ᠢᠮᠠᠭ᠎ᠠ ᠶᠢ ᠰᠠᠮᠨᠠᠵᠤ ᠨᠤᠤᠰᠤᠯᠠᠬᠤ ᠦᠶ᠎ᠠ ᠳᠤ ᠡᠭᠦᠰᠬᠦ ᠭᠡᠮ ᠢ ᠵᠠᠰᠠᠬᠤ ᠠᠷᠭ᠎ᠠ
ᠨᠡᠶᠢᠲᠡᠯᠡᠭᠰᠡᠨ ᠴᠠᠭ᠄
2020/5/28
     ᠢᠮᠠᠭ᠎ᠠ ᠶᠢ ᠰᠠᠮᠨᠠᠵᠤ ᠨᠤᠤᠰᠤᠯᠠᠬᠤ ᠦᠶ᠎ᠠ ᠳᠤ ᠭᠡᠮᠨᠡᠭᠦ ᠦᠵᠡᠭᠳᠡᠯ ᠤᠯᠠᠨ ᠭᠠᠷᠳᠠᠭ᠃ ᠤᠴᠢᠷ ᠨᠢ ᠢᠮᠠᠭ᠎ᠠ ᠶᠢ ᠰᠠᠮᠨᠠᠬᠤ ᠶᠠᠪᠤᠴᠠ‌‍ᠳᠤ ᠢᠮᠠᠭᠠᠨ ᠤ ᠬᠠᠮᠤᠭ ‍ᠤᠨ‌ᠠᠮᠠᠷ ᠡᠮᠵᠡᠭᠯᠡᠳᠡᠭ ᠭᠠᠵᠠᠷ᠂ ᠲᠤᠬᠠᠢᠢᠯᠠᠪᠠᠯ ᠤᠯᠠᠨ ᠮᠡᠳᠡᠷᠡᠯ ᠤᠨ ᠠᠭᠤᠯᠵᠠᠷ ᠪᠤᠯᠬᠤ ᠬᠤᠨᠳᠤᠯᠠᠢ ᠶᠢᠨ ᠭᠡᠰᠡᠭ᠂ ᠭᠡᠳᠡᠰᠤ᠂ ᠴᠠᠪᠢ ᠵᠡᠷᠭᠡ ᠭᠠᠵᠠᠷ ᠤᠨ ᠨᠤᠯᠤᠤᠷ ᠢ ᠬᠦᠴᠤᠳᠠᠢ ᠰᠠᠮᠨᠠᠬᠤ ᠪᠤᠶᠤ ᠰᠠᠮᠨᠠᠬᠤ ᠴᠠᠭ ᠢ ᠭᠡᠳᠤ ᠤᠳᠠᠭᠠᠰᠢᠷᠠᠭᠤᠯᠤᠭᠰᠠᠨ ᠠᠴᠠ ᠪᠤᠯᠵᠤ ᠢᠮᠠᠭ᠎ᠠ ᠭᠡᠮᠨᠡᠳᠡᠭ ᠶᠤᠮ᠃      1᠂ ᠭᠡᠮᠨᠡᠭᠰᠡᠨ ᠢᠮᠠᠭᠠᠨ ᠤ ᠢᠯᠡᠷᠡᠯ᠄ ᠢᠮᠠᠭ᠎ᠠ ᠶᠢ ᠰᠠᠮᠨᠠᠵᠤ ᠪᠠᠷᠠᠭᠠᠳ ᠲᠠᠯᠪᠢᠭᠰᠠᠨ ᠤ ᠲᠠᠷᠠᠭ᠎ᠠ ᠠᠵᠢᠭᠯᠠᠬᠤ ᠳᠤ᠂ ᠭᠡᠷᠪᠡ ᠭᠡᠮᠨᠡᠭᠰᠡᠨ ᠪᠠᠶᠢᠪᠠᠯ ᠪᠠᠶᠢᠨ ᠪᠠᠶᠢᠨ ᠰᠤᠨᠢᠶᠠᠬᠤ᠂ ᠲᠤᠭᠳᠠᠪᠤᠷᠢ ᠦᠭᠡᠢ ᠪᠤᠯᠵᠤ ᠨᠠᠰᠢ ᠴᠠᠰᠢ ᠬᠦᠶᠤᠭᠦ᠂ ᠢᠳᠡᠰᠢᠯᠡᠭᠦ ᠦᠭᠡᠢ ᠪᠠᠷ ᠭᠡᠪᠳᠡᠭᠦ᠂ ᠰᠡᠭᠦᠳᠡᠷ ᠭᠠᠵᠠᠷ ᠡᠷᠢᠵᠤ ᠰᠢᠷᠭᠤᠬᠤ ᠵᠡᠷᠭᠡ ᠢᠯᠡᠷᠡᠯ ᠭᠠᠷᠤᠨ᠎ᠠ᠃ ᠭᠡᠮ ᠨᠢ ᠬᠦᠨᠳᠤᠷᠡᠪᠡᠯ ᠶᠡᠭᠡ ᠰᠠᠨᠳᠤᠷᠴᠤ ᠪᠠᠶᠢᠨ ᠪᠠᠶᠢᠨ ᠮᠠᠶᠢᠯᠠᠬᠤ᠂ ᠠᠮᠠᠨ ᠠᠴᠠ ᠨᠢ ᠭᠦᠭᠡᠰᠤ ᠲᠠᠢ ᠰᠢᠯᠤᠰᠤ ᠭᠤᠭᠤᠵᠢᠬᠤ᠂ ᠭᠡᠳᠡᠰᠤ ᠨᠢ ᠲᠦᠭᠦᠷᠭᠦ᠂ ᠴᠢᠰᠤ ᠲᠠᠢ ᠪᠠᠭᠠᠰᠤ ᠠᠯᠳᠠᠬᠤ ᠮᠡᠳᠤ ᠶᠢᠨ ᠰᠢᠨᠵᠢ ᠲᠡᠮᠳᠡᠭ ᠢᠯᠡᠷᠡᠨ᠎ᠠ᠃ ᠡᠶᠢᠮᠤ ᠪᠠᠶᠢᠳᠠᠯ ᠳᠤ ᠤᠷᠤᠪᠠᠯ ᠤᠳᠠᠯ ᠦᠭᠡᠢ ᠦᠭᠦᠨ᠎ᠠ᠃      2᠂ ᠭᠡᠮᠨᠡᠭᠰᠡᠨ ᠢᠮᠠᠭ᠎ᠠ ᠶᠢ ᠪᠠᠶᠢᠴᠠᠭᠠᠬᠤ᠄ ᠭᠡᠮᠨᠡᠭᠰᠡᠨ ᠢᠮᠠᠭ᠎ᠠ ᠶᠢ ᠪᠠᠶᠢᠴᠠᠭᠠᠵᠤ ᠦᠵᠡᠪᠡᠯ᠂ ᠨᠢᠳᠤᠨ ᠤ ᠰᠠᠯᠢᠰᠤᠳᠤ ᠪᠦᠷᠭᠦᠪᠴᠢ ᠨᠢ ᠴᠠᠶᠢᠵᠤ᠂ ᠬᠠᠷᠠᠭ᠎ᠠ ᠨᠢ ᠲᠤᠮᠤᠷᠠᠨ᠂ ᠤᠯᠠᠩᠬᠢ ᠭᠡᠮᠨᠡᠭᠰᠡᠨ ᠢᠮᠠᠭᠠᠨ ᠤ ᠪᠠᠷᠠᠭᠤᠨ ᠲᠠᠯ᠎ᠠ ᠶᠢᠨ ᠪᠦᠭᠡᠷ᠎ᠠ ᠨᠢ ᠤᠷᠤᠨ ᠠᠴᠠ ᠪᠠᠨ ᠰᠢᠯᠵᠢᠭᠰᠡᠨ ᠪᠠᠶᠢᠳᠠᠭ᠃ ᠴᠠᠭ ᠤᠳᠠᠪᠠᠯ ᠰᠤᠳᠠᠯ‌ᠨᠢ ᠤᠯᠳᠠᠬᠤ ᠦᠭᠡᠢ ᠪᠤᠶᠤ ᠤᠯᠳᠠᠭᠰᠠᠨ ᠴᠤ ᠬᠠᠳᠬᠤᠬᠤ ᠦᠶ᠎ᠠ ᠳᠤ ᠴᠢᠰᠤ ᠭᠠᠷᠳᠠᠭ ᠦᠭᠡᠢ᠃      ᠡᠶᠢᠮᠤ ᠭᠡᠮ ᠢᠶᠠᠷ ᠦᠭᠦᠭᠰᠡᠨ ᠢᠮᠠᠭ᠎ᠠ ᠶᠢ ᠵᠠᠳᠠᠯᠵᠤ ᠦᠵᠡᠭᠦ ᠳᠤ ᠨᠠᠷᠢᠨ ᠭᠡᠳᠡᠰᠤᠨ ᠳᠤᠨᠢ ᠴᠢᠰᠤ ᠲᠦᠭᠦᠷᠴᠤ ᠂ ᠭᠠᠳᠠᠨ᠎ᠠ ᠠᠴᠠ ᠨᠢ ᠬᠠᠷᠠᠬᠤ ᠳᠤ ᠶᠠᠭ ᠴᠢᠳᠬᠤᠭᠰᠠᠨ ᠭᠡᠳᠡᠰᠤ ᠠᠳᠠᠯᠢ ᠪᠠᠶᠢᠳᠠᠭ᠃ ᠪᠤᠰᠤᠳ ᠡᠷᠭᠡᠳᠡᠨ ᠳᠤᠨᠢ ᠢᠯᠡ ᠲᠤᠳᠤᠷᠬᠠᠢ ᠰᠢᠨᠵᠢ ᠲᠡᠮᠳᠡᠭ ᠮᠡᠳᠡᠭᠳᠡᠳᠡᠭ ᠦᠭᠡᠢ᠃      3᠂ ᠵᠠᠰᠠᠬᠤ ᠲᠦᠭᠦᠮ ᠠᠷᠭ᠎ᠠ᠄ ᠨᠢᠭᠡ ᠳᠤ᠂ ᠰᠠᠮᠨᠠᠵᠤ ᠪᠠᠷᠠᠭᠠᠳ ᠲᠠᠯᠪᠢᠭᠰᠠᠨ ᠤ ᠲᠠᠷᠠᠭ᠎ᠠ ᠭᠡᠮᠨᠡᠭᠰᠡᠨ ᠢᠯᠡᠷᠡᠯ ᠭᠠᠷᠪᠠᠯ᠂ ᠲᠦᠷᠭᠡᠨ ᠪᠠᠷᠢᠵᠤ ᠲᠡᠭᠡᠭᠰᠢ ᠬᠠᠷᠠᠭᠤᠯᠤᠨ ᠭᠡᠪᠳᠡᠭᠦᠯᠤᠭᠡᠳ ᠭᠡᠳᠡᠰᠤᠨ ᠲᠡᠭᠡᠷᠡᠬᠢ ᠰᠤᠳᠠᠯ ᠪᠦᠬᠦᠨ ᠢ ᠨᠢ ᠬᠠᠳᠬᠤᠵᠤ ᠴᠢᠰᠤ ᠭᠠᠷᠭᠠᠨ᠎ᠠ᠃ ᠬᠤᠶᠠᠷ ᠲᠤ ᠂ ᠵᠠᠷᠢᠮ ᠡᠷ᠎ᠠ ᠢᠮᠠᠭᠠᠨ ᠤ ᠭᠡᠳᠡᠰᠤᠨ ᠤ ᠰᠤᠳᠠᠯ ᠨᠢ ᠤᠯᠳᠠᠬᠤ ᠦᠭᠡᠢ ᠪᠤᠯ ᠭᠡᠯᠡ᠂ ᠲᠦᠷᠪᠡᠨ ᠮᠦᠴᠢ ᠪᠠ ᠴᠢᠬᠢᠨ ᠰᠤᠳᠠᠯ ᠢ ᠨᠢ ᠬᠠᠳᠬᠤᠵᠤ ᠪᠤᠯᠤᠨ᠎ᠠ᠃ ᠭᠤᠷᠪᠠ ᠳᠤ᠂ ᠭᠡᠷᠪᠡ ᠪᠠᠶᠢᠨ ᠪᠠᠶᠢᠨ ᠰᠤᠨᠢᠶᠠᠵᠤ ᠪᠠᠶᠢᠪᠠᠯ ᠬᠤᠶᠠᠷ ᠲᠠᠯ᠎ᠠ ᠶᠢᠨ ᠦᠯᠤᠨ ᠬᠤᠨᠭ᠍ᠬᠤᠷ ᠢ ᠨᠢ ᠲᠡᠮᠳᠡᠷᠢᠵᠤ ᠦᠵᠡᠨ᠎ᠠ᠃ ᠪᠦᠭᠡᠷ᠎ᠠ ᠨᠢ ᠰᠢᠯᠵᠢᠭᠰᠡᠨ ᠪᠠᠶᠢᠪᠠᠯ ᠡᠮᠤᠨ᠎ᠠ ᠬᠤᠶᠠᠷ ᠮᠦᠴᠢ ᠪᠠ ᠬᠤᠶᠢᠳᠤ ᠬᠤᠶᠠᠷ ᠮᠦᠴᠢ ᠶᠢ ᠨᠢ ᠲᠤᠰ ᠲᠤᠰ ᠨᠢᠭᠡ ᠬᠦᠮᠤᠨ ᠪᠠᠷᠢᠵᠤ᠂ ᠢᠮᠠᠭ᠎ᠠ ᠪᠠᠨ ᠲᠡᠭᠡᠭᠰᠢ ᠬᠠᠨᠳᠤᠭᠤᠯᠤᠨ ᠨᠠᠰᠢ ᠴᠠᠰᠢ 5 ᠪᠤᠶᠤ 5 ᠠᠴᠠ ᠲᠡᠭᠡᠭᠰᠢ ᠤᠳᠠᠭ᠎ᠠ ᠵᠢᠭᠳᠡ ᠪᠠᠷ ᠰᠠᠵᠢᠯᠠᠨ ᠬᠦᠳᠡᠯᠭᠡᠨ᠎ᠠ᠃ ᠲᠠᠷᠠᠭ᠎ᠠ ᠨᠢ ᠡᠮᠤᠨ᠎ᠠ ᠮᠦᠴᠢ ᠶᠢ ᠨᠢ ᠪᠠᠷᠢᠵᠤ ᠪᠠᠶᠢᠭ᠎ᠠ ᠬᠦᠮᠤᠨ ᠨᠢ ᠡᠮᠤᠨ᠎ᠠ ᠬᠤᠶᠠᠷ ᠮᠦᠴᠢ ᠶᠢ ᠨᠢ ᠲᠡᠭᠡᠭᠰᠢ ᠪᠠᠨ ᠲᠤᠭᠤᠭᠰᠢ ᠪᠠᠨ 3~5 ᠤᠳᠠᠭ᠎ᠠ ᠬᠦᠴᠤᠳᠡᠶᠢᠭᠡᠨ ᠰᠡᠭᠰᠤᠷᠤᠨ᠎ᠠ᠃ ᠢᠡᠭᠬᠢᠭᠰᠡᠨ ᠤ ᠰᠡᠭᠦᠯᠡᠷ ᠲᠦᠷᠪᠡᠨ ᠬᠦᠯ ᠤᠨ ᠲᠤᠭᠤᠷᠠᠢ ᠶᠢ ᠨᠢ ᠲᠡᠪ ᠲᠡᠭᠰᠢᠭᠡᠨ ᠢᠶᠠᠷ ᠨᠡᠶᠢᠯᠡᠭᠦᠯᠦᠨ ᠠᠳᠬᠤᠭᠠᠳ ᠲᠡᠭᠡᠷ᠎ᠠ ᠨᠢ ᠶᠡᠭᠡ ᠪᠠᠭ᠎ᠠ ᠨᠢ ᠲᠤᠬᠢᠷᠠᠮᠵᠢᠳᠠᠢ ᠮᠤᠳᠤᠨ ᠬᠠᠪᠳᠠᠰᠤ ᠲᠠᠯᠪᠢᠵᠤ᠂ ᠲᠡᠭᠡᠷ᠎ᠠ ᠠᠴᠠ ᠨᠢ ᠠᠯᠤᠬ᠎ᠠ ᠪᠤᠶᠤ ᠲᠤᠭᠤᠰᠬ᠎ᠠ ᠪᠠᠷ ᠲᠤᠮᠳᠠ ᠵᠡᠷᠭᠡ ᠶᠢᠨ ᠬᠦᠴᠤ ᠪᠠᠷ 3 ᠪᠤᠶᠤ 5 ᠤᠳᠠᠭ᠎ᠠ ᠴᠤᠬᠢᠭᠰᠠᠨ ᠤ ᠲᠠᠷᠠᠭ᠎ᠠ ᠬᠦᠨᠳᠡᠶᠢᠭᠡᠨ ᠢᠶᠠᠷ ᠪᠤᠰᠬᠠᠵᠤ ᠲᠠᠯᠪᠢᠨ᠎ᠠ᠃ ᠢᠡᠭᠬᠢᠵᠤ ᠬᠦᠯ ᠢ ᠨᠢ ᠴᠤᠬᠢᠬᠤ ᠦᠶ᠎ᠠ ᠳᠤ ᠢᠮᠠᠭ᠎ᠠ ᠪᠠᠨ ᠭᠠᠵᠠᠷ ᠬᠦᠷᠭᠡᠵᠤ ᠪᠤᠯᠬᠤ ᠦᠭᠡᠢ᠂ ᠭᠠᠵᠠᠷ ᠠᠴᠠ ᠵᠢᠭᠠᠬᠠᠨ ᠵᠠᠶᠢᠳᠠᠢ ᠪᠠᠶᠢᠯᠭᠠᠨ᠎ᠠ᠃ ᠢᠡᠭᠬᠢᠪᠡᠯ ᠡ᠊ᠡᠭ ᠤᠨ ᠪᠠᠶᠢᠳᠠᠯ ᠳᠤ ᠴᠠᠭ ᠭᠠᠷᠤᠢ ᠪᠤᠯᠪᠠᠯ ᠵᠦᠭᠡᠷ ᠪᠤᠯᠴᠢᠬᠠᠳᠠᠭ ᠶᠤᠮ᠃ ᠲᠦᠷᠪᠡ ᠳᠤ᠂ ᠵᠠᠷᠢᠮ ᠭᠡᠮᠨᠡᠭᠰᠡᠨ ᠢᠮᠠᠭᠠᠨ ᠳᠤ ᠬᠦᠮᠤᠨ ᠤ ᠰᠢᠭᠡᠰᠤ ᠶᠢ ᠵᠤᠬᠢᠬᠤ ᠭᠡᠮᠵᠢᠶ᠎ᠠ ᠪᠠᠷ ᠴᠢᠳᠬᠤᠵᠤ ᠦᠭᠪᠡᠯ ᠪᠠᠰᠠ ᠲᠤᠰᠠ ᠪᠤᠯᠳᠠᠭ᠃ ᠬᠦᠨᠳᠤ ᠰᠢᠭ ᠭᠡᠮᠨᠡᠭᠰᠡᠨ ᠢᠮᠠᠭᠠᠨ ᠳᠤ ᠲᠡᠭᠡᠷᠡᠬᠢ ᠲᠦᠷᠪᠡᠨ ᠠᠷᠭ᠎ᠠ ᠶᠢ ᠤᠭᠰᠠᠷᠠᠭ᠎ᠠ ᠪᠠᠷ ᠭᠡᠷᠡᠭᠯᠡᠪᠡᠯ ᠦᠷ᠎ᠠ ᠳ᠋ᠦᠡᠭ ᠨᠢ ᠨᠡᠩ ᠰᠠᠶᠢᠨ ᠪᠠᠶᠢᠳᠠᠭ᠃ ᠲᠠᠪᠤ ᠳᠤ᠂ ᠵᠠᠷᠢᠮ ᠭᠡᠮᠨᠡᠭᠰᠡᠨ ᠢᠮᠠᠭᠠᠨ ᠳᠤ ᠰᠤᠳᠠ ᠲᠠᠢ ᠤᠰᠤ ᠪᠤᠶᠤ ᠲᠠᠪᠤᠰᠤ ᠲᠠᠢ ᠤᠰᠤ ᠶᠢ ᠵᠤᠬᠢᠬᠤ ᠭᠡᠮᠵᠢᠶ᠎ᠠ ᠪᠠᠷ ᠴᠢᠳᠬᠤᠵᠤ ᠪᠤᠯᠤᠨ᠎ᠠ᠃ ᠭᠡᠪᠡᠴᠤ ᠡᠳᠡᠭᠡᠷ ᠢ ᠵᠡᠷᠭᠡᠪᠡᠷ ᠴᠢᠳᠬᠤᠵᠤ ᠤᠭᠳᠤ ᠪᠤᠯᠬᠤ ᠦᠭᠡᠢ᠂ ᠵᠦᠪᠭᠡᠨ ᠨᠢᠭᠡ ᠶᠢ ᠨᠢ ᠴᠢᠳᠬᠤᠪᠠᠯ ᠪᠤᠯᠴᠢᠬᠠᠨ᠎ᠠ᠃ ᠵᠢᠷᠭᠤᠭ᠎ᠠ ᠳᠤ᠂ ᠡᠮ ᠤᠨ ᠵᠦᠢᠯ᠂ ᠵᠢᠱᠢᠶᠡᠯᠡᠪᠡᠯ ᠬᠦᠬᠦᠷ ᠬᠦᠴᠢᠯ ᠤᠨ ᠠᠲᠷᠤᠫᠢᠨ ᠤ ᠵᠡᠭᠦᠤ ᠴᠤᠬᠢᠬᠤ ᠵᠡᠷᠭᠡ ᠠᠷᠭ᠎ᠠ ᠶᠢ ᠪᠠᠰᠠ ᠠᠪᠴᠤ ᠪᠤᠯᠤᠨ᠎ᠠ᠃
 
ᠢᠷᠡᠯᠲᠡ᠄ ᠤᠷᠳᠤᠰ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号