ᠪᠠᠶᠠᠠᠨᠢᠷᠤᠭᠤᠨ ᠰᠤᠮᠤ ᠬᠠᠮᠳᠤ ᠶᠢᠨ ᠠᠵᠤ ᠠᠬᠤᠢ ᠶᠢ ᠬᠦᠭᠵᠢᠭᠦᠯᠵᠤ ᠬᠠᠮᠳᠤᠪᠠᠷ ᠠᠰᠢᠭ ᠬᠦᠷᠳᠡᠬᠦ ᠴᠢᠨᠡᠭᠡᠯᠢᠭᠵᠢᠯ ᠤᠨ ᠵᠠᠮ ᠢ ᠲᠡᠪᠢᠰᠦᠯ᠎ᠠ
ᠨᠡᠶᠢᠲᠡᠯᠡᠭᠰᠡᠨ ᠴᠠᠭ᠄
2020/6/30
      2018 ᠤᠨ ᠳᠤ ᠶᠡᠬᠡᠪᠤᠯᠠᠭ ᠪᠤᠯᠤᠨ ᠬᠠᠷᠮᠠᠬᠳᠠᠢ ᠬᠤᠶᠠᠷ ᠭᠠᠴᠠᠭᠠᠨ ᠤ ᠶᠠᠳᠠᠭᠤ ᠬᠦᠴᠢᠷᠳᠡᠯᠳᠡᠢ 110 ᠡᠷᠦᠬᠡ ᠪᠦᠭᠦᠳᠡᠭᠡᠷ ᠢᠶᠠᠨ ᠶᠠᠳᠠᠭᠤ ᠠᠴᠠ ᠠᠩᠭᠢᠵᠢᠷᠠᠬᠤ ᠶᠢ ᠲᠠᠭᠠᠯᠳᠤᠨ ᠠᠯᠠᠱᠠ ᠵᠡᠭᠦᠨ ᠬᠤᠰᠢᠭᠤᠨ ᠤ ᠪᠠᠶᠠᠠᠨᠢᠷᠤᠭᠤᠨ ᠰᠤᠮᠤᠨ ᠤ ᠶᠠᠳᠠᠭᠤ ᠠᠴᠠ ᠠᠩᠬᠢᠵᠢᠷᠠᠭᠤᠯᠬᠤ ᠰᠢᠪᠳᠣᠯᠣᠯᠳᠠ ᠶᠢᠨ ᠠᠵᠢᠯ ᠱᠠᠳᠤᠴᠢ ᠴᠢᠨᠠᠷᠲᠠᠢ ᠠᠮᠵᠢᠯᠳᠠ ᠤᠯᠵᠤ᠂ ᠰᠤᠮᠤᠨ ᠤ ᠨᠠᠮ ᠵᠠᠰᠠᠭ ᠠᠴᠠ ᠶᠠᠳᠠᠭᠤ ᠶᠢ ᠲᠡᠳᠬᠦᠬᠦ ᠠᠵᠢᠯ ᠤᠨ ᠦᠷ᠎ᠡ ᠪᠦᠳᠦᠮᠵᠢ ᠪᠠᠨ ᠪᠠᠳᠤᠳᠬᠠᠬᠤ ᠶᠢᠨ ᠲᠤᠯᠠᠳᠠ ᠭᠠᠴᠠᠭᠠᠨ ᠤ ᠬᠠᠮᠳᠤ ᠶᠢᠨ ᠠᠵᠤ ᠠᠬᠤᠢ ᠶᠢ ᠬᠦᠭᠵᠢᠭᠦᠯᠬᠦ ᠠᠵᠢᠯ ᠢ ᠦᠷᠭᠦᠯᠵᠢᠯᠡᠨ ᠴᠢᠩᠭ᠎ᠠ ᠠᠳᠬᠤᠨ᠂ ᠮᠠᠯᠴᠢᠨ ᠲᠠᠷᠢᠶᠠᠴᠢᠳ ᠤᠨ ᠤᠷᠤᠯᠭ᠎ᠠ ᠶᠢᠨ ᠢᠷᠠᠯᠳᠠ ᠶᠢ ᠪᠠᠳᠤᠯᠠᠵᠤ᠂ ᠦᠵᠡᠰᠭᠦᠯᠡᠩᠳᠤ ᠰᠠᠶᠢᠬᠠᠨ ᠬᠦᠳᠡᠭᠡ ᠲᠤᠰᠬᠤᠨ ᠢ ᠪᠦᠳᠦᠭᠡᠨ ᠪᠠᠶᠢᠭᠤᠯᠬᠤ ᠠᠬᠢᠴᠠ ᠶᠢ ᠲᠦᠷᠭᠡᠳᠭᠡᠨ᠂ ᠬᠠᠮᠳᠤ ᠶᠢᠨ ᠠᠵᠤ ᠠᠬᠤᠢ ᠠᠴᠠ ᠬᠠᠮᠳᠤᠪᠠᠷ ᠠᠰᠢᠭ ᠬᠦᠷᠳᠡᠬᠦ ᠰᠢᠨ᠎ᠡ ᠵᠠᠮ ᠢ ᠨᠡᠭᠡᠭᠡᠵᠤ ᠪᠠᠶᠢᠨ᠎ᠠ᠃       ︽ᠨᠠᠮ ᠵᠠᠰᠠᠭ ᠤᠨ ᠬᠠᠶᠢᠷ᠎ᠠ ᠬᠠᠯᠠᠮᠵᠢ ᠪᠠᠷ ᠮᠠᠨᠠᠶᠢᠬᠢᠨ ᠬᠠᠭᠤᠴᠢᠨ ᠰᠢᠪᠠᠷ ᠪᠠᠶᠢᠰᠢᠩ ᠠᠴᠠ ᠪᠠᠨ ᠰᠢᠨ᠎ᠡ ᠲᠤᠭᠤᠰᠬᠠᠨ ᠭᠡᠷ ᠲᠠᠢ ᠪᠤᠯᠵᠤ᠂ ᠰᠠᠷ᠎ᠠ ᠪᠤᠯᠭᠠᠨ ᠨᠠᠰᠤᠵᠢᠯ ᠤᠨ ᠠᠰᠠᠷᠠᠮᠵᠢ ᠶᠢᠨ ᠴᠠᠯᠢᠩ ᠬᠦᠷᠳᠡᠵᠤ᠂ ᠠᠮᠢᠳᠤᠷᠠᠯ ᠤᠨ ᠲᠦᠯᠦᠭᠡ ᠰᠠᠨᠠᠭ᠎ᠠ ᠵᠤᠪᠠᠭ᠋ᠤ ᠵᠦᠢᠯ ᠦᠭᠡᠢ ᠪᠤᠯᠵᠡᠢ︾ ᠭᠡᠵᠤ 71 ᠨᠠᠰᠤᠲᠠᠢ ᠶᠡᠬᠡᠪᠤᠯᠠᠭ ᠭᠠᠴᠠᠭᠠᠨ ᠤ ᠲᠠᠷᠢᠶᠠᠴᠢᠨ ᠬᠠᠨ ᠽᠦᠸᠧ ᠯᠢᠨ ᠦᠳᠡᠯᠦᠭᠡ ᠨᠠᠰᠤ ᠪᠠᠨ ᠵᠢᠷᠭᠠᠯ ᠲᠠᠢ ᠦᠩᠭᠡᠷᠡᠭᠦᠯᠵᠤ ᠪᠠᠶᠢᠬᠤ ᠰᠡᠳᠭᠢᠯ ᠢᠶᠠᠨ ᠶᠠᠷᠢᠨ᠎ᠠ᠃ ᠡᠳᠡᠨᠡᠶᠢᠬᠢᠨ ᠤᠤᠯ ᠳᠠᠭᠠᠨ ᠶᠠᠳᠠᠭᠤ ᠬᠦᠴᠢᠷᠳᠡᠯᠳᠡᠢ ᠡᠷᠦᠬᠡ ᠪᠠᠶᠢᠵᠤ᠂ ᠤᠯᠤᠰ ᠤᠨ ᠶᠠᠳᠠᠭᠤ ᠠᠴᠠ ᠠᠩᠬᠢᠵᠢᠷᠠᠭᠤᠯᠬᠤ ᠰᠢᠪᠳᠣᠯᠣᠯᠳᠠ ᠶᠢᠨ ᠲᠦᠷᠦ ᠶᠢᠨ ᠪᠤᠳᠤᠯᠭ᠎ᠠ ᠶᠢᠨ ᠬᠠᠷᠠᠭᠠᠯᠵᠠᠯ ᠲᠡᠮᠵᠢᠯᠭᠡ ᠪᠠᠷ ᠲᠦᠴᠢᠭᠡᠳ ᠲᠡᠭᠰᠢ ᠲᠦᠷᠪᠡᠯᠵᠢᠨ ᠮᠧᠲᠷ ᠲᠠᠯᠠᠪᠠᠢ ᠲᠠᠢ ᠬᠠᠭᠤᠴᠢᠨ ᠰᠢᠪᠠᠷ ᠪᠠᠶᠢᠰᠢᠩ ᠢᠶᠠᠨ ᠨᠤᠷᠠᠭᠠᠵᠤ᠂ 80 ᠲᠡᠭᠰᠢ ᠲᠦᠷᠪᠡᠯᠵᠢᠨ ᠮᠧᠲᠷ ᠤᠨ ᠲᠤᠭᠤᠰᠬᠠᠨ ᠭᠡᠷ ᠲᠠᠢ ᠪᠤᠯᠵᠤ᠂ ᠲᠦᠭᠡᠭᠡᠯ ᠤᠰᠤ᠂ ᠴᠠᠬᠢᠯᠭᠠᠨ᠂ ᠰᠦᠯᠵᠢᠶ᠎ᠡ ᠬᠡᠷᠡᠭᠯᠡᠵᠤ ᠴᠢᠳᠠᠬᠰᠠᠨ ᠢᠶᠠᠷ ᠪᠠᠷᠠᠬᠤ ᠦᠭᠡᠢ ᠨᠡᠶᠢᠳᠡ ᠶᠢᠨ ᠲᠤᠯᠠᠭᠠᠯᠠᠮᠵᠢ ᠨᠡᠪᠳᠡᠷᠡᠭᠦᠯᠵᠤ᠂ ᠬᠤᠳᠠ ᠶᠢᠨ ᠠᠶᠢᠯ ᠲᠠᠢ ᠠᠳᠠᠯᠢᠬᠠᠨ ᠨᠦᠭᠦᠴᠡᠯ ᠢ ᠪᠦᠷᠢᠯᠳᠦᠭᠦᠯᠵᠤ ᠠᠪᠴᠡᠢ᠃        ᠪᠠᠶᠠᠨᠨᠢᠷᠤᠭᠤᠨ ᠰᠤᠮᠤᠨ ᠤ ᠶᠡᠬᠡᠪᠤᠯᠠᠭ ᠭᠠᠴᠠᠭ᠎ᠠ ᠶᠠᠳᠠᠭᠤ ᠠᠴᠠ ᠠᠩᠬᠢᠵᠢᠷᠠᠬᠰᠠᠨ ᠤ ᠲᠠᠷᠠᠭᠠᠬᠢ ᠠᠮᠵᠢᠯᠳᠠ ᠪᠦᠳᠦᠮᠵᠢ ᠪᠠᠨ ᠪᠠᠳᠤᠳᠬᠠᠵᠤ᠂ ᠡᠯ᠎ᠡ ᠵᠦᠢᠯ ᠤᠨ ᠰᠢᠯᠳᠠᠭᠠᠨ ᠠᠴᠠ ᠪᠤᠯᠵᠤ ᠲᠠᠬᠢᠨ ᠶᠠᠳᠠᠭᠤᠷᠠᠬᠤ ᠶᠢ ᠰᠡᠷᠭᠡᠶᠢᠯᠡᠵᠤ᠂ ᠶᠠᠳᠠᠭᠤ ᠠᠴᠠ ᠠᠩᠬᠢᠵᠢᠷᠠᠬᠰᠠᠨ ᠡᠷᠦᠬᠡ ᠶᠢᠨ ᠠᠮᠢᠳᠤᠷᠠᠯ ᠤᠷᠤᠯᠭ᠎ᠠ ᠶᠢ ᠪᠠᠳᠤᠯᠠᠬᠤ ᠪᠠᠷ 2019 ᠤᠨ ᠳᠤ ᠭᠠᠴᠠᠭᠠᠨ ᠳᠤ ᠰᠠᠭᠤᠭ᠎ᠠ ᠶᠠᠳᠠᠭᠤ ᠶᠢ ᠲᠡᠳᠬᠦᠬᠦ ᠠᠵᠢᠯ ᠤᠨ ᠠᠩᠬᠢ ᠪᠤᠯᠤᠨ ᠭᠠᠴᠠᠭᠠᠨ ᠤ ᠬᠤᠶᠠᠷ ᠵᠦᠪᠯᠡᠯ ᠤᠨ ᠬᠢᠨ ᠶᠠᠷᠢᠯᠴᠠᠨ ᠵᠦᠪᠳᠡᠯᠴᠡᠬᠦ ᠪᠠᠷ ᠲᠠᠮᠵᠢᠨ ᠭᠠᠴᠠᠭᠠᠨ ᠤ ᠨᠡᠶᠢᠳᠡ ᠶᠢᠨ ᠪᠡᠯᠴᠢᠭᠡᠷ ᠢ ᠠᠰᠢᠬᠯᠠᠨ ᠲᠡᠵᠢᠭᠡᠪᠦᠷᠢ ᠶᠢᠨ ᠦᠢᠯᠡᠰ ᠡᠷᠬᠢᠯᠡᠵᠤ ᠬᠠᠮᠳᠤ ᠶᠢᠨ ᠠᠵᠤ ᠠᠬᠤᠢ ᠶᠢ ᠬᠦᠭᠵᠢᠭᠦᠯᠬᠦ ᠰᠢᠨ᠎ᠡ ᠠᠷᠭ᠎ᠠ ᠵᠠᠮ ᠨᠡᠭᠡᠭᠡᠬᠦ ᠠᠵᠢᠯ ᠳᠤ ᠰᠠᠨᠠᠯ ᠨᠢᠭᠡᠳᠦᠭᠰᠡᠨ ᠪᠠᠶᠢᠨ᠎ᠠ᠃ ᠡᠶᠢᠨᠬᠦ ᠨᠢᠳᠤᠨᠤᠨ ᠵᠢᠯ ᠤᠨ 10 ᠰᠠᠷ᠎ᠠ ᠳᠤ ᠭᠠᠴᠠᠭᠠᠨ ᠳᠤ ᠰᠠᠭᠤᠭ᠎ᠠ ᠶᠠᠳᠠᠭᠤ ᠶᠢ ᠲᠡᠳᠬᠦᠬᠦ ᠠᠵᠢᠯ ᠤᠨ ᠠᠩᠬᠢ ᠪᠤᠯᠤᠨ ᠭᠠᠴᠠᠭᠠᠨ ᠤ ᠬᠤᠶᠠᠷ ᠵᠦᠪᠯᠡᠯ ᠤᠨ ᠤᠳᠤᠷᠢᠳᠤᠯᠭ᠎ᠠ ᠶᠢᠨ ᠬᠠᠮᠳᠤ ᠶᠢᠨ ᠴᠢᠷᠮᠠᠶᠢᠯᠭ᠎ᠠ ᠪᠠᠷ ᠶᠠᠳᠠᠭᠤ ᠶᠢ ᠲᠡᠳᠬᠦᠬᠦ ᠲᠦᠷᠦᠯ ᠵᠦᠢᠯ ᠤᠨ 168 ᠲᠦᠮᠡᠨ ᠲᠦᠭᠦᠷᠢᠭ ᠢ ᠲᠡᠮᠡᠴᠡᠨ ᠤᠯᠵᠤ᠂ 14000 ᠲᠡᠭᠰᠢ ᠲᠦᠷᠪᠡᠯᠵᠢᠨ ᠮᠧᠲᠷ ᠲᠠᠯᠠᠪᠠᠢ ᠲᠠᠢ ᠶᠡᠷᠦᠩᠬᠡᠶᠢᠯᠡᠭᠰᠡᠨ ᠲᠡᠵᠢᠭᠡᠪᠦᠷᠢ ᠶᠢᠨ ᠰᠠᠭᠤᠷᠢᠨ ᠭᠠᠵᠠᠷ ᠢ ᠪᠦᠳᠦᠭᠡᠨ ᠪᠠᠶᠢᠭᠤᠯᠬᠤ ᠠᠵᠢᠯ ᠢᠶᠠᠨ ᠡᠬᠢᠯᠡᠭᠦᠯᠦᠭᠰᠡᠨ ᠤ ᠲᠠᠭᠠᠤ ᠳᠤ ᠨᠡᠭᠦᠯᠭᠡᠨ ᠰᠢᠯᠵᠢᠭᠦᠯᠬᠦ ᠪᠠᠷ ᠶᠠᠳᠠᠭᠤ ᠶᠢ ᠲᠡᠳᠬᠦᠬᠦ ᠲᠦᠷᠦᠯ ᠵᠦᠢᠯ ᠤᠨ 203.5 ᠲᠦᠮᠡᠨ ᠲᠦᠭᠦᠷᠢᠭ ᠢᠶᠠᠷ 40 ᠢᠩᠬᠡ᠂ 150 ᠨᠤᠳᠤᠭ ᠤᠨ ᠰᠢᠷ᠎ᠠ ᠦᠭᠡᠷ᠂ 160 ᠨᠤᠳᠤᠬ ᠤᠨ ᠬᠤᠨᠢ ᠬᠤᠳᠠᠯᠳᠤᠨ ᠠᠪᠴᠤ᠂ ᠭᠠᠴᠠᠭᠠᠨ ᠤ ᠮᠠᠯᠴᠢᠨ ᠲᠠᠷᠢᠶᠠᠴᠢᠨ ᠠᠶᠢᠯ ᠳᠤ ᠬᠤᠪᠢᠶᠠᠨ ᠦᠭᠴᠦ ᠲᠡᠵᠢᠭᠡᠯᠭᠡᠵᠤ ᠪᠠᠶᠢᠨ᠎ᠠ᠃ ᠤᠳᠤᠬᠠᠨ ᠳᠤ ᠲᠤᠰ ᠭᠠᠴᠭᠠᠠᠨ ᠤ ᠶᠡᠷᠦᠩᠬᠡᠶᠢᠯᠡᠭᠰᠡᠨ ᠲᠡᠵᠢᠭᠡᠪᠦᠷᠢ ᠶᠢᠨ ᠰᠠᠭᠤᠷᠢᠨ ᠭᠠᠵᠠᠷ ᠤᠨ ᠪᠦᠳᠦᠭᠡᠨ ᠪᠠᠶᠢᠭᠤᠯᠤᠯᠳᠠ ᠶᠢᠨ ᠠᠵᠢᠯ ᠰᠢᠪᠳᠣᠷᠠᠭᠠᠨ ᠳᠠᠭᠠᠨ ᠤᠷᠤᠵᠤ᠂ 9 ᠰᠠᠷ᠎ᠠ ᠶᠢᠨ ᠰᠡᠭᠦᠯᠴᠢ ᠪᠠᠷ ᠠᠰᠢᠬᠯᠠᠯᠳᠠ ᠳᠤ ᠤᠷᠤᠬᠤ ᠪᠤᠯᠤᠨ᠎ᠠ᠃ ︽ᠡᠨᠡ ᠵᠢᠯ ᠮᠠᠨ ᠤ ᠭᠠᠴᠠᠭᠠᠨ ᠤ ᠬᠠᠮᠳᠤ ᠶᠢᠨ ᠠᠵᠤ ᠠᠬᠤᠢ ᠶᠢ ᠬᠦᠭᠵᠢᠭᠦᠯᠬᠦ 160 ᠦᠭᠡᠷ ᠠᠴᠠ 70 ᠭᠠᠷᠤᠢ ᠲᠤᠭᠤᠯ ᠲᠤᠰᠴᠡᠢ᠂ ᠵᠠᠬ᠎ᠠ ᠶᠢᠨ ᠦᠨ᠎ᠡ ᠬᠠᠩᠰᠢ ᠪᠠᠷ ᠨᠢᠭᠡ ᠲᠤᠭᠤᠯ ᠢ 3000 ᠲᠦᠭᠦᠷᠢᠭ ᠢᠶᠠᠷ ᠪᠤᠳᠤᠪᠠᠯ 21 ᠲᠦᠮᠨᠨ ᠲᠦᠭᠦᠷᠢᠭ ᠲᠤ ᠬᠦᠷᠦᠨ᠎ᠡ᠂ ᠲᠡᠭᠡᠪᠡᠯ ᠬᠤᠨᠢ᠂ ᠲᠡᠮᠡᠭᠡᠨ ᠤ ᠠᠰᠢᠭ ᠤᠷᠤᠯᠭ᠎ᠠ ᠪᠠᠨ ᠨᠡᠮᠡᠪᠡᠯ ᠵᠢᠯ ᠤᠨ ᠶᠡᠷᠦᠩᠬᠡᠢ ᠤᠷᠤᠯᠭ᠎ᠠ 100 ᠲᠦᠮᠨᠨ ᠲᠦᠭᠦᠷᠢᠭ ᠲᠤ ᠬᠦᠷᠴᠢᠭᠡᠨ᠎ᠡ᠂ ᠭᠠᠴᠠᠭᠠᠨ ᠤ ᠬᠠᠮᠳᠤ ᠶᠢᠨ ᠠᠵᠤ ᠦᠢᠯᠡᠰ ᠢᠶᠠᠨ ᠬᠦᠭᠵᠢᠭᠦᠯᠪᠡᠯ ᠨᠡᠶᠢᠳᠡ ᠶᠢᠨ ᠤᠷᠤᠯᠭ᠎ᠠ ᠨᠡᠮᠡᠭᠳᠡᠨ᠎ᠡ᠂ ᠨᠡᠶᠢᠳᠡ ᠶᠢᠨ ᠤᠷᠤᠯᠭ᠎ᠠ ᠨᠡᠮᠡᠭᠳᠡᠪᠡᠯ ᠭᠠᠴᠠᠭᠠᠨ ᠤ ᠡᠯ᠎ᠡ ᠵᠦᠢᠯ ᠤᠨ ᠠᠵᠢᠯ ᠢ ᠬᠢᠬᠦ ᠳᠤ ᠪᠡᠯᠡ ᠮᠦᠩᠭᠦᠨ ᠤ ᠪᠠᠳᠤᠯᠠᠭ᠎ᠠ ᠲᠠᠢ ᠪᠤᠯᠬᠤ ᠪᠠᠷ ᠪᠠᠷᠠᠬᠤ ᠦᠭᠡᠢ ᠮᠠᠯᠴᠢᠨ ᠲᠠᠷᠢᠶᠠᠴᠢᠨ ᠢ ᠲᠡᠵᠢᠭᠡᠪᠦᠷᠢ ᠶᠢᠨ ᠰᠠᠭᠤᠷᠢᠨ ᠭᠠᠵᠠᠷ ᠲᠤ ᠠᠵᠢᠯᠯᠠᠭᠤᠯᠵᠤ᠂ ᠴᠠᠯᠢᠩ ᠮᠦᠩᠭᠦ ᠤᠯᠭᠤᠨ᠂ ᠲᠡᠳᠡᠨᠡᠷ ᠤᠨ ᠤᠷᠤᠯᠭ᠎ᠠ ᠶᠢ ᠨᠡᠮᠡᠭᠳᠡᠬᠦᠯᠵᠤ ᠴᠢᠳᠠᠨ᠎ᠠ︾ ᠭᠡᠵᠤ ᠶᠡᠬᠡᠪᠤᠯᠠᠭ ᠭᠠᠴᠠᠭᠠᠨ ᠤ ᠨᠠᠮ ᠤᠨ ᠡᠭᠦᠷ ᠤᠨ ᠱᠦᠵᠢ᠂ ᠭᠠᠴᠠᠭᠠᠨ ᠲᠠᠷᠤᠭ᠎ᠠ ᠤᠯᠠᠭᠠᠨᠴᠡᠴᠡᠭ ᠶᠠᠷᠢᠵᠤ ᠪᠠᠶᠢᠪᠠ᠃        ᠭᠠᠴᠠᠭᠠᠨ ᠤ ᠬᠠᠮᠳᠤ ᠶᠢᠨ ᠠᠵᠤ ᠦᠢᠯᠡᠰ ᠢ ᠬᠦᠭᠵᠢᠭᠦᠯᠵᠤ᠂ ᠨᠡᠶᠢᠳᠡ ᠶᠢᠨ ᠠᠰᠢᠭ ᠤᠷᠤᠯᠭ᠎ᠠ ᠶᠢ ᠲᠡᠭᠡᠭᠰᠢᠯᠡᠭᠦᠯᠬᠦ ᠨᠢ ᠶᠠᠳᠠᠭᠤ ᠬᠦᠴᠢᠷᠳᠡᠯᠳᠡᠢ ᠡᠷᠦᠬᠡ ᠶᠢᠨ ᠶᠠᠳᠠᠭᠤ ᠠᠴᠠ ᠠᠩᠬᠢᠵᠢᠷᠠᠬᠰᠠᠨ ᠤ ᠲᠠᠷᠠᠭᠠᠬᠢ ᠤᠷᠤᠯᠭ᠎ᠠ ᠶᠢᠨ ᠢᠷᠡᠯᠳᠡ ᠶᠢ ᠪᠠᠳᠤᠯᠠᠬᠤ ᠬᠠᠮᠤᠭ ᠤᠨ ᠰᠠᠶᠢᠨ ᠠᠷᠭ᠎ᠠ ᠮᠦᠷᠳᠡᠭᠡᠨ ᠨᠡᠶᠢᠳᠡ ᠶᠢᠨ ᠤᠷᠤᠯᠭ᠎ᠠ ᠶᠢᠨ ᠨᠡᠮᠡᠭᠳᠡᠯ ᠢᠶᠠᠷ ᠭᠠᠴᠠᠭᠠᠨ ᠤ ᠡᠯ᠎ᠡ ᠠᠵᠢᠯ ᠲᠦᠷᠦᠯ ᠤᠨ ᠠᠬᠢᠴᠠ ᠶᠢ ᠲᠦᠷᠭᠡᠳᠭᠡᠬᠦ ᠳᠤ ᠠᠵᠤ ᠠᠬᠤᠢ ᠶᠢᠨ ᠪᠠᠳᠤᠯᠠᠭ᠎ᠠ ᠪᠤᠯᠳᠠᠭ᠃ ᠪᠠᠶᠠᠨᠨᠢᠷᠤᠭᠤᠨ ᠰᠤᠮᠤᠨ ᠤ ᠬᠠᠷᠮᠠᠬᠳᠠᠢ ᠭᠠᠴᠠᠭ᠎ᠠ ᠨᠢᠳᠤᠨᠤᠨ ᠵᠢᠯ ᠭᠠᠴᠭᠠᠠᠨ ᠳᠤ ᠤᠳᠠᠭᠠᠨ ᠵᠢᠯ ᠠᠰᠢᠬᠯᠠᠵᠤ ᠴᠢᠳᠠᠭ᠎ᠠ ᠦᠭᠡᠢ ᠨᠢᠭᠡ ᠲᠡᠵᠢᠭᠡᠪᠦᠷᠢ ᠶᠢᠨ ᠲᠠᠯᠠᠪᠠᠢ ᠶᠢ ᠦᠷᠭᠡᠳᠭᠡᠨ ᠪᠠᠶᠢᠭᠤᠯᠵᠤ᠂ ᠬᠠᠮᠳᠤ ᠶᠢᠨ ᠲᠡᠵᠢᠭᠡᠪᠦᠷᠢ ᠶᠢᠨ ᠦᠢᠯᠡᠰ ᠡᠷᠬᠢᠯᠡᠬᠦ ᠪᠠᠷ 40 ᠶᠠᠳᠠᠭᠤ ᠬᠦᠴᠢᠷᠳᠡᠯᠳᠡᠢ ᠡᠷᠦᠬᠡ ᠶᠢᠨ ᠶᠠᠳᠠᠭᠤ ᠠᠴᠠ ᠠᠩᠬᠢᠵᠢᠷᠠᠬᠰᠠᠨ ᠤ ᠲᠠᠷᠠᠭᠠᠬᠢ ᠠᠮᠢᠳᠤᠷᠠᠯ ᠳᠤ ᠦᠷᠭᠦᠯᠵᠢᠯᠡᠨ ᠰᠢᠨ᠎ᠡ ᠵᠠᠮ ᠨᠡᠭᠡᠭᠡᠨ ᠦᠭᠴᠦ ᠪᠠᠶᠢᠨ᠎ᠠ᠃ ᠲᠤᠰ ᠭᠠᠴᠠᠭ᠎ᠠ ᠬᠠᠭᠤᠴᠢᠨ ᠲᠡᠵᠢᠭᠡᠪᠦᠷᠢ ᠶᠢᠨ ᠲᠠᠯᠠᠪᠠᠢ ᠶᠢᠨ ᠰᠠᠭᠤᠷᠢᠨ ᠲᠡᠭᠡᠷ᠎ᠡ ᠨᠢᠳᠤᠨᠤᠨ ᠵᠢᠯ ᠲᠡᠭᠡᠷ᠎ᠡ ᠱᠠᠳᠤᠨ ᠤ ᠬᠠᠮᠢᠶ᠎ᠠ ᠪᠦᠬᠦᠢ ᠰᠠᠯᠠᠭ᠎ᠠ ᠮᠦᠴᠢᠷ ᠠᠴᠠ 180 ᠲᠦᠮᠡᠨ ᠲᠦᠭᠦᠷᠢᠭ ᠤᠨ ᠶᠠᠳᠠᠭᠤ ᠶᠢ ᠲᠡᠳᠬᠦᠬᠦ ᠲᠦᠷᠦᠯ ᠵᠦᠢᠯ ᠤᠨ ᠪᠡᠯᠡ ᠮᠦᠩᠭᠦ ᠭᠤᠶᠤᠴᠢᠯᠠᠨ ᠤᠯᠵᠤ᠂ ᠰᠢᠨ᠎ᠡ ᠪᠠᠷ 1000 ᠲᠡᠭᠰᠢ ᠲᠦᠷᠪᠡᠯᠵᠢᠨ ᠮᠧᠲᠷ ᠲᠠᠯᠠᠪᠠᠢ ᠲᠠᠢ ᠡᠪᠡᠰᠦ ᠪᠤᠷᠳᠤᠭ᠎ᠠ ᠶᠢ ᠲᠠᠯᠬᠠᠯᠠᠵᠤ ᠦᠢᠯᠡᠳᠪᠦᠷᠢᠯᠡᠬᠦ ᠦᠢᠯᠡᠳᠪᠦᠷᠢ ᠪᠠᠶᠢᠭᠤᠯᠵᠤ᠂ ᠲᠡᠵᠢᠭᠡᠪᠦᠷᠢ ᠶᠢᠨ ᠲᠠᠯᠠᠪᠠᠢ ᠶᠢᠨ ᠰᠠᠭᠤᠷᠢ ᠲᠦᠬᠦᠭᠡᠷᠦᠮᠵᠢ ᠶᠢᠨ ᠪᠦᠳᠦᠭᠡᠨ ᠪᠠᠶᠢᠭᠤᠯᠤᠯᠳᠠ ᠪᠠᠨ ᠰᠢᠨᠡᠳᠭᠡᠨ ᠦᠷᠭᠡᠳᠭᠡᠵᠤ᠂ ᠠᠯᠠᠱᠠ ᠵᠡᠭᠦᠨ ᠬᠤᠰᠢᠭᠤᠨ ᠤ ᠽᠢ ᠺᠠᠩ ᠲᠡᠵᠢᠭᠡᠨ ᠦᠷᠡᠵᠢᠭᠦᠯᠬᠦ ᠲᠤᠰᠬᠠᠢ ᠬᠤᠷᠰᠢᠶᠠᠵᠢᠯ ᠳᠤ ᠤᠷᠤᠯᠠᠨ ᠮᠠᠯᠵᠢᠵᠤ ᠪᠠᠶᠢᠭ᠎ᠠ 290 ᠬᠤᠨᠢ ᠪᠠᠨ ᠲᠡᠵᠢᠭᠡᠪᠦᠷᠢ ᠶᠢᠨ ᠲᠠᠯᠠᠪᠠᠢ ᠳᠠᠭᠠᠨ ᠠᠪᠴᠢᠷᠠᠨ᠂ ᠶᠠᠳᠠᠭᠤ ᠠᠴᠠ ᠠᠩᠬᠢᠵᠢᠷᠠᠬᠰᠠᠨ ᠡᠷᠦᠬᠡ ᠳᠤ ᠦᠷᠭᠦᠯᠵᠢᠯᠡᠨ ᠬᠤᠪᠢ ᠤᠷᠤᠭᠤᠯᠵᠤ ᠠᠰᠢᠭ ᠬᠤᠪᠢᠶᠠᠷᠢᠯᠠᠬᠤ ᠬᠡᠯᠪᠡᠷᠢ ᠪᠠᠷ ᠲᠡᠵᠢᠭᠡᠵᠤ ᠪᠠᠶᠢᠨ᠎ᠠ᠃ ︽ᠮᠠᠨ ᠤ ᠭᠠᠴᠠᠭ᠎ᠠ ᠬᠠᠮᠳᠤ ᠶᠢᠨ ᠠᠵᠤ ᠠᠬᠤᠢ ᠶᠢ ᠬᠦᠭᠵᠢᠭᠦᠯᠬᠦ ᠲᠤᠬᠠᠢ ᠬᠠᠮᠳᠤ ᠶᠢᠨ ᠬᠤᠷᠰᠢᠶᠠᠵᠢᠯ ᠪᠠᠶᠢᠭᠤᠯᠤᠬᠰᠠᠨ ᠨᠢ ᠵᠦᠪᠬᠡᠨ ᠶᠠᠳᠠᠭᠤ ᠠᠴᠠ ᠠᠩᠬᠢᠵᠢᠷᠠᠬᠰᠠᠨ ᠡᠷᠦᠬᠡ ᠳᠤ ᠬᠤᠪᠢ ᠤᠷᠤᠭᠤᠯᠵᠤ ᠠᠰᠢᠭ ᠬᠤᠪᠢᠶᠠᠷᠢᠯᠠᠬᠤ ᠪᠢᠰᠢ᠂ ᠬᠠᠷᠢᠨ ᠭᠠᠴᠠᠭᠠᠨ ᠤ ᠮᠠᠯᠴᠢᠨ ᠲᠠᠷᠢᠶᠠᠴᠢᠨ ᠪᠦᠭᠦᠳᠡᠭᠡᠷ ᠢᠶᠠᠨ ᠬᠤᠪᠢ ᠤᠷᠤᠭᠤᠯᠵᠤ ᠠᠰᠢᠭ ᠬᠦᠷᠳᠡᠵᠤ ᠪᠤᠯᠬᠤ ᠠᠷᠭ᠎ᠠ ᠬᠡᠮᠵᠢᠶ᠎ᠡ ᠠᠪᠴᠤ᠂ ᠠᠷᠠᠳ ᠲᠦᠮᠡᠨ ᠤ ᠠᠮᠢᠳᠤᠷᠠᠯ ᠤᠨ ᠬᠢᠷᠢ ᠲᠦᠪᠰᠢᠨ ᠢ ᠵᠡᠷᠭᠡᠪᠡᠷ ᠲᠡᠭᠡᠭᠰᠢᠯᠡᠭᠦᠯᠬᠦ ᠳᠤ ᠰᠠᠭᠤᠷᠢ ᠲᠠᠯᠪᠢᠬᠰᠠᠨ ᠪᠠᠶᠢᠨ᠎ᠠ︾ ᠭᠡᠵᠤ ᠬᠠᠷᠮᠠᠬᠳᠠᠢ ᠭᠠᠴᠠᠭᠠᠨ ᠳᠤ ᠰᠠᠭᠤᠭ᠎ᠠ ᠶᠠᠳᠠᠭᠤ ᠶᠢ ᠲᠡᠳᠬᠦᠬᠦ ᠠᠵᠢᠯ ᠤᠨ ᠠᠩᠬᠢ ᠶᠢᠨ ᠲᠠᠷᠤᠭ᠎ᠠ᠂ ᠭᠠᠴᠠᠭᠠᠨ ᠤ ᠨᠢᠭᠡᠳᠦᠭᠡᠷ ᠱᠦᠵᠢ ᠲᠠᠶᠢᠴᠢᠩᠭ᠎ᠠ ᠶᠠᠷᠢᠵᠤ ᠪᠠᠶᠢᠯ᠎ᠠ᠃        ᠠᠯᠠᠱᠠ ᠵᠡᠭᠦᠨ ᠬᠤᠰᠢᠭᠤᠨ ᠤ ᠪᠠᠶᠠᠨᠨᠢᠷᠤᠭᠤᠨ ᠰᠤᠮᠤ ᠨᠡᠶᠢᠳᠡ 10 ᠭᠠᠴᠠᠭ᠎ᠠ᠂ 1319 ᠡᠷᠦᠬᠡ ᠶᠢᠨ 3890 ᠭᠠᠷᠤᠢ ᠬᠦᠮᠦᠨ ᠠᠮᠠ ᠲᠠᠢ᠃ ᠡᠭᠦᠨ ᠳᠤ ᠶᠡᠬᠡᠪᠤᠯᠠᠭ ᠪᠤᠯᠤᠨ ᠬᠠᠷᠮᠠᠬᠳᠠᠢ ᠬᠤᠶᠠᠷ ᠭᠠᠴᠠᠭᠠᠨ ᠤ 110 ᠶᠠᠳᠠᠭᠤ ᠬᠦᠴᠢᠷᠳᠡᠯᠳᠡᠢ ᠡᠷᠦᠬᠡ ᠪᠦᠭᠦᠳᠡᠭᠡᠷ ᠢᠶᠠᠨ ᠶᠠᠳᠠᠭᠤ ᠠᠴᠠ ᠠᠩᠬᠢᠵᠢᠷᠠᠵᠤ᠂ ᠨᠢᠳᠤᠨᠤᠨ ᠵᠢᠯ ᠰᠤᠮᠤᠨ ᠤ ᠨᠠᠮ ᠵᠠᠰᠠᠭ ᠲᠡᠭᠡᠷ᠎ᠡ ᠱᠠᠳᠤᠨ ᠠᠴᠠ 1400 ᠭᠠᠷᠤᠢ ᠲᠦᠮᠡᠨ ᠲᠦᠭᠦᠷᠢᠭ ᠤᠨ ᠶᠠᠳᠠᠭᠤ ᠶᠢ ᠲᠡᠳᠬᠦᠬᠦ ᠲᠦᠷᠦᠯ ᠵᠦᠢᠯ ᠤᠨ ᠪᠡᠯᠡ ᠮᠦᠩᠭᠦ ᠶᠢ ᠴᠢᠷᠮᠠᠶᠢᠨ ᠤᠯᠵᠤ᠂ 10 ᠭᠠᠴᠠᠭᠠᠨ ᠤ ᠪᠤᠳᠠᠳᠤ ᠪᠠᠶᠢᠳᠠᠯ ᠳᠤ ᠰᠠᠭᠤᠷᠢᠯᠠᠨ ᠤᠯᠠᠭᠠᠨ ᠭᠤᠶᠤᠤ᠂ ᠴᠠᠭᠠᠨ ᠭᠤᠶᠤᠤ ᠪᠠᠷ ᠭᠤᠤᠯ ᠪᠤᠯᠭᠠᠬᠰᠠᠨ ᠡᠯᠡᠰᠦᠨ ᠤ ᠠᠵᠤ ᠦᠢᠯᠡᠰ ᠤᠨ ᠪᠦᠳᠦᠭᠡᠭᠳᠡᠭᠦᠨ ᠢ ᠨᠠᠷᠢᠯᠢᠬ ᠪᠤᠯᠪᠠᠰᠤᠷᠠᠭᠤᠯᠬᠤ᠂ ᠨᠤᠳᠤᠭ ᠤᠨ ᠰᠢᠷ᠎ᠡ ᠦᠭᠡᠷ᠂ ᠲᠡᠮᠡᠭᠡ᠂ ᠬᠤᠨᠢ ᠢᠮᠠᠭ᠎ᠠ ᠲᠡᠵᠢᠭᠡᠬᠦ ᠲᠡᠵᠢᠭᠡᠪᠦᠷᠢ ᠶᠢᠨ ᠦᠢᠯᠡᠰ᠂ ᠢᠩᠭᠡᠨ ᠰᠦ ᠰᠠᠭᠠᠯᠢ ᠶᠢᠨ ᠠᠰᠢᠬ ᠰᠢᠮ᠎ᠡ ᠶᠢᠨ ᠨᠡᠭᠡᠭᠡᠯᠳᠡ᠂ ᠤᠨᠴᠠᠯᠢᠬᠳᠤ ᠰᠤᠶᠤᠯ ᠵᠢᠭᠤᠯᠴᠢᠯᠠᠯ ᠬᠢᠭᠡᠳ ᠱᠠᠭᠠᠢ ᠬᠦᠮᠡᠯᠢ ᠶᠢᠨ ᠲᠠᠪᠤᠰᠤᠯᠠᠬᠰᠠᠨ ᠪᠦᠳᠦᠭᠡᠭᠳᠡᠭᠦᠨ ᠦᠢᠯᠡᠳᠪᠦᠷᠢᠯᠡᠬᠦ ᠵᠡᠷᠭᠡ ᠠᠳᠠᠯᠢ ᠪᠤᠰᠤ ᠠᠵᠤ ᠦᠢᠯᠡᠰ ᠢᠶᠠᠷ ᠡᠯ᠎ᠡ ᠭᠠᠴᠠᠭᠠᠨ ᠤ ᠬᠠᠮᠳᠤ ᠶᠢᠨ ᠠᠵᠤ ᠠᠬᠤᠢ ᠶᠢᠨ ᠬᠦᠭᠵᠢᠯᠳᠠ ᠶᠢ ᠠᠬᠢᠭᠤᠯᠵᠤ᠂ ᠨᠢᠭᠡ ᠭᠠᠴᠠᠭ᠎ᠠ ᠨᠢᠭᠡ ᠤᠨᠴᠠᠯᠢᠬᠳᠤ ᠠᠵᠤ ᠦᠢᠯᠡᠰ ᠢ ᠬᠦᠭᠵᠢᠭᠦᠯᠬᠦ ᠬᠡᠯᠪᠡᠷᠢ ᠶᠢ ᠪᠤᠢ ᠪᠤᠯᠭᠠᠵᠤ᠂ ᠮᠠᠯᠴᠢᠨ ᠲᠠᠷᠢᠶᠠᠴᠢᠳ ᠤᠨ ᠤᠷᠤᠯᠭ᠎ᠠ ᠶᠢ ᠨᠡᠮᠡᠭᠳᠡᠭᠦᠯᠦᠨ᠂ ᠶᠠᠳᠠᠭᠤ ᠠᠴᠠ ᠠᠩᠬᠢᠵᠢᠷᠠᠭᠤᠯᠬᠤ ᠰᠢᠪᠳᠣᠯᠣᠯᠳᠠ ᠶᠢᠨ ᠠᠵᠢᠯ ᠤᠨ ᠠᠮᠵᠢᠯᠳᠠ ᠪᠦᠳᠦᠮᠵᠢ ᠪᠠᠨ ᠪᠠᠳᠤᠳᠬᠠᠨ ᠦᠷᠭᠦᠯᠵᠢᠯᠡᠭᠦᠯᠵᠤ᠂ ᠭᠠᠴᠠᠭᠠᠨ ᠤ ᠤᠯᠠᠨ ᠲᠦᠮᠡᠨ ᠤ ᠰᠡᠳᠭᠢᠯ ᠨᠢᠭᠡᠳᠦᠨ ᠬᠦᠴᠦ ᠬᠠᠮᠳᠤᠷᠠᠵᠤ ᠪᠦᠯᠬᠦᠮᠳᠡᠨ ᠤᠷᠤᠬᠰᠢᠯᠠᠬᠤ ᠡᠷᠴᠢ ᠵᠤᠷᠢᠭ ᠢ ᠬᠦᠪᠴᠢᠯᠡᠵᠤ᠂ ᠦᠵᠡᠰᠭᠦᠯᠡᠩᠳᠤ ᠰᠠᠶᠢᠬᠠᠨ ᠬᠦᠳᠡᠭᠡ ᠲᠤᠰᠬᠤᠨ ᠢ ᠪᠦᠳᠦᠭᠡᠨ ᠪᠠᠶᠢᠭᠤᠯᠬᠤ ᠪᠤᠯᠤᠨ ᠴᠢᠨᠡᠭᠡᠯᠢᠭ ᠨᠡᠶᠢᠬᠡᠮ ᠢ ᠪᠦᠬᠦ ᠲᠠᠯ᠎ᠠ ᠪᠠᠷ ᠪᠠᠶᠢᠭᠤᠯᠬᠤ ᠬᠠᠷᠠᠯᠳᠠ ᠶᠢ ᠪᠡᠶᠡᠯᠡᠭᠦᠯᠬᠦ ᠳᠤ ᠮᠠᠰᠢ ᠰᠠᠶᠢᠨ ᠰᠠᠭᠤᠷᠢ ᠶᠢ ᠲᠠᠯᠪᠢᠬᠰᠠᠨ ᠪᠠᠶᠢᠨ᠎ᠠ᠃                                                           (ᠵᠣᠬᠢᠶᠠᠭᠴᠢ᠄ ᠰᠡᠴᠡᠨᠪᠠᠳᠤ)
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号