ᠬᠦᠳᠡᠭᠡ
ᠨᠡᠶᠢᠲᠡᠯᠡᠭᠰᠡᠨ ᠴᠠᠭ᠄
2020/6/1
ᠬᠦᠳᠡᠭᠡ — ᠪᠤᠶᠢᠲᠤᠭ ᠤᠨ ᠮᠦᠷ ᠲᠠᠢ ᠭᠠᠵᠠᠷ ᠤᠰᠤᠨᠬᠦᠳᠡᠭᠡ — ᠡᠵᠢ ᠶᠢᠨ ᠮᠢᠨᠢ ᠠᠶᠠᠯᠤᠭᠰᠠᠨ ᠪᠦᠪᠠᠢ ᠶᠢᠨ ᠳᠠᠭᠤᠤᠬᠦᠳᠡᠭᠡ — ᠠᠪᠤ ᠶᠢᠨ ᠮᠢᠨᠢ ᠲᠡᠮᠡᠭᠡᠨ ᠠᠴᠠ ᠪᠠᠨ ᠢᠷᠡᠭᠦ ᠪᠠᠷ᠎ᠠᠬᠦᠳᠡᠭᠡ — ᠨᠠᠰᠤᠨ ᠤ ᠮᠢᠨᠢ ᠦᠯᠢᠭᠡᠷ ᠤᠳ ᠤᠨ ᠤᠷᠤᠰᠢᠯ ᠁ᠲᠡᠪᠲᠡᠷᠢᠬᠦ ᠰᠢᠪᠠᠭᠤᠳ ᠤᠨ ᠵᠢᠭᠦᠷ ᠠᠴᠠ ᠲᠡᠭᠷᠢ ᠶᠢᠨ ᠦᠩᠭᠡ ᠪᠤᠲᠠᠷᠠᠬᠤ ᠨᠢ ᠬᠦᠳᠡᠭᠡ ᠶᠤᠮᠲᠡᠭᠷᠢ ᠶᠢᠨ ᠦᠩᠭᠡ ᠲᠠᠢ ︽ᠲᠤᠪᠴᠢᠶᠠᠨ︾ ᠳᠤ ᠠᠳᠤᠭᠤᠳ ᠦᠤᠷᠰᠡᠬᠦ ᠨᠢ ᠬᠦᠳᠡᠭᠡ ᠶᠤᠮᠠᠳᠤᠭᠤᠳ ᠦᠤᠷᠰᠡᠬᠦ ᠠᠮᠤᠷ ᠠᠮᠤᠭᠤᠯᠠᠩ ᠤᠨ ᠲᠠᠯ᠎ᠠ ᠶᠢᠨ ᠠᠨᠢᠷ ᠨᠢ ᠴᠤ ᠬᠦᠳᠡᠭᠡ ᠶᠤᠮᠠᠮᠤᠭᠤᠯᠠᠩ ᠲᠠᠯ᠎ᠠ ᠶᠢᠨ ᠠᠨᠢᠷ ᠠᠴᠠ ︽ᠴᠢᠩᠬᠢᠰ︾ ᠲᠠᠭᠤ ᠲᠠᠢ ᠰᠢᠪᠠᠭᠤ ᠵᠢᠷᠭᠢᠬᠦ ᠨᠢ ᠴᠤ ᠬᠦᠳᠡᠭᠡ ᠶᠤᠮᠦᠷᠯᠦᠭᠡ ᠶᠢᠨ ᠨᠠᠷᠠ ᠡᠷᠲᠡᠯᠡᠵᠣ ᠪᠤᠰᠬᠤ ᠨᠤᠲᠤᠭᠦᠳᠡᠰᠢ ᠶᠢᠨ ᠪᠦᠷᠦᠢ ᠬᠤᠶᠢᠰᠢᠯᠠᠵᠤ ᠲᠠᠲᠠᠷᠠᠬᠤ ᠮᠢᠨᠤ ᠬᠦᠳᠡᠭᠡᠨᠡᠭᠦᠳᠡᠯ ᠤᠨ ᠴᠤᠪᠤᠭ᠎ᠠ ᠵᠡᠷᠭᠡᠯᠭᠡᠨᠲᠥᠭᠡᠳ ᠬᠤᠯᠠᠳᠠᠬᠤ ᠭᠤᠪᠢᠤᠯᠠᠷᠢᠯ ᠤᠨ ᠪᠤᠱᠤᠭ᠎ᠠ ᠤᠷᠦ᠋ᠢᠳᠠᠵᠤ ᠨᠡᠭᠡᠭᠡᠭᠳᠡᠬᠦ ᠮᠢᠨᠤ ᠬᠦᠳᠡᠭᠡᠪᠤᠷᠭᠠᠰᠤᠨ ᠮᠤᠷᠢ ᠲᠠᠢ ᠬᠦᠣ ᠲᠦᠷᠦᠭᠡᠨ ᠳᠡᠭᠡᠷ᠎ᠡ ᠪᠠᠨ ᠦᠨᠳᠡᠶᠢᠵᠣ ᠪᠤᠰᠤᠭᠰᠠᠨ ᠰᠢᠷᠤᠢᠴᠢᠳᠦᠷ ᠵᠠᠩᠭᠢᠳᠤᠭᠰᠠᠨ ᠡᠪᠦᠭᠡᠳ ᠨᠢ ᠭᠤᠯᠤᠮᠲᠠ ᠪᠠᠨ ᠮᠠᠨᠠᠵᠤ ᠦᠯᠡᠳᠡᠭᠰᠡᠨ ᠮᠢᠨᠤ ᠬᠦᠳᠡᠭᠡᠡᠷᠳᠡᠮ ᠤᠨ ᠠᠶᠠᠨ ᠠᠴᠠ ᠡᠭᠡᠵᠣ ᠢᠷᠡᠬᠦ ᠳᠤᠨᠢ ᠴᠢᠯᠠᠭᠤᠳ ᠨᠢ ᠵᠦᠭᠡᠯᠡᠷᠡᠵᠣ ᠣᠬᠲᠣᠬᠤ ᠠᠭᠤᠯᠠᠡᠯᠢᠭᠡ ᠪᠠᠨ ᠨᠦᠷᠢᠵᠦ ᠡᠷᠬᠡ ᠴᠢᠯᠦᠭᠡ ᠬᠠᠶᠢᠷᠠᠯᠠᠬᠤ ᠡᠯᠡᠰᠦ ᠮᠠᠩᠬ᠎ᠠ ᠮᠢᠨᠤ ᠬᠦᠳᠡᠭᠡᠰᠢᠯᠦᠭ ᠢᠶᠠᠷ ᠳᠠᠶᠢᠯᠠᠬᠤ ᠳᠤᠨᠢ ᠡᠪᠡᠰᠦ ᠨᠢ ᠪᠦᠵᠢᠭᠯᠡᠳᠡᠭ ᠲᠠᠯ᠎ᠠᠲᠠᠭᠤᠨ ᠳᠤ ᠤᠶᠠᠷᠠᠬᠤ ᠪᠠᠷ ᠡᠭᠦᠯᠡ ᠨᠢ ᠨᠢᠯᠪᠤᠰᠤᠷᠠᠳᠠᠭ ᠮᠢᠨᠤ ᠬᠦᠳᠡᠭᠡᠦᠨᠡᠭᠡᠴᠢᠯᠡᠭᠰᠡᠨ ᠵᠡᠭᠦᠳᠦ ᠨᠢ ᠦᠷᠭᠦᠯᠵᠢᠯᠡᠬᠦ ᠪᠠᠷ ᠤᠳᠤᠳ ᠨᠢ ᠬᠡᠶᠢᠳᠡᠭ ᠲᠡᠭᠷᠢᠦᠷ ᠴᠠᠶᠢᠬᠤ ᠪᠠᠷ ᠡᠷᠦᠬᠡ ᠪᠠᠨ ᠲᠠᠲᠠᠳᠠᠬ ᠮᠤᠩᠭᠤᠯ ᠶᠤᠰᠤ ᠮᠢᠨᠤ ᠬᠦᠳᠡᠭᠡᠰᠦᠷᠦᠭ ᠠᠴᠠ ᠪᠠᠨ ᠲᠤᠭᠤᠷᠢᠬᠤ ᠦᠨᠦᠴᠢᠨ ᠵᠡᠭᠡᠷ᠎ᠡ ᠶᠢᠨ ᠲᠠᠬᠰᠢᠬ᠋᠎ᠠᠰᠦᠰᠦᠭᠯᠡᠵᠣ ᠮᠦᠷᠭᠦᠬᠦ ᠡᠮᠡᠭᠡ ᠶᠢᠨ ᠨᠠᠮᠠᠨᠴᠢᠯᠠᠯ ᠮᠢᠨᠤ ᠬᠦᠳᠡᠭᠡᠰᠠᠷᠠᠨ ᠤ ᠬᠡᠷᠡᠯ ᠳᠤ ᠬᠡᠯᠲᠣᠷᠢᠬᠦ ᠬ᠋ᠠᠭᠴᠠ ᠬᠤᠷᠤᠬᠠᠢ ᠶᠢᠨ ᠭᠦᠶᠦᠳᠡᠯᠰᠠᠭᠠᠬᠠᠯᠲᠠ ᠶᠢᠨ ᠲᠣᠯᠮ᠎ᠠ ᠳᠤ ᠲᠣᠷᠠᠯᠠᠬᠰᠠᠨ ᠭᠡᠨᠡᠨ ᠨᠠᠰᠤ ᠮᠢᠨᠤ ᠬᠦᠳᠡᠭᠡᠪᠦᠰᠡᠭᠦᠢ ᠬᠦᠮᠦᠨ ᠤ ᠬᠦᠣᠰᠡᠯᠡᠭᠡᠳ ᠠᠮᠠᠯᠠᠭᠤᠯᠣᠬᠰᠠᠨ ᠠᠮᠢᠪᠦᠲᠦᠨ ᠲᠡᠤᠬᠡ ᠶᠢᠨ ᠦᠷᠭᠦᠯᠵᠢᠯᠡᠯ ᠮᠢᠨᠤ ᠬᠦᠳᠡᠭᠡᠪᠤᠲᠤᠭᠤ ᠡᠬᠡ ᠪᠠᠨ ᠮᠦᠷᠦᠭᠡᠰᠴᠣ ᠵᠡᠭᠦᠳᠦᠯᠡᠭᠰᠡᠨᠰᠦᠨ ᠢᠪᠢᠯᠭᠡ ᠲᠠᠢ ᠵᠠᠮ ᠮᠢᠨᠤ ᠬᠦᠳᠡᠭᠡᠶᠠᠯᠢᠮ ᠦᠬᠡᠢ ᠭᠤᠨᠢᠭ ᠢᠶᠠᠨ ᠦᠷᠭᠦᠭᠡᠬᠦ ᠮᠡᠲᠦᠶᠠᠪ ᠶᠠᠭᠠᠨ ᠴᠡᠴᠡᠭᠡᠰ ᠢ ᠰᠡᠳᠬᠢᠯ ᠳᠡᠭᠡᠨ ᠤᠷᠭᠤᠭᠤᠯᠬᠤ ᠮᠢᠨᠤ ᠬᠦᠳᠡᠭᠡᠠᠯᠮᠠᠶᠢᠷᠠᠵᠤ ᠮᠠᠨᠳᠤᠬᠤ ᠰᠠᠷᠠᠨ ᠳᠤ ᠵᠡᠭᠦᠭᠳᠡᠬᠦ ᠮᠡᠲᠦᠠᠮᠤᠷᠯᠢᠩᠭᠤᠢ ᠤᠷᠤᠰᠢᠬᠤ ᠡᠭᠡ ᠤᠷᠤᠨ ᠮᠢᠨᠤ ᠬᠦᠳᠡᠭᠡᠵᠢᠷᠦᠬᠡᠨ ᠳᠡᠭᠡᠨ ᠵᠠᠯᠪᠠᠷᠢᠭᠰᠠᠨ ᠬᠤᠶᠠᠷ ᠪᠤᠭᠤᠷᠤᠯ ᠮᠢᠨᠢᠵᠡᠯᠢᠭᠦᠳ ᠠᠮᠢᠳᠤᠷᠠᠬᠤ ᠤᠷᠤᠨ ᠵᠠᠢ ᠮᠢᠨᠤ ᠬᠦᠳᠡᠭᠡᠲᠡᠷᠡᠨ ᠳᠡᠭᠡᠨ ᠪᠠᠭᠲᠠᠭᠠᠵᠣ ᠵᠢᠷᠣᠬᠯᠠᠬᠤᠲᠡᠷᠳᠡᠭᠡ ᠵᠡᠭᠦᠳᠦᠨ ᠠᠴᠠ ᠶᠠᠷᠢᠵᠤ ᠪᠤᠢ ᠮᠢᠨᠤ ᠬᠦᠳᠡᠭᠡᠬᠦᠮᠦᠨ ᠵᠠᠶᠠᠭ᠎ᠠ ᠶᠢ ᠤᠯᠵᠤ ᠲᠦᠷᠦᠭᠰᠡᠨ ᠮᠢᠨᠤ ᠨᠤᠲᠤᠭ — ᠬᠦᠳᠡᠭᠡᠬᠦᠷᠬᠦ ᠮᠠᠷᠭᠠᠰᠢ ᠶᠢ ᠡᠷᠢᠯᠬᠢᠯᠡᠭᠰᠡᠨ ᠵᠤᠷᠢᠭ ᠮᠢᠨᠤ ᠤᠰᠤᠨ — ᠬᠦᠳᠡᠭᠡᠭᠦᠢᠴᠡᠰᠢ ᠦᠬᠡᠢ ᠤᠨ ᠴᠠᠭ ᠤᠨ ᠭᠡᠷᠡᠴᠢ ᠮᠢᠨᠤ ᠪᠠᠭᠤᠷᠢ — ᠬᠦᠳᠡᠭᠡᠬᠦᠭᠰᠢᠷᠡᠭᠡᠳ ᠴᠤ ᠶᠠᠰᠤ ᠪᠠᠨ ᠲᠠᠯᠪᠢᠬᠤ ᠮᠢᠨᠤ ᠭᠠᠵᠠᠷ ᠰᠢᠷᠦᠢ — ᠬᠦᠳᠡᠭᠡ                                                      ︵ᠵᠣᠬᠢᠶᠠᠭᠴᠢ᠄ ᠡ᠊ · ᠬᠤᠷᠸ᠎ᠠ︶
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号