ᠵᠢᠭᠠᠨ ᠰᠤᠷᠭᠠᠯᠳᠠ ᠳᠤ ᠰᠢᠯᠭᠠᠷᠠᠭᠰᠠᠨ ᠠᠷᠭ᠎ᠠ ᠲᠠᠢ ᠶᠢᠨ ᠣᠯᠠᠭᠠᠨ ᠪᠠᠭᠰᠢ ᠶᠢᠨ ᠬᠢᠯᠠᠷᠠᠭᠰᠠᠨ ᠣᠶᠢᠯᠡᠰ
ᠨᠡᠶᠢᠲᠡᠯᠡᠭᠰᠡᠨ ᠴᠠᠭ᠄
2020/6/11
     ᠬᠦᠮᠣᠵᠢᠯ ᠪᠤᠯᠪᠠᠰᠤᠷᠠᠯ ᠳᠤ ᠠᠷᠭ᠎ᠠ ᠵᠢᠭᠠᠵᠣ ᠣᠷᠮ᠎ᠠ ᠬᠠᠶᠢᠷᠠᠯᠠᠭᠰᠠᠨ ᠶᠠᠪᠣᠴᠠ ᠶᠢ ᠤᠶᠤᠨ ᠤ ᠣᠷᠠᠯᠢᠭ ᠬᠡᠪᠡᠯ ᠬᠦᠮᠣᠵᠢᠭ᠍ᠳᠡᠬᠦ ᠨᠢᠭᠡᠨ ᠤ ᠬᠠᠮᠤᠭ ᠤᠨ ᠶᠡᠭᠡ ᠠᠵᠠ ᠳᠣᠬᠢᠶᠠᠯ ᠨᠢ ᠤᠶᠤᠨ ᠢᠶᠠᠨ ᠴᠢᠮᠡᠬᠦ ᠶᠢᠨ ᠵᠢᠷᠭᠠᠯ ᠪᠠᠶᠢᠵᠣ ᠳᠠᠭᠠᠷᠠᠨ᠎ᠠ᠃ ᠰᠢᠯᠭᠠᠷᠠᠭᠰᠠᠨ ᠵᠢᠭᠠᠬᠤ ᠠᠷᠭ᠎ᠠ ᠲᠠᠢ ᠪᠠᠭᠰᠢ ᠬᠦᠮᠣᠨ ᠤ ᠡᠩᠬᠡᠷ ᠬᠤᠷᠮᠣᠢ ᠠᠴᠠ ᠵᠡᠬᠦᠭᠳᠡᠨ ᠪᠠᠶᠢᠵᠦ ᠣᠬᠠᠭᠠᠨ ᠰᠠᠭᠤᠭᠰᠠᠨ ᠭᠡᠣᠭᠡᠳ ᠤᠳ ᠴᠣᠪᠣᠷᠠᠯᠳᠣᠨ ᠦᠰᠬᠦ ᠶᠢᠨ ᠲᠠᠭᠠᠤ ᠵᠢᠳᠬᠦᠯ ᠢᠳᠡᠭᠡᠯ ᠢᠶᠠᠷ ᠳᠦᠬᠦᠷᠡᠩ ᠪᠠᠭᠰᠢ ᠶᠢᠨ ᠢᠷᠠᠭᠤ ᠠᠯᠳᠠᠷ ᠴᠦ ᠮᠦᠩᠬᠡᠵᠢᠨ ᠦᠯᠡᠳᠡᠬᠦ ᠶᠤᠰᠤᠳᠠᠢ᠃ ᠳᠡᠶᠢᠨᠬᠦ ᠡ᠊ᠡᠳᠡ ᠢᠷᠠᠭᠤ ᠠᠯᠳᠠᠷ ᠤᠨ ᠮᠠᠩᠯᠠᠢ ᠪᠤᠯᠤᠬᠰᠠᠨ ᠪᠠᠭᠰᠢ ᠶᠢᠨ ᠲᠤᠬᠠᠢ ᠶᠠᠷᠢᠬᠤ ᠬᠡᠰᠡᠨ ᠶᠤᠮ᠃ ᠵᠠᠯᠠᠭᠤ ᠪᠠᠭᠰᠢᠨᠠᠷ ᠢ ᠬᠦᠮᠣᠵᠢᠬᠦᠯᠵᠣ ᠶᠠᠪᠣᠭ᠎ᠠ ᠶᠢᠨ ᠣᠯᠠᠭᠠᠨ ᠪᠠᠭᠰᠢ 31 ᠵᠢᠯ ᠤᠨ ᠳᠣᠷᠰᠢ ᠰᠣᠷᠭᠠᠨ ᠬᠦᠮᠣᠵᠢᠯ ᠤᠨ ᠠᠵᠢᠯ ᠳᠤ ᠬᠠᠯᠠᠰᠢᠷᠠᠯ ᠦᠭᠡᠢ ᠵᠢᠳᠬᠦᠵᠣ᠂ ᠰᠢᠯᠭᠠᠷᠠᠭᠰᠠᠨ ᠵᠢᠭᠠᠬᠤ ᠠᠷᠭ᠎ᠠ ᠣᠬᠠᠭᠠᠨ ᠢᠶᠠᠷ ᠢᠶᠠᠨ ᠪᠣᠰᠣᠳ ᠤᠨ ᠳᠣᠮᠳᠠ ᠠᠴᠠ ᠤᠷᠦ᠋ᠢᠯᠠᠵᠦ᠂ ᠠᠯᠠᠱᠠ ᠵᠡᠬᠦᠨ ᠬᠤᠰᠢᠭᠤᠨ ᠤ ᠵᠢᠭᠠᠨ ᠰᠣᠷᠭᠠᠬᠤ ᠶᠢ ᠰᠣᠳᠣᠯᠬᠤ ᠬᠢᠭᠡᠳ ᠪᠠᠭᠰᠢ ᠶᠢᠨ ᠪᠣᠯᠪᠠᠰᠣᠷᠠᠯ ᠤᠨ ᠳᠦᠪ ᠤᠨ ᠬᠢᠳᠠᠳ ᠭᠡᠯᠡᠨ ᠤ ᠨᠠᠷᠠᠳᠤ ᠵᠢᠭᠠᠨ ᠰᠣᠳᠣᠯᠣᠭᠴᠢ ᠪᠤᠯᠵᠡᠢ᠃ ᠳᠡᠷᠡ ᠣᠷᠢᠳ ᠬᠤᠵᠢᠳ ᠠᠯᠠᠱᠠ ᠵᠡᠬᠦᠨ ᠬᠤᠰᠢᠭᠤᠨ ᠤ ᠱᠠᠩ ᠤᠨ ᠳᠠᠯᠠᠢ ᠰᠣᠮᠣᠨ ᠤ ᠪᠦᠷᠢᠨ ᠪᠠᠭ᠎ᠠ ᠰᠣᠷᠭᠠᠭᠤᠯᠢ᠂ ᠠᠯᠠᠱᠠ ᠵᠡᠬᠦᠨ ᠬᠤᠰᠢᠭᠤᠨ ᠤ ᠮᠣᠩᠭᠤᠯ ᠦᠨᠳᠣᠰᠣᠳᠠᠨ ᠤ ᠨᠢᠭᠡᠳᠣᠭᠡᠷ ᠳᠣᠷᠰᠢᠯᠳᠠ ᠶᠢᠨ ᠪᠠᠭ᠎ᠠ ᠰᠣᠷᠭᠠᠭᠤᠯᠢ ᠳᠤ ᠬᠢᠳᠠᠳ ᠭᠡᠯᠡᠨ ᠤ ᠪᠠᠭᠰᠢ ᠪᠠᠷ ᠠᠵᠢᠯᠯᠠᠨ᠂ ᠮᠣᠩᠭᠤᠯ ᠭᠡᠣᠭᠡᠳ ᠤᠨ ᠬᠢᠴᠢᠶᠡᠯᠯᠡᠭᠡ ᠳᠤ ᠣᠯᠠᠨ ᠵᠦᠢᠯ ᠤᠨ ᠠᠷᠭ᠎ᠠ ᠰᠡᠳᠬᠢᠵᠣ᠂ ᠵᠢᠭᠠᠨ ᠰᠣᠷᠭᠠᠯᠳᠠ ᠳᠠᠭᠠᠨ ᠰᠢᠮᠳᠠᠭᠤᠯᠣᠨ ᠭᠡᠷᠡᠭᠵᠢᠬᠦᠯᠵᠣ ᠪᠠᠶᠢᠭᠰᠠᠨ ᠠᠵᠢ᠃      ᠶᠡᠷᠡᠭᠡᠳ ᠣᠨ ᠤ ᠦᠶ᠎ᠡ ᠳᠤ ᠮᠣᠩᠭᠤᠯ ᠭᠡᠣᠭᠡᠳ ᠤᠨ ᠳᠣᠳᠣᠷ᠎ᠠ ᠬᠢᠳᠠᠳ ᠦᠭᠡᠨ ᠤ ᠣᠳᠬ᠎ᠠ ᠮᠡᠳᠡᠬᠦ ᠦᠭᠡᠢ᠂ ᠶᠠᠷᠢᠵᠣ ᠢᠯᠡᠳᠭᠡᠵᠣ ᠴᠢᠳᠠᠬᠤ ᠦᠭᠡᠢ ᠨᠢ ᠣᠯᠠᠩᠭᠢ ᠲᠤᠭ᠎ᠠ ᠶᠢ ᠡᠵᠡᠯᠡᠵᠦ ᠪᠠᠶᠢᠭᠰᠠᠨ ᠭᠡᠳᠡᠭ᠃ ᠳᠡᠶᠢᠨᠬᠦ ᠮᠣᠩᠭᠤᠯ ᠰᠣᠷᠭᠠᠭᠤᠯᠢ ᠳᠤ ᠬᠢᠳᠠᠳ ᠭᠡᠯᠡ ᠶᠢ ᠭᠤᠣᠯ ᠬᠢᠴᠢᠶᠡᠯ ᠳᠦᠷᠦᠯ ᠳᠤ ᠣᠷᠣᠭᠤᠯᠣᠭᠰᠠᠨ ᠠᠴᠠ ᠬᠢᠳᠠᠳ ᠬᠡᠯᠡᠨ ᠤ ᠵᠢᠭᠠᠨ ᠰᠤᠷᠭᠠᠯᠳᠠ ᠶᠢᠨ ᠠᠵᠢᠯ ᠨᠢ ᠳᠦᠷᠭᠡᠨ ᠬᠦᠭᠵᠢᠭᠰᠡᠨ ᠠᠵᠢ᠃ ᠳᠡᠷᠡ ᠦᠶ᠎ᠡ ᠳᠤ ᠶᠢᠨ ᠣᠯᠠᠭᠠᠨ ᠪᠠᠭᠰᠢ ᠰᠣᠷᠣᠭᠴᠢᠳ ᠤᠨ ᠬᠢᠳᠠᠳ ᠭᠡᠯᠡᠨ ᠤ ᠬᠢᠷᠢ ᠭᠡᠮᠵᠢᠶ᠎ᠡ ᠶᠢ ᠳᠡᠭᠡᠭᠰᠢᠯᠡᠬᠦᠯᠬᠦ ᠠᠷᠭ᠎ᠠ ᠶᠢ ᠰᠦᠪᠡᠭᠴᠢᠯᠡᠵᠣ᠂ ᠢᠮᠠᠭᠳᠠ ᠡᠬᠦᠨ ᠤ ᠳᠣᠬᠠᠢ ᠪᠣᠳᠣᠵᠣ ᠰᠡᠳᠬᠢᠵᠣ ᠶᠠᠪᠣᠳᠠᠭ ᠪᠠᠶᠢᠵᠠᠢ᠃ ᠭᠡᠣᠭᠡᠳ ᠲᠤ ᠦᠯᠢᠭᠡᠷ ᠶᠠᠷᠢᠵᠣ ᠬᠢᠳᠠᠳ ᠭᠡᠯᠡ ᠰᠣᠷᠬᠤ ᠣᠷᠮ᠎ᠠ ᠶᠢ ᠨᠢ ᠬᠦᠭᠵᠢᠭᠡᠬᠦ᠂ ᠣᠯᠠᠨ ᠣᠩᠰᠢᠭᠤᠯᠵᠣ᠂ ᠠᠷᠪᠢᠨ ᠶᠠᠷᠢᠭᠤᠯᠣᠨ ᠭᠡᠯᠡᠨ ᠤ ᠮᠡᠳᠡᠷᠡᠮᠵᠢ ᠶᠢ ᠨᠢ ᠳᠡᠭᠡᠭᠰᠢᠯᠡᠬᠦᠯᠬᠦ ᠶᠢ ᠪᠠᠶᠢᠩᠭᠤ ᠰᠠᠨᠠᠭᠠᠴᠢᠯᠠᠵᠦ ᠰᠠᠳᠦᠵᠦ ᠬᠢᠭᠰᠡᠬᠡᠷ ᠢᠷᠡᠭᠰᠡᠨ ᠪᠠᠶᠢᠪᠠ᠃ ᠳᠡᠬᠦᠨ ᠤ ᠡᠨᠡᠬᠦ ᠠᠷᠭ᠎ᠠ ᠨᠢ ᠳᠡᠷᠡ ᠦᠶ᠎ᠡ ᠳᠤ ᠦᠪᠣᠷ ᠮᠣᠩᠭᠤᠯ ᠣᠷᠣᠨ ᠤ ᠪᠠᠭ᠎ᠠ ᠰᠣᠷᠭᠠᠭᠤᠯᠢ ᠶᠢᠨ ᠰᠣᠷᠣᠭᠴᠢᠳ ᠤᠨ ᠣᠩᠰᠢᠯᠭ᠎ᠠ᠂ ᠦᠭᠡ ᠶᠠᠷᠢᠶᠠᠨ ᠤ ᠴᠢᠳᠠᠪᠣᠷᠢ ᠶᠢ ᠳᠡᠭᠡᠭᠰᠢᠯᠡᠬᠦᠯᠬᠦ ᠳᠣᠷᠰᠢᠯᠳᠠ ᠳᠤ ᠶᠠᠭ ᠵᠣᠬᠢᠴᠠᠭᠰᠠᠨ ᠪᠠᠶᠢᠵᠡᠢ᠃      2002 ᠣᠨ ᠳᠤ ᠳᠡᠷᠡ ᠠᠯᠠᠱᠠ ᠵᠡᠬᠦᠨ ᠬᠤᠰᠢᠭᠤᠨ ᠤ ᠵᠢᠭᠠᠬᠤ ᠶᠢ ᠰᠣᠳᠣᠯᠬᠤ ᠳᠠᠰᠤᠭ ᠲᠤ ᠰᠢᠯᠭᠠᠭᠳᠠᠨ ᠣᠷᠣᠵᠣ᠂ ᠬᠢᠳᠠᠳ ᠭᠡᠯᠡᠨ ᠤ ᠵᠢᠭᠠᠨ ᠰᠣᠳᠣᠯᠣᠭᠴᠢ ᠪᠠᠷ ᠠᠵᠢᠯᠯᠠᠪᠠ᠃ ᠳᠡᠶᠢᠨᠬᠦ 18 ᠵᠢᠯ ᠤᠨ ᠳᠣᠷᠰᠢᠳᠠ ᠵᠢᠭᠠᠬᠤ ᠶᠢ ᠰᠤᠳᠤᠯᠬᠤ ᠠᠵᠢᠯ ᠳᠤ ᠪᠠᠭᠰᠢᠨᠠᠷ ᠤᠨ ᠲᠤᠰᠬᠠᠢ ᠮᠡᠷᠭᠡᠵᠢᠯ ᠤᠨ ᠭᠢᠷᠢ ᠭᠡᠮᠵᠢᠶ᠎ᠡ ᠶᠢ ᠳᠡᠭᠡᠭᠰᠢᠯᠡᠬᠦᠯᠬᠦ᠂ ᠭᠢᠴᠢᠶᠡᠯᠯᠡᠭᠡ ᠶᠢᠨ ᠦᠭᠡᠷᠡᠴᠢᠯᠡᠯᠳᠡ ᠶᠢ ᠠᠬᠢᠭᠤᠯᠬᠤ᠂ ᠭᠢᠴᠢᠶᠡᠯ ᠤᠨ ᠦᠷ᠎ᠡ ᠪᠦᠳᠦᠮᠵᠢ ᠶᠢ ᠳᠡᠭᠡᠭᠰᠢᠯᠡᠬᠦᠯᠬᠦ᠂ ᠰᠤᠷᠭᠠᠨ ᠭᠦᠮᠦᠵᠢᠯ ᠢ ᠰᠢᠯᠢᠳᠡᠭᠵᠢᠬᠦᠯᠬᠦ᠂ ᠰᠤᠷᠭᠠᠨ ᠭᠦᠮᠦᠵᠢᠯ ᠤᠨ ᠲᠡᠩᠴᠡᠭᠦᠷᠢᠳᠡᠢ᠂ ᠵᠣᠬᠢᠴᠠᠮᠵᠢᠳᠠᠢ ᠭᠦᠭᠵᠢᠭᠦ ᠶᠢ ᠠᠭᠢᠭᠤᠯᠬᠤ ᠳᠠᠯ᠎ᠠ ᠪᠠᠷ ᠰᠦᠪᠡᠭᠴᠢᠯᠡᠯᠳᠡ ᠬᠢᠵᠣ᠂ ᠪᠠᠭᠰᠢ ᠶᠢ ᠶᠠᠭᠠᠬᠢᠵᠣ ᠬᠦᠮᠣᠵᠢᠬᠦᠯᠪᠠᠯ ᠵᠤᠬᠢᠬᠤ᠂ ᠬᠢᠴᠢᠶᠡᠯ ᠳᠦᠷᠦᠯ ᠤᠨ ᠵᠢᠭᠠᠬᠤ ᠠᠷᠭ᠎ᠠ ᠶᠢᠨ ᠳᠣᠬᠠᠢ ᠰᠣᠳᠣᠯᠭᠠᠨ ᠬᠡᠮᠡᠨ ᠶᠠᠭᠠᠷᠠᠭᠰᠠᠭᠠᠷ ᠣᠳᠣ ᠪᠣᠯᠵᠣ ᠪᠣᠢ᠃ ᠬᠢᠳᠠᠳ ᠭᠡᠯᠡᠨ ᠤ ᠵᠢᠭᠠᠬᠤ ᠶᠢ ᠰᠣᠳᠣᠯᠬᠤ ᠠᠵᠢᠯ ᠳᠤ ᠭᠠᠷᠮᠠᠭᠠᠶᠢᠯᠠᠵᠣ ᠶᠠᠪᠣᠬᠤ ᠳᠠᠭᠠᠨ ᠳᠡᠷᠡᠪᠡᠷ ᠬᠤᠰᠢᠭᠤ᠂ ᠠᠶᠢᠮᠠᠭ᠂ ᠣᠷᠣᠨ ᠤ ᠬᠢᠴᠢᠶᠠᠯ ᠳᠦᠷᠦᠯ ᠤᠨ ᠣᠷᠣᠯᠳᠣᠭᠠᠨ ᠤ ᠬᠢᠨᠠᠭᠴᠢ ᠪᠣᠯᠬᠤ᠂ ᠳᠣᠷᠰᠢᠯᠳᠠ ᠰᠣᠳᠣᠯᠭᠠᠨ ᠤ ᠠᠵᠢᠯ ᠢ ᠬᠦᠳᠦᠯᠣᠨ ᠵᠢᠯᠣᠭᠤᠳᠬᠤ᠂ ᠪᠠᠭᠰᠢ ᠶᠢ ᠳᠠᠪᠳᠠᠨ ᠪᠣᠯᠪᠠᠰᠣᠷᠠᠭᠤᠯᠬᠤ ᠪᠠ ᠨᠡᠭᠡᠭᠡᠯᠳᠡ ᠶᠢᠨ ᠬᠢᠴᠢᠶᠡᠯ ᠬᠢᠬᠦ ᠡᠬᠦᠷᠭᠡ ᠶᠢ ᠣᠯᠠᠨᠳᠠ ᠬᠦᠢᠴᠡᠳᠭᠡᠭᠰᠡᠨ ᠪᠠᠶᠢᠯ᠎ᠠ᠃      ᠣᠶᠢᠷ᠎ᠠ ᠶᠢᠨ ᠵᠢᠯ ᠳᠤ ᠶᠢᠨ ᠣᠯᠠᠭᠠᠨ ᠪᠠᠭᠰᠢ ᠶᠢᠨ ᠬᠠᠮᠤᠭ ᠤᠨ ᠬᠠᠨᠣᠮᠵᠢᠳᠠᠢ᠂ ᠠᠮᠵᠢᠯᠳᠠ ᠣᠯᠣᠭᠰᠠᠨ ᠠᠵᠢᠯ ᠨᠢ ᠳᠡᠬᠦᠨ ᠤ ᠦᠪᠡᠷ ᠤᠨ ᠬᠢᠨᠢ ᠰᠡᠳᠣᠵᠣ ᠭᠠᠷᠭᠠᠭᠰᠠᠨ ᠬᠤᠷᠰᠢᠨ ᠰᠣᠷᠣᠯᠴᠠᠬᠤ ᠵᠢᠭᠠᠬᠤ ᠠᠷᠭ᠎ᠠ ᠨᠢ ᠲᠦᠭᠡᠮᠡᠯᠵᠢᠬᠦᠯᠦᠭᠳᠡᠭᠰᠡᠨ ᠶᠠᠪᠤᠳᠠᠯ ᠪᠠᠶᠢᠯ᠎ᠠ᠃ ᠠᠯᠠᠱᠠ ᠵᠡᠬᠦᠨ ᠬᠤᠰᠢᠭᠤᠨ ᠤ ᠳᠣᠮᠳᠠᠳᠣ ᠪᠠᠭ᠎ᠠ ᠰᠣᠷᠭᠠᠭᠤᠯᠢ ᠶᠢᠨ ᠬᠢᠳᠠᠳ ᠭᠡᠯᠡᠨ ᠤ ᠭᠤᠣᠯᠯᠠᠭᠴᠢ ᠪᠠᠭᠰᠢ ᠪᠠᠷ ᠪᠦᠷᠢᠯᠳᠦᠭᠰᠡᠨ ︽ᠨᠡᠷᠡᠳᠣ ᠪᠠᠭᠰᠢ ᠶᠢᠨ ᠬᠠᠮᠳᠣᠯᠢᠭ︾ ᠠᠵᠢᠯ ᠤᠨ ᠦᠷᠦᠭᠡ ᠪᠠᠶᠢᠭᠤᠯᠤᠭᠳᠠᠭᠰᠠᠨ ᠠᠴᠠ ᠨᠠᠰᠢ ᠳᠡᠬᠦᠨ ᠤ ᠡᠨᠡᠬᠦ ᠵᠢᠭᠠᠬᠤ ᠠᠷᠭ᠎ᠠ ᠶᠢ ᠭᠡᠷᠡᠭᠯᠡᠵᠣ᠂ ᠪᠠᠭᠰᠢᠨᠠᠷ ᠲᠠᠢ ᠬᠠᠮᠳᠣ ᠰᠣᠷᠣᠭᠴᠢᠳ ᠤᠨ ᠰᠣᠷᠣᠯᠭ᠎ᠠ ᠶᠢᠨ ᠬᠢᠷᠢ ᠪᠦᠳᠦᠮᠵᠢ ᠶᠢ ᠭᠡᠷᠬᠢᠨ ᠳᠡᠭᠡᠭᠰᠢᠯᠡᠬᠦᠯᠬᠦ ᠳᠣᠬᠠᠢ ᠳᠣᠷᠰᠢᠯᠳᠠ ᠶᠢᠨ ᠰᠡᠳᠣᠪ ᠬᠢᠵᠣ᠂ ᠪᠠᠭᠰᠢᠨᠠᠷ ᠢ ᠬᠠᠮᠵᠢᠵᠣ ᠵᠢᠭᠠᠬᠤ ᠠᠷᠭ᠎ᠠ ᠶᠢᠨ ᠳᠠᠯ᠎ᠠ ᠳᠤ ᠶᠡᠭᠡᠭᠡᠨ ᠲᠡᠭᠡᠭᠰᠢᠯᠡᠯᠳᠡ ᠶᠢ ᠠᠪᠴᠢᠷᠠᠭᠰᠠᠨ ᠪᠠᠶᠢᠪᠠ᠃ ᠳᠣᠷᠰᠢᠯᠳᠠ ᠨᠢ ᠵᠢᠭᠠᠨ ᠰᠣᠷᠭᠠᠯᠳᠠ ᠳᠤ ᠣᠷᠣᠰᠢᠵᠣ ᠪᠠᠶᠢᠭ᠎ᠠ ᠠᠰᠠᠭᠤᠳᠠᠯ ᠢ ᠳᠣᠷᠠᠳᠴᠣ᠂ ᠠᠰᠠᠭᠤᠳᠠᠯ ᠢ ᠵᠠᠳᠠᠯᠵᠣ᠂ ᠠᠰᠠᠭᠤᠳᠠᠯ ᠢ ᠰᠢᠢᠳᠪᠦᠷᠢᠯᠡᠬᠦ ᠠᠷᠭ᠎ᠠ ᠪᠠᠨ ᠳᠦᠰᠦᠪᠯᠡᠨ ᠭᠠᠷᠭᠠᠵᠣ᠂ ᠰᠣᠳᠣᠯᠭᠠᠨ ᠬᠢᠬᠦ᠂ ᠭᠤᠶᠣᠴᠢᠯᠠᠯᠳᠠ ᠬᠢᠬᠦ ᠵᠡᠷᠭᠡ ᠠᠷᠭ᠎ᠠ ᠪᠠᠷ ᠶᠠᠪᠣᠭᠳᠠᠳᠠᠭ ᠠᠵᠢ᠃ ᠡᠳᠡᠭᠡᠷ ᠠᠵᠢᠯ ᠤᠳ ᠨᠢ ᠪᠦᠷ ᠪᠠᠭᠰᠢᠨᠠᠷ ᠤᠨ ᠠᠵᠢᠯ ᠤᠨ ᠭᠠᠳᠠᠭᠤᠷᠬᠢ ᠴᠠᠭ ᠢ ᠠᠰᠢᠭᠯᠠᠳᠠᠭ ᠠᠴᠠ ᠳᠦᠢᠯ ᠤᠨ ᠶᠠᠳᠠᠷᠠᠯᠳᠠᠢ ᠮᠦᠷᠳᠡᠭᠡᠨ ᠴᠢᠷᠮᠠᠶᠢᠯᠭ᠎ᠠ ᠵᠠᠷᠣᠴᠠᠭᠤᠯᠳᠠᠭ ᠠᠵᠢᠯ ᠠᠵᠢ᠃ ᠶᠢᠨ ᠣᠯᠠᠭᠠᠨ ᠪᠠᠭᠰᠢ ᠶᠡᠷᠣ ᠠᠴᠠ ᠬᠠᠯᠠᠰᠢᠷᠠᠯ ᠦᠭᠡᠢ ᠰᠠᠨᠠᠯ ᠢᠶᠠᠨ ᠦᠭᠴᠣ᠂ ᠵᠢᠭᠠᠨ ᠵᠢᠯᠤᠭᠤᠳᠤᠭᠰᠠᠭᠠᠷ ᠣᠳᠣ ᠪᠣᠯᠬᠤ ᠳᠤ ᠬᠦᠮᠣᠵᠢᠬᠦᠯᠦᠭᠰᠡᠨ ᠪᠠᠭᠰᠢ ᠨᠠᠷ ᠨᠢ ᠰᠢᠯᠢᠳᠡᠭ ᠪᠠᠭᠰᠢ ᠶᠢᠨ ᠡᠩᠨᠡᠭᠡᠨ ᠳᠤ ᠶᠠᠪᠤᠵᠠᠭᠠᠵᠦ ᠪᠤᠢ᠃ ᠶᠢᠨ ᠣᠯᠠᠭᠠᠨ ᠪᠠᠭᠰᠢ ᠶᠢᠨ ᠭᠡᠯᠡᠬᠦ ᠪᠠᠷ ᠬᠤᠷᠰᠢᠨ ᠰᠣᠷᠣᠯᠴᠠᠯᠭ᠎ᠠ ᠳᠤ ᠰᠣᠷᠣᠭᠴᠢᠳ ᠲᠦᠢᠯ ᠤᠨ ᠣᠷᠮ᠎ᠠ ᠪᠠᠭ᠋ᠠᠳᠠᠢ ᠮᠦᠷᠳᠠᠭᠡᠨ ᠳᠡᠷᠡ ᠨᠢ ᠵᠦᠪᠭᠡᠨ ᠰᠣᠷᠣᠭᠴᠢᠳ ᠤᠨ ᠰᠤᠷᠤᠯᠴᠠᠯᠭ᠎ᠠ ᠶᠢ ᠠᠬᠢᠭᠤᠯᠬᠤ ᠪᠢᠰᠢ᠂ ᠪᠠᠰᠠ ᠪᠦᠯᠬᠦᠮᠳᠡᠯ᠂ ᠪᠣᠰᠣᠳ ᠢ ᠬᠦᠨᠳᠦᠳᠭᠡᠬᠦ᠂ ᠠᠴᠢᠯᠠᠯ ᠤᠨ ᠰᠡᠳᠬᠢᠯᠭᠡ ᠶᠢ ᠪᠣᠢ ᠪᠣᠯᠭᠠᠨ᠂ ᠪᠣᠰᠣᠳ ᠢ ᠬᠠᠪᠰᠣᠷᠬᠤ᠂ ᠠᠮᠢᠳᠣᠷᠠᠯ ᠰᠣᠷᠣᠯᠭ᠎ᠠ ᠪᠠᠨ ᠠᠪᠴᠠᠯᠳᠤᠭᠤᠯᠬᠤ᠂ ᠰᠣᠷᠣᠭᠴᠢ ᠶᠢᠨ ᠰᠡᠳᠬᠢᠬᠦᠢ ᠶᠢ ᠬᠦᠭᠵᠢᠩᠬᠦᠢ ᠪᠤᠯᠭᠠᠬᠤ ᠵᠡᠷᠭᠡ ᠤᠯᠠᠨ ᠰᠠᠶᠢᠨ ᠲᠠᠯ᠎ᠠ ᠲᠠᠢ ᠭᠡᠯ᠎ᠡ᠃ ᠡᠨᠡᠬᠦ ᠠᠵᠢᠯ ᠨᠢ ᠡᠬᠦᠨ ᠢᠶᠠᠷ ᠵᠣᠭᠰᠣᠬᠤ ᠦᠭᠡᠢ᠂ ᠳᠡᠷᠡᠪᠡᠷ ᠣᠷᠣᠨ ᠤ ᠳᠣᠳᠣᠷ᠎ᠠ ᠣᠷᠳᠣᠰ᠂ ᠰᠢᠯᠢ ᠶᠢᠨ ᠭᠤᠣᠯ᠂ ᠲᠦᠩᠯᠢᠶᠣᠣ ᠭᠡᠬᠦ ᠵᠡᠷᠭᠡ ᠣᠯᠠᠨ ᠭᠠᠵᠠᠷ ᠢᠶᠠᠷ ᠮᠡᠷᠭᠡᠵᠢᠯᠳᠡᠨ ᠢᠶᠠᠷ ᠣᠷᠢᠭᠳᠠᠨ ᠶᠠᠷᠢᠶ᠎ᠠ ᠢᠯᠡᠳᠭᠡᠯ᠂ ᠪᠣᠯᠪᠠᠰᠣᠷᠠᠯ ᠬᠢᠵᠣ᠂ ᠦᠪᠡᠷ ᠤᠨ ᠢᠶᠠᠨ ᠬᠤᠷᠰᠢᠨ ᠰᠣᠷᠣᠯᠴᠠᠬᠤ ᠠᠷᠭ᠎ᠠ ᠪᠠᠨ ᠳᠦᠭᠡᠮᠡᠯᠵᠢᠬᠦᠯᠵᠣ᠂ ᠰᠢᠯᠢ ᠶᠢᠨ ᠭᠤᠣᠯ ᠳᠤ ᠳᠣᠰᠬᠠᠢ ᠭᠤᠷᠪᠠᠨ ᠵᠢᠯ ᠳᠠᠷᠠᠭᠠᠯᠠᠨ ᠬᠦᠷᠴᠣ ᠨᠡᠷᠡᠳᠣ ᠪᠠᠭᠰᠢ ᠶᠢ ᠬᠦᠮᠣᠵᠢᠬᠦᠯᠵᠣ᠂ ᠳᠣᠬᠠᠢ ᠶᠢᠨ ᠭᠠᠵᠠᠷ ᠲᠤ ᠶᠡᠭᠡᠭᠡᠨ ᠨᠦᠯᠦᠭᠡ ᠶᠢ ᠠᠪᠴᠢᠷᠠᠨ᠂ ᠭᠡᠴᠢᠨᠡᠨ ᠵᠢᠯ ᠢᠶᠠᠷ ᠵᠢᠳᠬᠦᠵᠣ ᠬᠢᠭᠰᠡᠨ ᠠᠵᠢᠯ ᠤᠨ ᠦᠷ᠎ᠠ ᠨᠦᠯᠦᠭᠡ ᠨᠢ ᠳᠡᠯᠡᠷᠡᠭᠰᠡᠭᠡᠷ ᠪᠠᠶᠢᠵᠣ ᠪᠣᠰᠣᠳ ᠲᠤ ᠮᠡᠳᠡᠷᠡᠭᠳᠡᠨ ᠠᠮᠵᠢᠯᠳᠠ ᠳᠦᠬᠦᠷᠡᠩ ᠶᠠᠪᠣᠨ᠎ᠠ᠃ ᠨᠡᠷᠡᠳᠣ ᠪᠠᠭᠰᠢ ᠶᠢ ᠬᠦᠮᠣᠵᠢᠬᠦᠯᠬᠦ ᠨᠢ ᠳᠡᠬᠦᠨ ᠤ ᠠᠵᠢᠯ ᠤᠨ ᠬᠢᠨᠢ ᠬᠠᠮᠤᠭ ᠤᠨ ᠶᠡᠭᠡ ᠵᠣᠷᠢᠭᠵᠢᠭᠤᠯᠣᠯ ᠪᠠᠶᠢᠵᠣ᠂ ᠶᠠᠭᠠᠬᠢᠵᠣ ᠶᠠᠳᠠᠷᠠᠵᠣ ᠵᠦᠳᠡᠷᠡᠭᠰᠡᠨ ᠴᠦ ᠪᠠᠭᠰᠢ ᠬᠦᠮᠣᠵᠢᠬᠦᠯᠬᠦ ᠠᠵᠢᠯ ᠢᠶᠠᠨ ᠬᠠᠮᠤᠭ ᠠᠴᠠ ᠴᠢᠨᠠᠷᠳᠠᠢ ᠬᠢᠬᠦ ᠶᠢ ᠪᠣᠳᠣᠵᠣ᠂ ᠴᠠᠭ ᠦᠶ᠎ᠡ ᠶᠢ ᠳᠠᠭᠠᠵᠣ ᠶᠠᠭᠠᠬᠢᠵᠣ ᠬᠢᠪᠡᠯ ᠵᠣᠬᠢᠰᠳᠠᠢ ᠪᠣᠯᠬᠤ ᠪᠠᠨ ᠡᠳᠣᠷᠵᠢᠨ ᠰᠡᠳᠬᠢᠵᠣ ᠪᠣᠳᠣᠯᠢᠵᠣ ᠶᠠᠪᠣᠳᠠᠭ ᠰᠠᠨ᠃ ᠪᠠᠭᠰᠢ ᠬᠦᠮᠣᠵᠢᠬᠦᠯᠬᠦ ᠳᠤ ᠨᠢᠭᠡᠨ ᠰᠠᠶᠢᠨ ᠪᠠᠭᠰᠢ ᠶᠢᠨ ᠪᠠᠶᠢᠭᠰᠠᠨ ᠤ ᠰᠠᠭᠤᠷᠢᠨ ᠲᠡᠭᠡᠷ᠎ᠡ ᠪᠠᠰᠠ ᠰᠢᠯᠢᠳᠡᠭ ᠵᠢᠭᠠᠨ ᠰᠣᠳᠣᠯᠣᠭᠴᠢ ᠪᠠᠶᠢᠬᠤ ᠭᠡᠷᠡᠭᠳᠠᠢ᠂ ᠳᠡᠳᠡ ᠪᠠᠭᠰᠢ ᠶᠢ ᠬᠦᠮᠣᠵᠢᠬᠦᠯᠵᠣ᠂ ᠪᠠᠭᠰᠢ ᠨᠢ ᠰᠣᠷᠣᠭᠴᠢ ᠶᠢ ᠬᠦᠮᠣᠵᠢᠬᠦᠯᠳᠡᠭ᠂ ᠰᠠᠶᠢᠨ ᠪᠠᠭᠰᠢ ᠶᠢ ᠬᠦᠮᠣᠵᠢᠬᠦᠯᠪᠡᠯ ᠦᠨᠡᠨᠬᠦ ᠰᠠᠶᠢᠨ ᠰᠣᠷᠣᠭᠴᠢ ᠶᠢ ᠬᠦᠮᠣᠵᠢᠬᠦᠯᠵᠣ ᠴᠢᠳᠠᠨ᠎ᠠ᠃       ᠶᠢᠨ ᠣᠯᠠᠭᠠᠨ ᠪᠠᠭᠰᠢ ᠳᠣᠮᠳᠠᠳᠣ ᠰᠣᠷᠭᠠᠭᠤᠯᠢ ᠶᠢᠨ ᠳᠡᠭᠡᠳᠣ ᠳᠡᠰ ᠤᠨ ᠪᠠᠭᠰᠢ᠂ ᠦᠨᠳᠣᠰᠣᠳᠠᠨ ᠤ ᠰᠣᠷᠭᠠᠨ ᠬᠦᠮᠣᠵᠢᠯ ᠤᠨ ᠣᠶᠢᠯᠡᠰ ᠲᠤ ᠬᠦᠴᠣ ᠪᠠᠨ ᠡᠷᠬᠦᠵᠣ ᠶᠠᠪᠣᠬᠤ ᠳᠠᠭᠠᠨ ᠣᠷᠢᠳ ᠬᠤᠵᠢᠳ ᠪᠦᠬᠦ ᠣᠷᠣᠨ ᠤ ᠰᠢᠯᠢᠳᠡᠭ ᠬᠤᠰᠢᠭᠤᠴᠢ ᠠᠩᠭᠢ ᠶᠢᠨ ᠶᠡᠭᠡ ᠠᠩᠭᠢ ᠶᠢᠨ ᠬᠠᠪᠰᠣᠷᠣᠨ ᠵᠢᠯᠣᠭᠤᠳᠣᠭᠴᠢ᠂ ᠬᠤᠰᠢᠭᠤ ᠱᠠᠳᠣᠨ ᠤ ᠰᠣᠷᠭᠠᠨ ᠬᠦᠮᠣᠵᠢᠯ ᠤᠨ ᠳᠡᠷᠢᠬᠦᠨ ᠤ ᠠᠵᠢᠯᠳᠠᠨ ᠢᠶᠠᠷ ᠬᠦᠬᠢᠬᠦᠯᠦᠭᠳᠡᠵᠣ ᠦᠩᠭᠡᠷᠡᠪᠡ᠃ 2006 ᠣᠨ ᠳᠤ ᠦᠪᠡᠷᠳᠡᠭᠡᠨ ᠵᠠᠰᠠᠬᠤ ᠣᠷᠣᠨ ᠤ ᠪᠠᠭ᠎ᠠ ᠰᠣᠷᠭᠠᠭᠤᠯᠢ ᠶᠢᠨ ᠬᠢᠳᠡᠳ ᠭᠡᠯᠡᠨ ᠤ ᠵᠢᠭᠠᠨ ᠰᠣᠷᠭᠠᠯᠳᠠ ᠶᠢᠨ ᠦᠭᠡᠷᠡᠴᠢᠯᠡᠯᠳᠡ ᠶᠢᠨ ᠦᠷ᠎ᠠ ᠪᠦᠳᠦᠮᠵᠢ ᠶᠢᠨ ᠱᠠᠩᠨᠠᠯ ᠢ ᠳᠣᠰᠴᠣ᠂ 2008 ᠣᠨ ᠳᠤ ᠣᠷᠣᠨ ᠤ ᠳᠡᠰ ᠤᠨ ᠵᠢᠭᠠᠨ ᠰᠣᠷᠭᠠᠬᠤ ᠴᠢᠳᠠᠪᠣᠷᠢᠳᠠᠨ ᠢᠶᠠᠷ ᠦᠨᠡᠯᠡᠭᠳᠡᠵᠡᠢ᠃ 2010 ᠣᠨ ᠳᠤ ᠣᠷᠣᠨ ᠤ ᠬᠢᠴᠢᠶᠡᠯ ᠳᠦᠷᠦᠯ ᠤᠨ ᠭᠤᠣᠯ ᠭᠡᠰᠢᠬᠦᠨ ᠢᠶᠠᠷ ᠰᠣᠩᠭᠤᠭᠳᠠᠵᠣ᠂ 2014 ᠣᠨ ᠳᠤ ᠪᠦᠬᠦ ᠣᠷᠣᠨ ᠤ ᠬᠢᠳᠠᠳ ᠭᠡᠯᠡᠨ ᠤ ᠬᠢᠴᠢᠶᠡᠯ ᠳᠦᠷᠦᠯ ᠤᠨ ᠳᠠᠭᠠᠭᠤᠯᠣᠭᠴᠢ ᠪᠣᠯᠣᠭᠰᠠᠨ ᠶᠤᠮ᠃ ᠣᠳᠣᠬᠠᠨ ᠳᠤ ᠪᠦᠬᠦ ᠣᠷᠣᠨ ᠤ ᠮᠣᠩᠭᠤᠯ ᠢᠶᠠᠷ ᠬᠢᠴᠢᠶᠡᠯᠯᠡᠬᠦ ᠪᠠᠭ᠎ᠠ ᠰᠣᠷᠭᠠᠭᠤᠯᠢ ᠶᠢᠨ ᠬᠢᠳᠠᠳ ᠭᠡᠯᠡᠨ ᠤ ︽ᠨᠡᠷᠡᠳᠣ ᠪᠠᠭᠰᠢ ᠶᠢᠨ ᠬᠠᠮᠳᠣᠯᠢᠭ︾ ᠤᠨ ᠬᠤᠷᠰᠢᠨ ᠠᠵᠢᠯᠯᠠᠭᠴᠢ ᠮᠦᠷᠳᠡᠭᠡᠨ ᠳᠣᠭᠤᠶᠢᠯᠠᠩ ᠤᠨ ᠳᠠᠷᠤᠭ᠎ᠠ᠂ ᠳᠣᠰᠢᠶᠠᠯ ᠬᠠᠪᠰᠣᠷᠭᠠᠭᠰᠠᠨ ᠵᠢᠭᠠᠬᠤ ᠶᠢ ᠰᠣᠳᠣᠯᠣᠭᠴᠢ ᠵᠡᠷᠭᠡ ᠡᠬᠦᠷᠭᠡ ᠳᠣᠰᠢᠶᠠᠯ ᠢᠶᠠᠷ ᠣᠷᠢᠭᠳᠠᠵᠣ᠂ ᠪᠦᠬᠦ ᠣᠯᠣᠰ ᠤᠨ ᠮᠣᠩᠭᠤᠯ ᠰᠣᠷᠬᠤ ᠪᠢᠴᠢᠭ ᠬᠢᠨᠠᠬᠤ ᠮᠡᠷᠭᠡᠵᠢᠯᠳᠡᠨ ᠪᠠ ᠪᠦᠬᠦ ᠣᠷᠣᠨ ᠤ ᠮᠣᠩᠭᠤᠯ ᠢᠶᠠᠷ ᠬᠢᠴᠢᠶᠡᠯᠯᠡᠬᠦ ᠪᠠᠭ᠎ᠠ ᠰᠣᠷᠭᠠᠭᠤᠯᠢ ᠶᠢᠨ ᠬᠢᠳᠠᠳ ᠭᠡᠯᠡᠨ ᠤ ᠰᠢᠨ᠎ᠡ ᠬᠢᠴᠢᠶᠡᠯ ᠤᠨ ᠦᠭᠡᠷᠡᠴᠢᠯᠡᠯᠳᠡ ᠶᠢᠨ ᠵᠢᠯᠣᠭᠤᠳᠣᠭᠴᠢ ᠪᠠᠷ ᠣᠷᠢᠭᠳᠠᠨ ᠠᠵᠢᠯᠯᠠᠵᠣ ᠪᠣᠢ᠃                                             ︵ᠵᠣᠬᠢᠶᠠᠭᠴᠢ᠄ ᠨᠠᠷᠠᠨ᠎ᠠ   ᠪᠣᠯᠣᠷᠰᠣᠪᠣᠳ︶
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号