ᠵᠠᠭ ᠤᠨ ᠰᠤᠶᠤᠯ ᠪᠤᠳᠠᠰ ᠤᠨ ᠪᠤᠰᠤ ᠰᠤᠶᠤᠯ ᠤᠨ ᠥᠪ ᠢᠶᠠᠷ ᠵᠢᠭᠰᠠᠭᠠᠭᠳᠠᠪᠠ
ᠨᠡᠶᠢᠲᠡᠯᠡᠭᠰᠡᠨ ᠴᠠᠭ᠄
2020/5/20
     ᠥᠢᠷ᠎ᠠ ᠳᠤ᠂ ᠠᠯᠠᠱᠠ ᠶᠢᠨ ᠲᠡᠬᠡᠳᠤ ᠰᠢᠨ᠎ᠡ ᠮᠡᠷᠬᠡᠵᠢᠯ ᠤᠨ ᠠᠵᠦ ᠦᠢᠯᠡᠰ ᠤᠨ ᠨᠡᠬᠡᠬᠡᠯᠳᠡ ᠶᠢᠨ ᠤᠷᠤᠨ ᠤ ᠤᠰᠤᠳᠠᠢ ᠪᠠᠯᠭᠠᠰᠤᠨ ᠤ ᠪᠠᠶᠠᠬᠤᠪᠤᠭ᠎ᠠ ᠭᠠᠴᠠᠭᠠᠨ ᠳᠤ ᠪᠠᠶᠢᠭ᠎ᠠ ᠬᠡᠨᠳᠠᠢ ᠶᠢᠨ ᠤᠪᠤᠭᠠᠨ ᠲᠠᠬᠢᠯᠭ᠎ᠠ᠂ ᠴᠠᠭᠠᠨᠨᠠᠭᠤᠷ ᠤᠨ ᠪᠤᠯᠠᠭ᠂ ᠰᠠᠬᠢᠭᠤᠯᠰᠤᠨ ᠮᠤᠳᠤᠨ ᠤ ᠲᠠᠬᠢᠯᠭ᠎ᠠ ᠪᠤᠯᠤᠨ ᠵᠠᠭ ᠤᠨ ᠪᠠᠷᠢᠯᠭ᠎ᠠ ᠶᠢᠨ ᠮᠡᠷᠬᠡᠵᠢᠯ ᠢ ᠬᠠᠮᠤᠷᠤᠭᠰᠠᠨ ᠬᠥᠢᠪᠤᠷᠢ ᠨᠤᠳᠤᠭ ᠤᠨ ᠵᠠᠭ ᠤᠨ ᠰᠤᠶᠤᠯ ᠨᠢ ᠠᠶᠢᠮᠠᠭ ᠤᠨ ᠲᠡᠰ ᠤᠨ ᠪᠤᠳᠠᠰ ᠤᠨ ᠪᠤᠰᠤ ᠰᠤᠶᠤᠯ ᠤᠨ ᠥᠪ ᠢᠶᠠᠷ ᠵᠢᠭᠰᠠᠭᠠᠭᠳᠠᠭᠰᠠᠨ ᠪᠠᠶᠢᠨ᠎ᠠ᠃      ᠵᠠᠭ ᠪᠤᠯ ᠬᠥᠢᠪᠤᠷᠢ ᠨᠤᠳᠤᠭ ᠤᠨ ᠬᠥᠮᠤᠰ ᠤᠨ ᠤᠷᠤᠰᠢᠨ ᠰᠠᠭᠤᠷᠢᠰᠢᠵᠤ ᠪᠠᠶᠢᠭ᠎ᠠ ᠠᠮᠢᠳᠤᠷᠠᠯ ᠤᠨ ᠴᠢᠬᠤᠯᠠ ᠡᠬᠢ ᠰᠤᠷᠪᠤᠯᠵᠢ ᠪᠤᠯᠤᠨ᠎ᠡ᠃ ᠵᠠᠭ ᠢ ᠲᠡᠮᠡᠭᠡ ᠢᠳᠡᠭᠦ ᠠᠴᠠ ᠭᠠᠳᠠᠨ᠎ᠠ ᠬᠡᠷ ᠪᠠᠷᠢᠬᠤ᠂ ᠬᠠᠰᠢᠶ᠎ᠠ ᠲᠠᠷᠤᠬᠤ᠂ ᠬᠤᠳᠳᠤᠭ ᠱᠠᠳᠤᠯᠠᠬᠤ᠂ ᠮᠠᠯ ᠠᠳᠤᠭᠤᠰᠤ ᠳᠤ ᠨᠡᠮᠡᠷᠢ ᠲᠤᠯᠠᠭᠠᠴᠠᠯ ᠪᠤᠯᠭᠠᠬᠤ ᠳᠤ ᠠᠰᠢᠭᠯᠠᠳᠠᠭ᠃ ᠡᠶᠢᠮᠤ ᠠᠴᠠ ᠬᠥᠢᠪᠤᠷᠢ ᠨᠤᠳᠤᠭ ᠨᠢ ᠪᠠᠯᠠᠷᠯᠢᠭ ᠵᠠᠭ ᠤᠨ ᠤᠶᠢᠳᠤ ᠤᠷᠤᠨ ᠪᠤᠯᠤᠭᠰᠠᠨ ᠢᠶᠠᠷ ᠢᠶᠠᠨ ᠵᠠᠭ ᠤᠨ ᠰᠤᠶᠤᠯ ᠢᠶᠠᠨ ᠬᠠᠮᠠᠭᠠᠯᠠᠬᠤ᠂ ᠵᠠᠭ ᠤᠨ ᠪᠠᠷᠢᠯᠭ᠎ᠠ ᠶᠢᠨ ᠮᠡᠷᠬᠡᠵᠢᠯ ᠢᠶᠠᠨ ᠥᠪᠯᠡᠨ ᠥᠯᠡᠳᠡᠬᠡᠭᠦ ᠵᠤᠷᠢᠯᠭ᠎ᠠ ᠪᠠᠷ ᠬᠥᠢᠪᠤᠷᠢ ᠨᠤᠳᠤᠭ ᠲᠠᠢ ᠴᠤᠷᠤᠰ ᠠᠯᠳ᠋ᠬᠠᠨᠭᠤᠯᠠ ᠶᠢᠨ ᠰᠠᠨᠠᠭᠠᠴᠢᠯᠠᠭ᠎ᠠ ᠪᠠᠷ ᠬᠡᠨᠳᠠᠢ ᠶᠢᠨ ᠤᠪᠤᠭᠠᠨ ᠲᠠᠬᠢᠯᠭ᠎ᠠ᠂ ᠴᠠᠭᠠᠨᠨᠠᠭᠤᠷ ᠤᠨ ᠪᠤᠯᠠᠭ ᠮᠤᠳᠤᠨ ᠤ ᠲᠠᠬᠢᠯᠭ᠎ᠠ ᠪᠤᠯᠤᠨ ᠵᠠᠭ ᠤᠨ ᠪᠠᠷᠢᠯᠭ᠎ᠠ ᠶᠢᠨ ᠮᠡᠷᠬᠡᠵᠢᠯ ᠢ ᠬᠠᠮᠤᠷᠤᠭᠰᠠᠨ ᠬᠥᠢᠪᠤᠷᠢ ᠨᠤᠳᠤᠭ ᠤᠨ ᠵᠠᠭ ᠤᠨ ᠰᠤᠶᠤᠯ ᠢ ᠪᠤᠳᠠᠰ ᠤᠨ ᠪᠤᠰᠤ ᠰᠤᠶᠤᠯ ᠤᠨ ᠥᠪ ᠲᠤ ᠲᠡᠮᠳᠡᠭᠯᠡᠭᠦ ᠪᠠᠷ ᠲᠡᠪᠰᠢᠭᠦᠯᠵᠤ᠂ 2018 ᠤᠨ ᠳᠤ ᠬᠤᠰᠢᠭᠤ ᠲᠡᠰ ᠤᠨ ᠪᠤᠳᠠᠰ ᠤᠨ ᠪᠤᠰᠤ ᠰᠤᠶᠤᠯ ᠤᠨ ᠥᠪ ᠢᠶᠠᠷ ᠵᠢᠭᠰᠠᠭᠠᠭᠳᠠᠨ᠂ ᠡᠨᠡ ᠵᠢᠯ ᠠᠶᠢᠮᠠᠭ ᠤᠨ ᠲᠡᠰ ᠤᠨ ᠪᠤᠳᠠᠰ ᠤᠨ ᠪᠤᠰᠤ ᠰᠤᠶᠤᠯ ᠤᠨ ᠥᠪ ᠢᠶᠠᠷ ᠵᠢᠭᠰᠠᠭᠠᠭᠳᠠᠵᠠᠢ᠃      ᠡᠭᠦᠨ ᠳᠤ ᠬᠠᠰᠴᠢᠮᠡᠭ᠂ ᠲᠠᠪᠰᠢᠯᠳᠤ᠂ ᠲᠤᠶᠠᠭ᠎ᠠ᠂ ᠰᠢᠭᠤᠷᠭᠠᠨ ᠬᠡᠨᠳᠠᠢ ᠶᠢᠨ ᠤᠪᠤᠭ᠎ᠠ ᠶᠢᠨ ᠲᠠᠬᠢᠯᠭ᠎ᠠ ᠶᠢᠨ ᠪᠤᠳᠠᠰ ᠤᠨ ᠪᠤᠰᠤ ᠰᠤᠶᠤᠯ ᠤᠨ ᠥᠪᠯᠡᠨ ᠤᠯᠠᠮᠵᠢᠯᠠᠭᠴᠢ ᠪᠤᠯᠵᠤ᠂ ᠪᠤᠶᠠᠨᠪᠠᠳᠤ᠂ ᠲᠥᠮᠡᠨᠪᠠᠶᠠᠷ᠂ ᠲᠥᠮᠡᠨᠵᠢᠷᠭᠠᠯ ᠴᠠᠭᠠᠨᠠᠭᠤᠷ ᠤᠨ ᠪᠤᠯᠠᠭ᠂ ᠰᠠᠬᠢᠭᠤᠯᠰᠤᠨ ᠮᠤᠳᠤᠨ ᠤ ᠲᠠᠬᠢᠯᠭ᠎ᠠ ᠶᠢᠨ ᠪᠤᠳᠠᠰ ᠤᠨ ᠪᠤᠰᠤ ᠰᠤᠶᠤᠯ ᠤᠨ ᠥᠪᠯᠡᠨ ᠤᠯᠠᠮᠵᠢᠯᠠᠭᠴᠢ ᠪᠤᠯᠵᠤ᠂ ᠪᠠᠳᠤᠨᠠᠰᠤᠨ᠂ ᠬᠠᠰᠪᠠᠭᠠᠳᠤᠷ᠂ ᠴᠤᠭᠪᠠᠭᠠᠳᠤᠷ᠂ ᠾᠧ ᠢᠦᠢ ᠵᠢᠶᠧ᠂ ᠯᠢᠤ ᠬᠤᠩ ᠴᠧᠩ ᠵᠠᠭ ᠤᠨ ᠪᠠᠷᠢᠯᠭ᠎ᠠ ᠶᠢᠨ ᠮᠡᠷᠬᠡᠵᠢᠯ ᠤᠨ ᠪᠤᠳᠠᠰ ᠤᠨ ᠪᠤᠰᠤ ᠰᠤᠶᠤᠯ ᠤᠨ ᠥᠪᠯᠡᠨ ᠤᠯᠠᠮᠵᠢᠯᠠᠭᠴᠢ ᠪᠤᠯᠤᠭᠰᠠᠨ ᠪᠠᠶᠢᠨ᠎ᠠ᠃ ᠡᠳᠡᠬᠡᠷ ᠥᠪᠯᠡᠨ ᠤᠯᠠᠮᠵᠢᠯᠠᠭᠴᠢ ᠨᠠᠷ ᠪᠤᠯ ᠬᠤᠰᠢᠭᠤ ᠲᠡᠰ ︵ᠠᠯᠠᠱᠠ ᠶᠢᠨ ᠲᠡᠬᠡᠳᠤ ᠰᠢᠨ᠎ᠡ ᠮᠡᠷᠬᠡᠵᠢᠯ ᠤᠨ ᠠᠵᠦ ᠦᠢᠯᠡᠰ ᠤᠨ ᠨᠡᠬᠡᠬᠡᠯᠳᠡ ᠶᠢᠨ ᠤᠷᠤᠨ ᠤ ᠲᠡᠰ︶ ᠤᠨ ᠪᠤᠳᠠᠰ ᠤᠨ ᠪᠤᠰᠤ ᠰᠤᠶᠤᠯ ᠤᠨ ᠥᠪᠯᠡᠨ ᠤᠯᠠᠮᠵᠢᠯᠠᠭᠴᠢ ᠪᠤᠯᠤᠨ᠎ᠡ᠃                                                                    ᠵᠣᠬᠢᠶᠠᠭᠴᠢ᠄  ᠲᠠᠪᠰᠢᠯᠳᠤ ᠰᠡᠴᠡᠨᠪᠠᠳᠤ
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号