ᠬᠤᠯᠣᠭᠠᠨ᠎ᠠ ᠶᠢᠨ ᠬᠢᠵᠢᠭ ᠢ ᠰᠡᠷᠭᠡᠶᠢᠯᠡᠨ ᠡᠵᠡᠮᠳᠡᠬᠦ ᠲᠣᠬᠠᠢ ᠮᠡᠳᠡᠯᠭᠡ
ᠨᠡᠶᠢᠲᠡᠯᠡᠭᠰᠡᠨ ᠴᠠᠭ᠄
2020/4/10
     ᠪᠦᠬᠦ ᠲᠡᠯᠡᠬᠡᠢ ᠪᠠᠷ ᠢᠶᠠᠨ ᠰᠢᠨ᠎ᠡ ᠲᠢᠳᠢᠮᠯᠢᠭ ᠠᠭᠤᠰᠬᠢᠨ ᠦᠷᠪᠢᠰᠤᠯ ᠢ ᠰᠡᠷᠭᠡᠶᠢᠯᠡᠨ ᠡᠵᠡᠮᠳᠡᠵᠦ ᠪᠠᠶᠢᠭ᠎ᠠ ᠬᠤᠭᠤᠴᠠᠭᠠᠨ ᠳᠤ ᠬᠠᠪᠣᠷ ᠪᠣᠯᠵᠦ ᠬᠤᠯᠣᠭᠠᠨ᠎ᠠ ᠢᠴᠡᠭᠡᠯᠡᠵᠦ ᠪᠠᠶᠢᠭᠰᠠᠨ ᠠᠴᠠ ᠪᠠᠨ ᠬᠡᠭᠡᠷ᠎ᠡ ᠭᠦᠶᠦᠯᠳᠤᠬᠦ ᠴᠠᠭ ᠪᠣᠯᠣᠭᠰᠠᠨ ᠪᠦᠭᠡᠳ 2019 ᠣᠨ ᠤ ᠡᠪᠣᠯ ᠦᠪᠦᠷ ᠮᠣᠩᠭᠤᠯ ᠳᠤ ᠬᠤᠯᠣᠭᠠᠨ᠎ᠠ ᠶᠢᠨ ᠬᠢᠵᠢᠭ ᠡᠭᠦᠰᠴᠦ ᠦᠩᠭᠡᠷᠡᠭᠰᠡᠨ ᠲᠣᠯᠠ ᠰᠢᠨ᠎ᠡ ᠲᠢᠳᠢᠮᠯᠢᠭ ᠠᠭᠤᠰᠭᠢᠨ ᠦᠷᠪᠢᠰᠦᠯ ᠢ ᠰᠡᠷᠭᠡᠶᠢᠯᠡᠬᠦ ᠶᠢᠨ ᠬᠠᠮᠲᠦ ᠬᠤᠯᠣᠭᠠᠨ᠎ᠠ ᠬᠢᠵᠢᠭ ᠢ ᠣᠷᠢᠳᠴᠢᠯᠡᠨ ᠰᠡᠷᠭᠡᠶᠢᠯᠡᠬᠦ ᠴᠢᠬᠤᠯᠠᠳᠠᠢ ᠪᠠᠶᠢᠨ᠎ᠠ᠃      ᠨᠢᠭᠡ᠂ ᠬᠤᠯᠣᠭᠠᠨ᠎ᠠ ᠶᠢᠨ ᠬᠢᠵᠢᠭ ᠪᠠ ᠲᠡᠭᠦᠨ ᠤ ᠬᠤᠣᠷ ᠬᠦᠨᠦᠭᠡᠯ      ᠬᠤᠯᠣᠭᠠᠨ᠎ᠠ ᠶᠢᠨ ᠬᠢᠵᠢᠭ ᠪᠣᠯ ᠬᠤᠯᠣᠭᠠᠨ᠎ᠠ ᠶᠢᠨ ᠬᠢᠵᠢᠭ ᠤᠨ ᠬᠤᠣᠷ᠎ᠠ ︵ᠶᠧᠷᠰᠣᠨ ᠪᠠᠺᠲ᠋ᠧᠷᠢ︶ ᠠᠴᠠ ᠡᠭᠦᠰᠦᠭᠰᠡᠨ ᠲᠣᠭᠰᠢᠨ ᠴᠢᠨᠠᠷᠲᠠᠢ ᠬᠠᠯᠲᠠᠪᠦᠷᠢᠲᠦ ᠡᠪᠡᠳᠴᠢᠨ ᠮᠦᠨ᠃ ᠶᠡᠷᠦ ᠳᠡᠭᠡᠨ ᠮᠡᠷᠡᠭᠴᠢ ᠠᠮᠢᠲᠠᠨ ᠤ ᠲᠣᠮᠲᠠ ᠲᠡᠯᠭᠡᠷᠡᠨ᠎ᠡ᠂ ᠬᠠᠶᠠ ᠵᠠᠷᠢᠮ ᠳᠠᠭᠠᠨ ᠪᠠᠰᠠ ᠬᠦᠮᠦᠨ ᠤ ᠲᠣᠮᠲᠠ ᠲᠡᠯᠭᠡᠷᠡᠨ᠎ᠡ᠃ ︽ᠪᠦᠭᠦᠳᠡ ᠨᠠᠶᠢᠷᠠᠮᠳᠠᠬᠤ ᠲᠣᠮᠲᠠᠲᠦ ᠠᠷᠠᠳ ᠣᠯᠣᠰ ᠤᠨ ᠬᠠᠯᠲᠠᠪᠦᠷᠢᠲᠦ ᠡᠪᠡᠳᠴᠢᠨ ᠢ ᠰᠡᠷᠭᠡᠶᠢᠯᠡᠨ ᠵᠠᠰᠠᠬᠤ ᠬᠠᠣᠯᠢ︾ ᠳᠤ ᠬᠦᠬᠡ ᠲᠦᠷᠦᠯ ᠤᠨ ᠬᠠᠯᠲᠠᠪᠦᠷᠢᠲᠦ ᠡᠪᠡᠳᠴᠢᠨ ᠢᠶᠠᠷ ᠲᠣᠭᠲᠠᠭᠠᠵᠠᠢ᠃      ᠬᠤᠯᠣᠭᠠᠨ᠎ᠠ ᠶᠢᠨ ᠬᠢᠵᠢᠭ ᠤᠨ ᠡᠪᠡᠳᠴᠢᠨ ᠤ ᠲᠣᠰᠣᠯᠲᠠ ᠲᠦᠷᠭᠡᠨ᠂ ᠰᠢᠨᠵᠢ ᠲᠡᠮᠳᠡᠭ ᠬᠦᠨᠳᠦ ᠰᠦᠷᠡᠬᠡᠢ᠂ ᠦᠬᠦᠬᠦ ᠨᠣᠷᠮ᠎ᠡ ᠨᠢ ᠮᠠᠰᠢ ᠦᠨᠳᠦᠷ᠂ ᠬᠠᠯᠲᠠᠪᠣᠷᠢᠯᠠᠬᠤ ᠴᠢᠨᠠᠷ ᠢᠶᠠᠷ ᠴᠢᠩᠭ᠎ᠠ᠂ ᠲᠡᠯᠭᠡᠷᠡᠬᠦ ᠨᠢ ᠮᠠᠰᠢ ᠲᠦᠷᠭᠡᠨ ᠪᠠᠶᠢᠳᠠᠭ᠃ ᠣᠨᠴᠠᠭᠠᠶᠢᠯᠠᠨ ᠴᠢᠰᠦ ᠦᠵᠢᠷᠡᠭᠦᠯᠬᠦ ᠬᠤᠯᠣᠭᠠᠨ᠎ᠠ ᠶᠢᠨ ᠬᠢᠵᠢᠭ ᠪᠣᠯᠣᠨ ᠠᠭᠤᠰᠭᠢᠨ ᠤ ᠬᠤᠯᠣᠭᠠᠨ᠎ᠠ  ᠶᠢᠨ ᠬᠢᠵᠢᠭ ᠢ ᠬᠡᠷᠪᠡ ᠲᠠᠷᠣᠢ ᠲᠦᠷᠭᠡᠨ ᠡᠮᠨᠡᠨ ᠵᠠᠰᠠᠬᠤ ᠦᠭᠡᠢ ᠪᠣᠯ ᠦᠬᠦᠬᠦ ᠨᠣᠷᠮ᠎ᠠ ᠨᠢ 30%-100% ᠪᠠᠶᠢᠳᠠᠭ᠃ ᠬᠤᠯᠣᠭᠠᠨ᠎ᠠ ᠶᠢᠨ ᠬᠢᠵᠢᠭ ᠤᠨ ᠨᠢᠭᠤᠭᠳᠠᠮᠠᠯ ᠬᠤᠭᠤᠴᠠᠭ᠎ᠠ ᠨᠢ ᠨᠡᠯᠢᠶᠡᠳ ᠣᠬᠤᠷ᠂ ᠶᠡᠷᠦ ᠳᠡᠭᠡᠨ 1-6 ᠡᠳᠦᠷ᠂ ᠭᠡᠪᠡᠴᠦ ᠣᠨᠴᠠᠭᠠᠢ ᠵᠠᠷᠢᠮ ᠡᠪᠡᠳᠴᠢᠨ ᠤ ᠵᠢᠱᠢᠶ᠎ᠡ ᠨᠢ 8-9 ᠡᠳᠦᠷ ᠪᠣᠯᠣᠨ᠎ᠠ᠃      ᠬᠤᠶᠠᠷ᠂ ᠲᠣᠰ ᠡᠪᠡᠳᠴᠢᠨ ᠬᠡᠷᠬᠢᠨ ᠬᠦᠮᠦᠨ ᠳᠤ ᠬᠠᠯᠳᠠᠪᠣᠷᠢᠯᠠᠬᠤ ᠪᠣᠢ︖      ᠲᠣᠰ ᠡᠪᠡᠳᠴᠢᠨ ᠪᠣᠯ ᠬᠤᠯᠣᠭᠠᠨ᠎ᠠ ᠶᠢᠨ ᠬᠢᠵᠢᠭ ᠤᠨ ᠬᠤᠣᠷ᠎ᠠ ᠪᠠᠷ ᠰᠢᠯᠲᠠᠭᠠᠯᠠᠵᠦ ᠡᠭᠦᠰᠳᠡᠭ᠂ ᠭᠤᠣᠯᠳᠠᠭᠤ ᠲᠣᠰ ᠡᠪᠡᠳᠴᠢᠨ ᠢᠶᠠᠷ ᠦᠬᠦᠭᠰᠡᠨ ᠬᠤᠯᠣᠭᠠᠨ᠎ᠠ᠂ ᠲᠠᠷᠪᠠᠭ᠎ᠠ᠂ ᠵᠣᠷᠠᠮ᠎ᠡ ᠵᠡᠷᠭᠡ ᠠᠮᠢᠲᠠᠨ ᠲᠠᠢ ᠬᠠᠪᠢᠳᠠᠵᠦ ᠣᠶᠢᠷᠠᠲᠣᠭᠰᠠᠨ᠂ ᠡᠰᠡᠭᠦᠯ᠎ᠡ ᠡᠪᠡᠳᠴᠢᠲᠡᠨ ᠲᠠᠢ ᠬᠠᠪᠢᠲᠠᠵᠦ ᠣᠶᠢᠷᠠᠲᠣᠭᠰᠠᠨ᠂ ᠡᠪᠡᠳᠴᠢᠨ ᠲᠠᠢ ᠠᠮᠢᠲᠠᠨ ᠤ ᠴᠢᠰᠦ ᠶᠢ ᠰᠣᠷᠣᠭᠰᠠᠨ ᠨᠣᠬᠠᠢ ᠶᠢᠨ ᠪᠦᠭᠡᠰᠦᠨ ᠳᠤ ᠬᠠᠵᠠᠭᠲᠠᠵᠣ ᠵᠠᠭᠤᠭᠳᠠᠭᠰᠠᠨ ᠵᠡᠷᠭᠡ ᠠᠴᠠ ᠪᠣᠯᠵᠦ ᠲᠣᠰ ᠡᠪᠡᠳᠴᠢᠨ ᠤ ᠬᠤᠣᠷ ᠨᠢ ᠠᠷᠠᠰᠣ ᠪᠠᠷ ᠪᠣᠶᠣ ᠠᠮᠢᠰᠬᠤᠯ ᠢᠶᠠᠷ ᠲᠠᠮᠵᠢᠵᠦ ᠬᠦᠮᠦᠨ ᠤ ᠪᠡᠶ᠎ᠡ ᠳᠤ ᠬᠠᠯᠲᠠᠪᠦᠷᠢᠯᠡᠨ ᠣᠷᠣᠳᠠᠭ᠃      ᠭᠤᠷᠪᠠ᠂ ᠬᠤᠯᠣᠭᠠᠨ᠎ᠠ   ᠶᠢᠨ ᠬᠢᠵᠢᠭ  ᠲᠤ ᠬᠠᠯᠳᠠᠪᠦᠷᠢᠯᠠᠭᠳᠠᠪᠠᠯ ᠶᠠᠮᠠᠷ ᠡᠪᠡᠳᠴᠢᠨ  ᠤ ᠰᠢᠨᠵᠢ ᠢᠯᠡᠷᠡᠬᠦ ᠪᠣᠢ︖      ᠶᠡᠷᠦᠩᠬᠡᠢ ᠳᠡᠭᠡᠨ ᠴᠣᠴᠢᠮᠠᠭ ᠡᠪᠡᠳᠴᠢᠯᠡᠨ᠂ ᠡᠬᠢᠯᠡᠮᠡᠭᠴᠡ ᠲᠠᠭᠠᠷᠠᠳᠠᠰᠣ ᠬᠦᠷᠴᠦ ᠴᠡᠴᠡᠷᠡᠨ ᠲᠠᠭᠵᠢᠬᠤ᠂ ᠴᠢᠨᠠᠭᠰᠢᠲᠠ ᠶᠡᠭᠡ ᠬᠠᠯᠠᠭᠤᠷᠠᠬᠤ ︵ᠪᠡᠶ᠎ᠡ ᠶᠢᠨ ᠬᠠᠯᠠᠭᠤᠨ 39℃ -41℃ ᠬᠦᠷᠳᠡᠭ︶᠂ ᠲᠣᠯᠣᠭᠠᠢ ᠶᠠᠰᠣ ᠥᠶ᠎ᠠ ᠡᠪᠡᠳᠬᠦ᠂ ᠢᠯᠠᠩᠭᠤᠶ᠎ᠠ ᠲᠦᠷᠪᠡᠨ ᠮᠦᠴᠢ ᠪᠠᠷ ᠡᠪᠡᠳᠬᠦ ᠨᠢ ᠢᠯᠡᠭᠦᠦ᠂ ᠣᠬᠠᠭᠠᠨ ᠮᠡᠳᠡᠷᠡᠯ ᠪᠠᠯᠠᠷᠠᠬᠤ᠂ ᠪᠣᠯᠴᠢᠷᠬᠠᠢ ᠬᠠᠪᠣᠳᠬᠤ᠂ ᠬᠠᠨᠢᠶᠠᠬᠤ᠂ ᠴᠢᠰᠦ ᠭᠠᠷᠬᠤ᠂ ᠵᠠᠷᠢᠮ ᠨᠢ ᠪᠦᠭᠡᠯᠵᠢᠬᠦ ᠵᠡᠷᠭᠡ ᠰᠢᠨᠵᠢ ᠲᠠᠢ ᠪᠠᠶᠢᠳᠠᠭ᠃      ᠳᠦᠷᠪᠡ᠂ ᠬᠤᠯᠣᠭᠠᠨ᠎ᠠ ᠶᠢᠨ ᠬᠢᠵᠢᠭ ᠭᠤᠣᠯᠳᠠᠭᠤ ᠶᠠᠮᠠᠷ ᠬᠡᠳᠦᠨ ᠬᠡᠯᠪᠡᠷᠢ ᠬᠤᠪᠢᠶᠠᠳᠠᠭ ᠪᠣᠢ︖      ᠭᠤᠣᠯᠳᠠᠭᠤ ᠪᠣᠯᠴᠢᠷᠬᠠᠢ ᠳᠤ ᠪᠠᠭᠤᠬᠤ᠂ ᠠᠭᠤᠰᠭᠢᠨ ᠳᠤ ᠪᠠᠭᠤᠬᠤ᠂ ᠴᠢᠰᠦᠨ ᠳᠤ ᠪᠠᠭᠤᠬᠤ ᠬᠡᠯᠪᠡᠷᠢ ᠣᠯᠠᠨ ᠲᠣᠬᠢᠶᠠᠯᠳᠣᠨ᠎ᠠ᠃ ᠪᠠᠰᠠ ᠠᠷᠠᠰᠣᠨ ᠬᠡᠯᠪᠡᠷᠢ᠂ ᠭᠡᠳᠡᠰᠦᠨ ᠬᠡᠯᠪᠡᠷᠢ ᠵᠡᠷᠭᠡ ᠪᠣᠰᠣᠳ ᠬᠡᠯᠪᠡᠷᠢ ᠪᠠᠶᠢᠳᠠᠭ᠃      ᠲᠠᠪᠤ᠂ ᠬᠡᠷᠪᠡ ᠦᠪᠡᠷ ᠢ ᠪᠠᠨ ᠬᠤᠯᠣᠭᠠᠨ᠎ᠠ ᠶᠢᠨ ᠬᠢᠵᠢᠭ ᠬᠠᠯᠳᠠᠪᠦᠷᠢᠯᠠᠭᠰᠠᠨ ᠭᠡᠵᠦ ᠰᠡᠵᠢᠭᠯᠡᠪᠡᠯ ᠶᠠᠭᠠᠬᠢᠵᠦ ᠬᠢᠪᠡᠯ ᠵᠣᠬᠢᠬᠤ ᠪᠣᠢ︖      ᠬᠡᠷᠪᠡ ᠭᠡᠨᠡᠳᠲᠡ ᠪᠠᠷ ᠶᠡᠭᠡ ᠬᠠᠯᠠᠭᠤᠷᠠᠬᠤ᠂ ᠲᠠᠭᠠᠷᠠᠳᠠᠰᠣ ᠬᠦᠷᠬᠦ᠂ ᠯᠢᠮᠪᠠ ᠶᠢᠨ ᠪᠣᠯᠴᠢᠷᠬᠠᠢ ᠡᠪᠡᠳᠴᠦ ᠬᠠᠪᠣᠳᠬᠤ᠂ ᠬᠠᠨᠢᠶᠠᠬᠤ ᠪᠣᠶᠣ ᠴᠢᠰᠦ ᠲᠠᠢ ᠴᠡᠷ ᠭᠠᠷᠬᠤ ᠵᠡᠷᠭᠡ ᠰᠢᠨᠵᠢ ᠢᠯᠡᠷᠡᠪᠡᠯ ᠲᠠᠷᠣᠢ ᠲᠦᠷᠭᠡᠨ ᠡᠮᠨᠡᠯᠭᠡ ᠳᠤ ᠬᠦᠷᠴᠦ᠂ ᠡᠮᠴᠢ ᠪᠠᠷ ᠣᠨᠣᠰᠢᠯᠠᠵᠦ ᠡᠮᠨᠡᠭᠦᠯᠬᠦ ᠴᠢᠬᠤᠯᠠᠲᠠᠢ ᠪᠦᠭᠡᠳ ᠬᠤᠯᠣᠭᠠᠨ᠎ᠠ ᠶᠢᠨ ᠬᠢᠵᠢᠭ ᠲᠡᠯᠭᠡᠷᠡᠭᠰᠡᠨ ᠭᠠᠵᠠᠷ ᠣᠷᠣᠨ ᠢᠶᠠᠷ ᠵᠣᠭᠠᠴᠠᠵᠦ ᠦᠩᠭᠡᠷᠡᠭᠰᠡᠨ ᠪᠣᠶᠣ ᠬᠡᠭᠡᠷ᠎ᠡ ᠶᠢᠨ ᠠᠮᠢᠲᠠᠨ ᠤ ᠮᠢᠬ᠎ᠠ ᠢᠳᠡᠭᠰᠡᠨ ᠡᠰᠡᠬᠦ ᠵᠡᠷᠭᠡ ᠪᠠᠶᠢᠳᠠᠯ ᠢᠶᠠᠨ ᠡᠮᠴᠢ ᠳᠤ ᠲᠣᠲᠣᠷᠬᠠᠢ ᠬᠡᠯᠡᠵᠦ ᠦᠭᠬᠦ ᠬᠡᠷᠡᠭᠲᠡᠢ᠃      ᠵᠢᠷᠭᠤᠭ᠎ᠠ᠂ ᠬᠤᠯᠣᠭᠠᠨ᠎ᠠ ᠶᠢᠨ ᠬᠢᠵᠢᠭ ᠢ ᠬᠡᠷᠬᠢᠨ ᠣᠷᠢᠳᠴᠢᠯᠡᠨ ᠰᠡᠷᠭᠡᠶᠢᠯᠡᠬᠦ ᠪᠣᠢ︖      1. ᠬᠢᠵᠢᠭ ᠤᠨ ᠣᠷᠣᠨ ᠳᠤ ᠵᠣᠭᠠᠴᠠᠬᠤ ᠪᠣᠶᠣ ᠠᠵᠢᠯᠯᠠᠭ᠎ᠠ ᠬᠢᠬᠦ ᠠᠴᠠ ᠵᠠᠶᠢᠯᠠᠰᠭᠢᠨ᠎ᠡ᠂ ᠮᠡᠷᠡᠭᠴᠢ ᠠᠮᠢᠲᠡᠨ ︵ᠵᠢᠱᠢᠶᠡᠯᠡᠪᠡᠯ ᠬᠤᠯᠣᠭᠠᠨ᠎ᠠ ᠶᠢᠨ ᠲᠦᠷᠦᠯ᠂ ᠲᠠᠷᠪᠠᠭ᠎ᠠ︶ ᠲᠠᠢ ᠬᠦᠷᠦᠯᠴᠡᠬᠦ ᠠᠴᠠ ᠵᠠᠶᠢᠯᠠᠰᠭᠢᠨ᠎ᠡ᠃      2. ᠬᠤᠯᠣᠭᠠᠨ᠎ᠠ ᠶᠢᠨ ᠬᠢᠵᠢᠭ ᠬᠠᠯᠲᠠᠪᠦᠷᠢᠯᠠᠭᠰᠠᠨ ᠡᠪᠡᠳᠴᠢᠲᠡᠨ ᠲᠠᠢ ᠨᠢᠭᠲᠠ ᠬᠦᠷᠦᠯᠴᠡᠬᠦ ᠠᠴᠠ ᠵᠠᠶᠢᠯᠠᠨ᠎ᠠ ᠂ ᠠᠭᠤᠰᠭᠢᠨ ᠤ ᠬᠤᠯᠣᠭᠠᠨ᠎ᠠ ᠶᠢᠨ ᠬᠢᠵᠢᠭ ᠬᠠᠯᠲᠠᠪᠦᠷᠢᠯᠠᠭᠰᠠᠨ ᠬᠦᠮᠦᠨ ᠲᠠᠢ ᠬᠦᠷᠦᠯᠴᠡᠬᠦ ᠪᠣᠯᠣᠯᠴᠠᠭ᠎ᠠ ᠲᠠᠢ ᠦᠶᠡᠰ ᠂ ᠡᠪᠡᠳᠴᠢᠲᠡᠨ ᠲᠠᠢ ᠴᠢᠳᠠᠬᠤ ᠶᠢᠨ ᠬᠢᠷᠢ ᠪᠠᠷ 1 ᠮᠧᠳ᠋ᠷ ᠠᠴᠠ ᠬᠤᠯᠠ ᠵᠠᠶᠢᠳᠠᠢ ᠪᠠᠶᠢᠵᠦ᠂ ᠠᠮᠠᠪᠴᠢ ᠵᠡᠭᠦᠵᠦ᠂ ᠭᠠᠷ ᠢᠶᠠᠨ ᠦᠷᠭᠦᠯᠵᠢ ᠣᠬᠢᠶᠠᠨ᠎ᠠ᠃      3. ᠨᠣᠬᠠᠢ ᠶᠢᠨ ᠪᠦᠭᠡᠰᠦᠨ ᠳᠤ ᠬᠠᠵᠠᠭᠳᠠᠬᠤ ᠶᠢ ᠰᠡᠷᠭᠡᠶᠢᠯᠡᠬᠦ ᠠᠷᠭ᠎ᠠ ᠬᠡᠮᠵᠢᠶ᠎ᠡ ᠠᠪᠣᠨ᠎ᠠ᠂ ᠬᠤᠷᠣᠬᠠᠢ ᠠᠷᠢᠯᠭᠠᠬᠤ ᠡᠮ ᠬᠡᠷᠡᠭᠯᠡᠨ᠎ᠡ᠂ ᠦᠷᠭᠦᠯᠵᠢ ᠬᠡᠷᠡᠭᠯᠡᠳᠡᠭ ᠪᠠᠲᠠᠭᠠᠨ᠎ᠠ ᠬᠦᠭᠡᠭᠡᠬᠦ ᠡᠮ ᠨᠢ ᠪᠦᠷ ᠨᠣᠬᠠᠢ ᠶᠢᠨ ᠪᠦᠭᠡᠰᠦ ᠶᠢ ᠠᠷᠢᠯᠭᠠᠵᠦ ᠲᠡᠶᠢᠯᠦᠨ᠎ᠡ᠃      4. ᠬᠡᠷᠪᠡ ᠬᠢᠵᠢᠭ ᠤᠨ ᠣᠷᠣᠨ ᠳᠤ ᠣᠴᠢᠵᠦ ᠦᠩᠭᠡᠷᠡᠭᠰᠡᠨ ᠪᠣᠯ᠂ ᠬᠤᠶᠠᠷ ᠭᠠᠷᠠᠭ ᠲᠠᠷᠠᠭᠠᠯᠡᠨ ᠪᠡᠶ᠎ᠡ ᠶᠢᠨ ᠬᠠᠯᠠᠭᠤᠨ ᠢᠶᠠᠨ ᠬᠡᠮᠵᠢᠵᠦ ᠦᠵᠡᠨ᠎ᠡ᠂ ᠬᠡᠷᠪᠡ ᠭᠡᠨᠡᠳᠲᠡ ᠪᠠᠷ ᠬᠠᠯᠠᠭᠤᠷᠠᠬᠤ᠂ ᠲᠠᠭᠠᠷᠠᠳᠠᠰᠣ ᠬᠦᠷᠬᠦ᠂ ᠯᠢᠮᠪᠠ ᠶᠢᠨ ᠪᠣᠯᠴᠢᠷᠬᠠᠢ ᠡᠪᠡᠳᠴᠦ ᠬᠠᠪᠣᠳᠬᠤ᠂ ᠬᠠᠨᠢᠶᠠᠬᠤ ᠪᠣᠶᠣ ᠴᠢᠰᠦ ᠲᠠᠢ ᠴᠡᠷ ᠭᠠᠷᠬᠤ ᠵᠡᠷᠭᠡ ᠶᠠᠮᠠᠷᠪᠠ ᠨᠢᠭᠡᠨ ᠡᠪᠡᠳᠴᠢᠨ ᠤ ᠰᠢᠨᠵᠢ ᠢᠯᠡᠷᠡᠪᠡᠯ ᠲᠠᠷᠣᠢ ᠲᠦᠷᠭᠡᠨ ᠡᠮᠨᠡᠭᠦᠯᠵᠦ ᠡᠮᠴᠢ ᠳᠤ ᠬᠢᠵᠢᠭ ᠤᠨ ᠣᠷᠣᠨ ᠳᠤ ᠵᠣᠭᠠᠴᠠᠭᠰᠠᠨ ᠢᠶᠠᠨ ᠮᠡᠳᠡᠭᠳᠡᠨ᠎ᠡ᠃ ᠠᠩᠬᠠᠨ ᠤ ᠬᠤᠭᠤᠴᠠᠭᠠᠨ ᠳᠤ ᠨᠢᠶᠠᠨ ᠢ ᠨᠢᠲᠣᠯᠬᠤ ᠡᠮ ᠬᠡᠷᠡᠭᠯᠡᠪᠡᠯ ᠦᠷ᠎ᠡ ᠪᠦᠲᠦᠮᠵᠢ ᠨᠢ ᠨᠡᠯᠢᠶᠡᠳ ᠰᠠᠶᠢᠨ ᠪᠠᠶᠢᠳᠠᠭ᠃      5. ᠬᠤᠯᠣᠭᠠᠨ᠎ᠠ ᠶᠢᠨ ᠬᠢᠵᠢᠭ ᠡᠪᠡᠳᠴᠢᠲᠡᠨ ᠲᠠᠢ ᠨᠢᠭᠲᠠ ᠬᠦᠷᠦᠯᠴᠡᠭᠰᠡᠨ ᠬᠦᠮᠦᠰ ᠡᠷᠲᠡᠬᠡᠨ ᠰᠡᠷᠭᠡᠶᠢᠯᠡᠬᠦ ᠡᠮ ᠬᠡᠷᠡᠭᠯᠡᠪᠡᠯ ᠵᠣᠬᠢᠨ᠎ᠠ᠃      6. ᠭᠠᠳᠠᠭᠰᠢ ᠭᠠᠷᠪᠡᠯ ᠠᠮᠠᠪᠴᠢ ᠵᠡᠭᠦᠵᠦ᠂ ᠭᠡᠷ ᠲᠡᠭᠡᠨ ᠬᠠᠷᠢᠭᠰᠠᠨ ᠤ ᠰᠡᠭᠦᠯᠡᠷ ᠭᠠᠷ ᠢᠶᠠᠨ ᠰᠠᠶᠢᠲᠦᠷ ᠰᠠᠪᠣᠩᠲᠠᠵᠦ ᠣᠬᠢᠶᠠᠨ᠎ᠠ᠃ ᠠᠮᠠᠪᠴᠢ ᠪᠠᠨ ᠵᠦᠪ ᠬᠡᠷᠡᠭᠯᠡᠪᠡᠯ ᠠᠭᠤᠰᠭᠢᠨ ᠤ ᠬᠤᠯᠣᠭᠠᠨ᠎ᠠ ᠶᠢᠨ ᠬᠢᠵᠢᠭ ᠢ ᠪᠠᠭᠠᠰᠬᠠᠬᠤ ᠳᠤ ᠪᠦᠲᠦᠮᠵᠢᠲᠠᠢ ᠪᠠᠶᠢᠳᠠᠭ᠃      ᠲᠣᠯᠤᠭ᠎ᠠ᠂ ᠬᠤᠯᠣᠭᠠᠨ᠎ᠠ ᠶᠢᠨ ᠬᠢᠵᠢᠭ ᠢ ᠪᠦᠲᠦᠮᠵᠢᠲᠠᠢ ᠰᠡᠷᠭᠡᠶᠢᠯᠡᠬᠦ ᠠᠷᠭ᠎ᠠ ᠬᠡᠮᠵᠢᠶᠡᠨ ᠤ ︽ᠭᠤᠷᠪᠠᠨ ᠪᠣᠯᠬᠤ ᠦᠭᠡᠢ︾᠂ ︽ᠭᠤᠷᠪᠡᠨ ᠮᠡᠳᠡᠭᠦᠯᠬᠦ︾ ᠭᠡᠵᠦ ᠶᠠᠭᠤ ᠪᠣᠢ︖      ︽ᠭᠤᠷᠪᠠᠨ ᠪᠣᠯᠬᠤ ᠦᠭᠡᠢ︾ ᠭᠡᠳᠡᠭ ᠨᠢ ᠄      1. ᠬᠢᠵᠢᠭ ᠤᠨ ᠰᠣᠷᠪᠣᠯᠵᠢᠲᠦ ᠭᠠᠵᠠᠷ ᠤᠨ ᠠᠮᠢᠲᠡᠨ ᠢ ᠲᠣᠷ᠎ᠠ ᠪᠠᠷ ᠠᠩᠨᠠᠵᠦ ᠪᠣᠯᠬᠤ ᠦᠭᠡᠢ᠃      2. ᠬᠢᠵᠢᠭ ᠤᠨ ᠰᠣᠷᠪᠣᠯᠵᠢᠲᠦ ᠠᠮᠢᠲᠡᠨ ᠢ ᠦᠪᠴᠢᠵᠦ ᠢᠳᠡᠵᠦ ᠪᠣᠯᠬᠤ ᠦᠭᠡᠢ᠃      3. ᠬᠢᠵᠢᠭ ᠤᠨ ᠰᠣᠷᠪᠣᠯᠵᠢᠲᠦ ᠭᠠᠵᠠᠷ ᠤᠨ ᠠᠮᠢᠲᠡᠨ ᠪᠣᠯᠣᠨ ᠬᠠᠮᠢᠶ᠎ᠠ ᠪᠦᠬᠦᠢ ᠪᠦᠲᠦᠭᠡᠭᠳᠡᠭᠦᠨ ᠢ ᠲᠣᠷ᠎ᠠ ᠪᠠᠷ ᠪᠡᠶ᠎ᠡ ᠳᠡᠭᠡᠨ ᠠᠪᠴᠦ ᠬᠢᠵᠢᠭᠲᠦ ᠣᠷᠣᠨ ᠠᠴᠠ ᠭᠠᠷᠬᠤ ᠪᠣᠶᠣ ᠬᠤᠲᠠᠯᠳᠣᠵᠦ ᠪᠣᠯᠬᠤ ᠦᠭᠡᠢ᠃      ︽ᠭᠤᠷᠪᠡᠨ ᠮᠡᠳᠡᠭᠦᠯᠬᠦ︾ ᠭᠡᠳᠡᠭ ᠨᠢ᠄      ᠲᠣᠣᠷᠠᠬᠢ ᠭᠤᠷᠪᠡᠨ ᠵᠦᠢᠯ ᠤᠨ ᠪᠠᠶᠢᠳᠠᠯ ᠢ ᠣᠯᠵᠦ ᠦᠵᠡᠭᠰᠡᠨ ᠲᠠᠷᠣᠢ ᠵᠠᠪᠡᠯ ᠡᠪᠡᠳᠴᠢᠨ ᠢ ᠰᠡᠷᠭᠡᠶᠢᠯᠡᠨ ᠡᠵᠡᠮᠳᠡᠬᠦ ᠬᠠᠮᠢᠶ᠎ᠠ ᠪᠦᠬᠦᠢ ᠪᠠᠶᠢᠭᠤᠯᠣᠯᠭ᠎ᠠ ᠳᠤ ᠮᠡᠳᠡᠭᠦᠯᠬᠦ ᠬᠡᠷᠡᠭᠲᠡᠢ᠃      1. ᠦᠬᠦᠭᠰᠡᠨ ᠬᠤᠯᠣᠭᠠᠨ᠎ᠠ᠂ ᠲᠠᠷᠪᠠᠭ᠎ᠠ᠂ ᠵᠡᠷᠯᠢᠭ ᠲᠠᠣᠯᠠᠢ᠂ ᠦᠨᠡᠭᠡ ᠵᠡᠷᠭᠡ ᠠᠮᠢᠲᠡᠨ ᠪᠠᠶᠢᠪᠡᠯ ᠲᠠᠷᠦ᠋ᠢᠬᠠᠨ ᠮᠡᠳᠡᠭᠦᠯᠬᠦ ᠬᠡᠷᠡᠭᠲᠡᠢ᠃      2. ᠬᠤᠯᠣᠭᠠᠨ᠎ᠠ ᠶᠢᠨ ᠬᠢᠵᠢᠭ ᠤᠨ ᠰᠡᠵᠢᠭᠲᠡᠢ ᠡᠪᠡᠳᠴᠢᠲᠡᠨ ᠢ ᠳᠡᠭᠡᠭᠰᠢ ᠮᠡᠳᠡᠭᠦᠯᠬᠦ ᠬᠡᠷᠡᠭᠲᠡᠢ᠃      3. ᠡᠪᠡᠳᠴᠢᠨ ᠤ ᠰᠢᠯᠲᠠᠭᠠᠨ ᠨᠢ ᠲᠣᠲᠣᠷᠬᠠᠢ ᠪᠣᠰᠣ ᠬᠠᠯᠠᠭᠤᠷᠠᠬᠤ ᠪᠣᠶᠣ ᠭᠡᠨᠡᠳᠲᠡ ᠲᠦᠷᠭᠡᠨ ᠦᠬᠦᠭᠰᠡᠨ ᠬᠦᠮᠦᠨ ᠢ ᠳᠡᠭᠡᠭᠰᠢ ᠮᠡᠳᠡᠭᠦᠯᠬᠦ ᠬᠡᠷᠡᠭᠲᠡᠢ᠃      ᠨᠠᠢᠮᠠ᠂ ᠬᠤᠯᠣᠭᠠᠨ᠎ᠠ ᠬᠢᠵᠢᠭ ᠢ ᠶᠠᠭᠠᠬᠢᠵᠦ ᠡᠮᠨᠡᠨ ᠵᠠᠰᠠᠪᠡᠯ ᠵᠣᠬᠢᠬᠤ ᠪᠣᠢ︖      ᠴᠠᠭ ᠲᠣᠬᠠᠢ ᠳᠤᠨᠢ ᠨᠢᠶᠠᠨ ᠢ ᠨᠢᠲᠣᠯᠬᠤ ᠡᠮ ᠢᠶᠠᠷ ᠡᠮᠨᠡᠨ ᠵᠠᠰᠠᠪᠡᠯ ᠦᠬᠦᠬᠦ ᠨᠣᠷᠮ᠎ᠡ ᠶᠢ ᠪᠠᠭᠤᠷᠠᠭᠤᠯᠵᠦ᠂ ᠬᠡᠷᠪᠡ ᠡᠷᠲᠡ ᠡᠮᠨᠡᠨ ᠵᠠᠰᠠᠪᠡᠯ ᠡᠳᠡᠭᠡᠷᠡᠭᠦᠯᠵᠦ ᠪᠣᠯᠣᠨ᠎ᠠ᠃ ᠬᠤᠯᠣᠭᠠᠨ᠎ᠠ ᠶᠢᠨ ᠬᠢᠵᠢᠭ ᠶᠡᠬᠡᠪᠡᠷ ᠲᠡᠯᠭᠡᠷᠡᠵᠦ ᠪᠠᠶᠢᠬᠤ ᠭᠠᠵᠠᠷ ᠣᠷᠣᠨ ᠳᠤ ᠡᠪᠡᠳᠴᠢᠨ ᠤ ᠰᠢᠨᠵᠢ ᠢᠯᠡᠷᠡᠯ ᠲᠠᠢ ᠡᠪᠡᠳᠴᠢᠲᠡᠨ ᠲᠣᠭᠲᠠᠭᠰᠠᠨ ᠡᠮᠨᠡᠯᠭᠡ ᠶᠢᠨ ᠬᠤᠷᠢᠶᠠᠨ ᠳᠤ ᠬᠦᠷᠴᠦ ᠡᠮᠨᠡᠭᠦᠯᠬᠦ ᠬᠡᠷᠡᠭᠲᠡᠢ᠃ ᠬᠤᠯᠣᠭᠠᠨ᠎ᠠ ᠶᠢᠨ ᠬᠢᠵᠢᠭ ᠲᠤ ᠨᠡᠷᠪᠡᠭᠳᠡᠭᠰᠡᠨ ᠡᠪᠡᠳᠴᠢᠲᠡᠨ ᠵᠠᠪᠡᠯ ᠰᠡᠷᠭᠡᠶᠢᠯᠡᠨ ᠬᠠᠮᠠᠭᠠᠯᠠᠬᠤ ᠶᠣᠰᠣᠭᠠᠷ ᠲᠣᠰᠠᠭᠠᠷᠯᠡᠨ ᠡᠮᠨᠡᠭᠦᠯᠬᠦ ᠬᠡᠷᠡᠭᠲᠡᠢ᠃                          ᠠᠯᠠᠱᠠ ᠠᠶᠢᠮᠠᠭ ᠤᠨ ᠮᠣᠩᠭᠤᠯ ᠡᠮᠨᠡᠯᠭᠡ ᠶᠢᠨ ᠬᠤᠷᠢᠶᠠᠨ ᠤ ᠠᠯᠠᠭ ᠡᠮᠴᠢ ᠶᠢᠨ                       ᠬᠦᠳᠡᠯᠮᠦᠷᠢ ᠶᠢᠨ ᠵᠢᠱᠢᠶᠡᠴᠢ ᠰᠢᠨ᠎ᠡ ᠶᠢ ᠡᠭᠦᠳᠬᠦ ᠠᠵᠢᠯ ᠤᠨ ᠲᠠᠰᠤᠭ                                                                                   ᠴᠧᠨ ᠣᠶᠣᠨ ᠡᠷᠬᠢᠯᠡᠭᠴᠢ ᠡᠮᠴᠢ ᠬᠠᠨᠭ᠍ᠭᠠᠪᠠ
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号