ ᠲᠠᠭᠠᠨ ᠲᠡᠮᠡᠭᠡᠨ ᠰᠣᠶᠣᠯ ᠤᠨ ᠨᠠᠶᠢᠷ ᠵᠡᠷᠭᠡ ᠥᠪᠡᠷ ᠲᠡᠭᠡᠨ ᠡᠷᠬᠢᠯᠡᠭᠰᠡᠨ ᠰᠣᠶᠣᠯ ᠲᠠᠮᠢᠷ ᠤᠨ ᠬᠥᠳᠡᠯᠭᠡᠭᠡᠨ ᠦᠷᠨᠢᠭᠦᠯᠦᠭᠰᠡᠨ ᠪᠠᠶᠢᠨ᠎ᠠ᠃ ᠣᠳᠣᠬᠠᠨ ᠳᠤ᠂ ᠭᠠᠴᠠᠭᠠᠨ ᠤ ᠲᠡᠮᠡᠭᠡᠨ ᠪᠥᠮᠪᠥᠭᠡᠨ ᠠᠩᠭᠢ ᠨᠢ ᠪᠥᠬᠦ ᠬᠤᠰᠢᠭᠤᠨ ᠳᠤ ᠨᠡᠷ᠎ᠡ ᠠᠯᠳᠠᠷᠰᠢᠵᠤ᠂ ᠭᠠᠴᠠᠭᠠᠨ ᠤ ᠥᠪᠡᠷ ᠲᠡᠭᠡᠨ ᠡᠷᠭᠢᠯᠡᠭᠰᠡᠨ ᠲᠡᠮᠡᠭᠡᠨ ᠰᠣᠶᠣᠯ ᠤᠨ ᠨᠠᠶᠢᠷ ᠨᠢ ᠴᠦ ᠬᠤᠯᠠ ᠣᠶᠢᠷ᠎ᠠ ᠳᠤ ᠠᠯᠳᠠᠷᠰᠢᠭᠰᠠᠨ ᠰᠣᠶᠣᠯ ᠲᠠᠮᠢᠷ ᠤᠨ ᠦᠪᠡᠳᠡᠭᠰᠢ ᠴᠤᠭᠯᠠᠭᠠᠨ ᠪᠣᠯᠤᠭᠰᠠᠨ ᠪᠠᠶᠢᠨ᠎ᠠ᠃      ᠣᠳᠬᠤᠨᠪᠠᠭᠠᠲᠤᠷ ᠪᠤᠯᠤᠨ ᠭᠠᠴᠠᠭᠠᠨ ᠤ ᠴᠢᠷᠮᠠᠶᠢᠯᠭ᠎ᠠ ᠪᠠᠷ ᠣᠯᠠᠨ ᠲᠦᠮᠡᠨ ᠤ ᠲᠡᠮᠡᠭᠡᠨ ᠤ ᠠᠵᠤ ᠦᠢᠯᠡᠰ ᠢ ᠬᠥᠭᠵᠢᠭᠦᠯᠬᠦ ᠢᠳᠡᠪᠬᠢᠵᠢᠯ ᠶᠠᠪᠤᠬᠤ ᠲᠤᠲᠤᠮ ᠳᠡᠭᠡᠭᠰᠢᠯᠡᠵᠦ᠂ ᠲᠡᠵᠢᠭᠡᠨ ᠦᠷᠡᠵᠢᠭᠦᠯᠬᠦ ᠬᠡᠪ ᠵᠠᠭᠪᠤᠷ ᠨᠢ ᠴᠦ ᠤᠯᠠᠮᠵᠢᠯᠠᠯᠲᠤ ᠰᠣᠯᠠ ᠲᠡᠵᠢᠭᠡᠬᠦ ᠬᠡᠯᠪᠡᠷᠢ ᠠᠴᠠ ᠣᠳᠣ ᠶᠢᠨ ︽ᠨᠠᠮ ᠤᠨ ᠡᠭᠦᠷ + ᠬᠤᠷᠰᠢᠶᠠᠵᠢᠯ + ᠮᠠᠯᠴᠢᠨ ᠲᠠᠷᠢᠶᠠᠴᠢᠨ︾ ᠤ ᠣᠳᠣᠬᠢᠴᠢᠯᠠᠭᠰᠠᠨ ᠰᠢᠨᠵᠢᠯᠡᠬᠦ ᠤᠬᠠᠭᠠᠨᠴᠢ ᠲᠡᠵᠢᠭᠡᠨ ᠦᠷᠡᠵᠢᠭᠦᠯᠬᠦ ᠬᠡᠪ ᠵᠠᠭᠪᠤᠷ ᠪᠣᠯᠤᠨ ᠬᠤᠪᠢᠷᠠᠵᠤ᠂ ᠭᠠᠴᠠᠭᠠᠨ ᠤ ᠶᠠᠳᠠᠭᠤ ᠬᠦᠴᠢᠷᠳᠡᠯᠲᠡᠢ ᠡᠷᠦᠬᠡ ᠨᠦᠭᠦᠳ ᠲᠡᠮᠡᠭᠡᠨ ᠤ ᠠᠵᠤ ᠦᠢᠯᠡᠰ ᠲᠤ ᠲᠦᠰᠢᠭᠯᠡᠨ ᠪᠦᠬᠦᠨ ᠢᠶᠠᠷ ᠢᠶᠠᠨ ᠶᠠᠳᠠᠭᠤ ᠠᠴᠠ ᠠᠩᠭᠢᠵᠢᠷᠠᠭᠰᠠᠨ ᠪᠠᠶᠢᠨ᠎ᠠ᠃ 2019 ᠣᠨ ᠳᠤ᠂ ᠭᠤᠷᠪᠠᠨ ᠲᠤᠯᠭ᠎ᠠ ᠭᠠᠴᠠᠭᠠᠨ ᠤ ᠬᠠᠮᠲᠤ ᠶᠢᠨ ᠠᠵᠤ ᠠᠬᠤᠢ ᠶᠢᠨ ᠣᠷᠣᠯᠭ᠎ᠠ 5.08 ᠲᠦᠮᠡᠨ ᠲᠥᠭᠦᠷᠢᠭ ᠨᠡᠮᠡᠭᠳᠡᠵᠦ᠂ ᠲᠤᠭᠲᠠᠭᠤᠨ ᠢᠶᠠᠷ ᠶᠠᠳᠠᠭᠤ ᠠᠴᠠ ᠠᠩᠭᠢᠵᠢᠷᠠᠭᠰᠠᠨ ᠡᠷᠦᠬᠡ ᠶᠢᠨ ᠣᠷᠣᠯᠭ᠎ᠠ 2000 ᠲᠥᠭᠦᠷᠢᠭ ᠠᠴᠠ ᠳᠡᠭᠡᠭᠰᠢ ᠨᠡᠮᠡᠭᠳᠡᠨ᠂ ᠭᠡᠪ ᠤᠨ ᠪᠠᠶᠢᠳᠠᠯ ᠢᠶᠠᠷ ᠶᠠᠳᠠᠭᠤ ᠠᠴᠠ ᠠᠩᠭᠢᠵᠢᠷᠠᠭᠰᠠᠨ ᠡᠷᠦᠬᠡ ᠶᠢᠨ ᠣᠷᠣᠯᠭ᠎ᠠ 1 ᠲᠦᠮᠡᠨ ᠲᠥᠭᠦᠷᠢᠭ ᠠᠴᠠ ᠳᠡᠭᠡᠭᠰᠢ ᠨᠡᠮᠡᠭᠳᠡᠭᠰᠡᠨ ᠪᠠᠶᠢᠨ᠎ᠠ᠃      ︽ᠤᠳᠤᠬᠠᠨ ᠳᠤ ᠮᠠᠨ ᠤ ᠭᠠᠴᠠᠭ᠎ᠠ ᠢᠩᠭᠡᠨ ᠰᠦ ᠪᠣᠯᠪᠠᠰᠤᠷᠠᠭᠤᠯᠬᠤ ᠨᠢᠭᠡ ᠦᠢᠯᠡᠳᠪᠦᠷᠢ ᠪᠠᠶᠢᠭᠤᠯᠵᠤ᠂ ᠮᠠᠯᠴᠢᠳ ᠰᠦ ᠪᠣᠷᠣᠯᠠᠭᠤᠯᠬᠤ᠂ ᠰᠦ ᠬᠠᠳᠠᠭᠠᠯᠠᠬᠤ ᠳᠤ ᠪᠦᠷ ᠤᠤᠯ ᠤᠨ ᠬᠢ ᠠᠴᠠ ᠬᠤᠯᠠ ᠳᠥᠭᠦᠮ ᠪᠣᠯᠵᠠᠢ᠃ ᠲᠠᠷᠠᠭᠠᠴᠢ ᠪᠠᠷ ᠪᠢᠳᠡ ᠭᠠᠴᠠᠭᠠᠨ ᠤ ᠲᠡᠮᠡᠭᠡᠨ ᠤ ᠠᠵᠤ ᠦᠢᠯᠡᠰ ᠤᠨ ᠬᠥᠭᠵᠢᠯᠲᠡ ᠶᠢᠨ ᠬᠡᠪᠴᠢᠶ᠎ᠡ ᠪᠠᠨ ᠤᠯᠠᠮ ᠨᠢᠭᠡ ᠠᠯᠬᠤᠮ ᠥᠷᠭᠡᠳᠬᠡᠵᠦ᠂ ᠭᠠᠴᠠᠭᠠᠨ ᠤ ᠮᠠᠯᠴᠢᠨ ᠲᠠᠷᠢᠶᠠᠴᠢᠨ ᠢᠶᠠᠨ ᠳᠠᠭᠠᠭᠤᠯᠤᠨ ᠲᠡᠮᠡᠭᠡ ᠲᠡᠵᠢᠭᠡᠵᠦ ᠪᠠᠶᠠᠵᠢᠬᠤ ᠳᠠᠷᠳᠠᠩ ᠵᠠᠮ ᠢᠶᠠᠷ ᠦᠷᠭᠦᠯᠵᠢᠯᠡᠨ ᠤᠷᠤᠭᠰᠢᠯᠠᠨ᠎ᠠ︕︾ ᠭᠡᠵᠦ ᠤᠳᠬᠤᠨᠪᠠᠭᠠᠲᠤᠷ ᠶᠠᠷᠢᠵᠤ ᠪᠠᠶᠢᠯ᠎ᠠ᠃      ᠰᠤᠷᠪᠤᠯᠵᠢᠯᠠᠭᠴᠢ ᠶᠢᠨ ᠡᠪᠦᠷ ᠲᠡᠮᠳᠡᠭᠯᠡᠯ᠄      6 ᠵᠢᠯ ᠤᠨ ᠡᠮᠦᠨ᠎ᠡ᠂ ᠣᠳᠬᠤᠨᠪᠠᠭᠠᠲᠤᠷ ᠮᠥᠨ ᠯᠠ ᠳᠠᠩᠰᠠᠯᠠᠵᠤ ᠺᠠᠷᠲᠯᠠᠭᠰᠠᠨ ᠶᠠᠳᠠᠭᠤ ᠬᠦᠴᠢᠷᠳᠡᠯᠲᠡᠶ ᠡᠷᠦᠬᠡ ᠪᠠᠶᠢᠯ᠎ᠠ᠃ 6 ᠵᠢᠯ ᠤᠨ ᠲᠤᠷᠰᠢ᠂ ᠨᠠᠮ ᠤᠨ ᠶᠠᠳᠠᠭᠤ ᠠᠴᠠ ᠠᠩᠭᠢᠵᠢᠷᠠᠭᠤᠯᠬᠤ ᠰᠢᠪᠳᠣᠯᠣᠯᠳᠠ ᠶᠢᠨ ᠰᠠᠶᠢᠨ ᠲᠥᠷᠥ ᠶᠢᠨ ᠪᠣᠳᠣᠯᠭ᠎ᠠ ᠶᠢᠨ ᠬᠠᠪᠰᠤᠷᠤᠯᠭ᠎ᠠ ᠳᠣᠣᠷ᠎ᠠ᠂ ᠲᠡᠷᠡ ᠥᠪᠡᠷ ᠤᠨ ᠴᠥᠬᠦᠷᠡᠰᠢ ᠦᠭᠡᠢ ᠴᠢᠷᠮᠠᠶᠢᠯᠭ᠎ᠠ ᠪᠠᠷ ᠢᠶᠠᠨ ᠲᠡᠮᠡᠭᠡᠨ ᠤ ᠠᠵᠤ ᠦᠢᠯᠡᠰ ᠢ ᠬᠥᠭᠵᠢᠭᠦᠯᠵᠦ᠂ ᠶᠠᠳᠠᠭᠤ ᠠᠴᠠ ᠠᠩᠭᠢᠵᠢᠷᠠᠨ ᠪᠠᠶᠠᠵᠢᠯ ᠤᠨ ᠵᠠᠮ ᠢᠶᠠᠷ ᠵᠠᠮᠨᠠᠪᠠ᠃ ᠠᠵᠢᠯᠴᠢ ᠬᠥᠳᠡᠯᠮᠦᠷᠢᠴᠢ ᠣᠳᠬᠤᠨᠪᠠᠭᠠᠲᠤᠷ ᠦᠪᠡᠷ ᠢᠶᠠᠨ ᠪᠠᠶᠠᠵᠢᠭᠰᠠᠨ ᠴᠤ ᠨᠤᠲᠤᠭ ᠤᠨ ᠬᠦᠮᠦᠰ ᠢᠶᠠᠨ ᠮᠠᠷᠲᠠᠭᠰᠠᠨ ᠦᠭᠡᠢ᠂ ᠲᠡᠷᠡ ᠥᠪᠡᠷ ᠤᠨ ᠢᠶᠠᠨ ᠭᠠᠴᠠᠭᠠᠨ ᠤ ᠨᠠᠮ ᠤᠨ ᠡᠭᠦᠷ ᠤᠨ ᠤᠬᠠᠭᠤᠯᠬᠤ ᠭᠡᠰᠢᠭᠦᠨ ᠪᠣᠯᠤᠭᠰᠠᠨ ᠡᠭᠦᠷᠭᠡ ᠬᠠᠷᠢᠭᠤᠴᠠᠯᠭ᠎ᠠ ᠪᠣᠯᠤᠨ ᠪᠠᠶᠠᠵᠢᠨ ᠴᠢᠨᠡᠭᠡᠯᠢᠭᠵᠢᠬᠦ ᠳᠠᠭᠠᠭᠤᠯᠤᠭᠴᠢ ᠶᠢᠨ ᠵᠢᠱᠢᠶ᠎ᠡ ᠦᠵᠡᠭᠦᠯᠬᠦ ᠦᠢᠯᠡᠳᠦᠯ ᠢᠶᠠᠨ ᠬᠦᠢᠴᠡᠳ ᠪᠠᠳᠠᠷᠠᠭᠤᠯᠵᠤ᠂ ᠶᠠᠳᠠᠭᠤ ᠠᠴᠠ ᠠᠩᠭᠢᠵᠢᠷᠠᠭᠤᠯᠬᠤ ᠰᠢᠪᠳᠣᠯᠣᠯᠳᠠ ᠶᠢᠨ ᠲᠥᠷᠥ ᠶᠢᠨ ᠪᠣᠳᠣᠯᠭ᠎ᠠ ᠶᠢ ᠤᠬᠠᠭᠤᠯᠬᠤ ᠪᠠ ᠭᠠᠴᠠᠭᠠᠨ ᠤ ᠶᠠᠳᠠᠭᠤ ᠬᠦᠴᠢᠷᠳᠡᠯᠲᠡᠶ ᠡᠷᠦᠬᠡ ᠶᠢ ᠬᠠᠪᠰᠤᠷᠤᠨ ᠲᠡᠳᠬᠦᠵᠦ ᠶᠠᠳᠠᠭᠤ ᠠᠴᠠ ᠨᠢ ᠠᠩᠭᠢᠵᠢᠷᠠᠭᠤᠯᠤᠨ ᠪᠠᠶᠠᠵᠢᠭᠤᠯᠬᠤ ᠠᠵᠢᠯ ᠳᠤ ᠣᠷᠣᠯᠴᠠᠨ᠂ ᠶᠠᠳᠠᠭᠤ ᠬᠦᠴᠢᠷᠳᠡᠯᠲᠡᠶ ᠡᠷᠦᠬᠡ ᠶᠢ ᠶᠠᠳᠠᠭᠤ ᠠᠴᠠ ᠠᠩᠭᠢᠵᠢᠷᠠᠨ ᠪᠠᠶᠠᠵᠢᠬᠤ ᠰᠠᠷᠠᠭᠤᠯ ᠳᠠᠷᠳᠠᠩ ᠵᠠᠮ ᠢᠶᠠᠷ ᠵᠠᠮᠨᠠᠭᠤᠯᠵᠤ᠂ ᠣᠬᠤᠷᠬᠠᠨ ᠬᠡᠳᠦᠨ ᠵᠢᠯ ᠤᠨ ᠳᠣᠲᠣᠷ᠎ᠠ᠂ ᠭᠠᠴᠠᠭᠠᠨ ᠤ ᠶᠠᠳᠠᠭᠤ ᠬᠦᠴᠢᠷᠳᠡᠯᠲᠡᠶ ᠡᠷᠦᠬᠡ ᠲᠡᠮᠡᠭᠡᠨ ᠤ ᠠᠵᠤ ᠦᠢᠯᠡᠰ ᠢ ᠬᠥᠭᠵᠢᠭᠦᠯᠬᠦ ᠳᠤ ᠲᠦᠰᠢᠭᠯᠡᠨ ᠪᠦᠬᠦᠨ ᠢᠶᠠᠷ ᠢᠶᠠᠨ ᠶᠠᠳᠠᠭᠤ ᠠᠴᠠ ᠠᠩᠭᠢᠵᠢᠷᠠᠭᠰᠠᠨ ᠪᠠᠶᠢᠨ᠎ᠠ᠃      ᠡᠪ ᠬᠠᠮᠲᠤ ᠨᠠᠮ ᠤᠨ ᠭᠡᠰᠢᠭᠦᠨ ᠪᠤᠯᠤᠭᠰᠠᠨ ᠤ ᠬᠤᠪᠢ ᠳᠤ ᠣᠳᠣᠬᠠᠨ ᠳᠤ ᠤᠳᠬᠤᠨᠪᠠᠭᠠᠲᠤᠷ ᠮᠥᠨ ᠯᠠ ᠨᠠᠮ ᠤᠨ ᠭᠡᠰᠢᠭᠦᠨ ᠤ ᠬᠤᠰᠢᠭᠤᠴᠢ ᠵᠢᠱᠢᠶᠠᠴᠢ ᠦᠢᠯᠡᠳᠦᠯ ᠢᠶᠠᠨ ᠪᠠᠳᠠᠷᠠᠭᠤᠯᠵᠤ᠂ ᠭᠠᠴᠠᠭᠠᠨ ᠤ ᠣᠯᠠᠨ ᠲᠦᠮᠡᠨ ᠢᠶᠠᠨ ᠪᠠᠶᠠᠵᠢᠨ ᠴᠢᠨᠡᠭᠡᠯᠢᠭᠵᠢᠬᠦᠯᠬᠦ ᠶᠢᠨ ᠲᠥᠯᠥᠭᠡ ᠲᠡᠮᠡᠴᠡᠵᠦ ᠪᠠᠶᠢᠨ᠎ᠠ᠃ ᠲᠡᠭᠦᠨ ᠤ ᠦᠢᠯᠡ ᠠᠵᠢᠯᠯᠠᠭ᠎ᠠ ᠨᠢ ᠤᠳᠤ ᠦᠶ᠎ᠡ ᠶᠢᠨ ᠡᠪ ᠬᠠᠮᠲᠤ ᠨᠠᠮ ᠤᠨ ᠭᠡᠰᠢᠭᠦᠨ ᠤ ᠬᠠᠶᠢᠷ᠎ᠠ ᠰᠡᠳᠬᠢᠯᠭᠡ ᠪᠠ ᠡᠭᠦᠷᠭᠡᠯᠡᠯ ᠢ ᠭᠦᠢᠴᠡᠳ ᠢᠯᠡᠷᠡᠭᠦᠯᠦᠭᠰᠡᠨ ᠪᠠᠶᠢᠨ᠎ᠠ᠃
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号