ᠨᠡᠶᠢᠬᠡᠮ ᠤᠨ ᠠᠵᠢᠯ ᠦᠢᠯᠡᠰ — ᠰᠤᠶᠤᠯ ᠤᠨ ᠦᠢᠯᠡᠰ
ᠨᠡᠶᠢᠲᠡᠯᠡᠭᠰᠡᠨ ᠴᠠᠭ᠄
2020/3/20
      2018 ᠤᠨ ᠤ ᠡᠴᠤᠰ ᠪᠤᠯᠳᠠᠯ᠎ᠠ᠂ ᠠᠯᠠᠱᠨ ᠠᠶᠢᠮᠠᠭ ᠲᠤ ᠤᠷᠠᠯᠢᠭ ᠤᠨ ᠲᠤᠭᠯᠠᠯᠳᠠ ᠭᠠᠷᠭᠠᠬᠤ ᠪᠦᠯᠬᠦᠮ ︵ᠠᠵᠢᠯ ᠦᠢᠯᠡᠰ ᠤᠨ ᠨᠢᠭᠡᠴᠡ︶ 4᠂ ᠰᠤᠶᠤᠯ ᠤᠨ ᠤᠷᠲᠤᠨ 4᠂ ᠨᠠᠶᠢᠳᠠ ᠶᠢᠨ ᠨᠤᠮ ᠤᠨ ᠰᠠᠩ 4᠂ ᠲᠠᠩᠰᠠᠯᠠᠭᠤᠯᠤᠭᠰᠠᠨ ᠮᠦᠽᠸᠢ 6 ᠪᠤᠢ᠃ ᠪᠦᠬᠦ ᠠᠶᠢᠮᠠᠭ ᠲᠤ ᠣᠳᠣᠬᠠᠨ ᠳᠠᠭᠠᠨ ᠳᠣᠭᠠᠴᠢᠯᠠᠭᠰᠠᠨ ᠺᠢᠨᠣ᠋ ᠶᠢᠨ ᠤᠷᠲᠤᠨ 5 ︵ᠪᠠᠶᠠᠠᠬᠤᠳᠠ ᠪᠠᠯᠭᠠᠰᠤᠨ ᠳᠤ 3᠂ ᠪᠠᠳᠠᠢ ᠶᠢᠨ ᠵᠢᠷᠠᠨ ᠪᠠᠯᠭᠠᠰᠤᠨ ᠳᠤ 1᠂ ᠲᠠᠯᠠᠶᠢᠬᠦ᠋ᠪ ᠪᠠᠯᠭᠠᠰᠤᠨ  ᠳᠤ 1︶ ᠪᠣᠢ᠂ ᠪᠦᠬᠦ ᠠᠶᠢᠮᠠᠭ ᠲᠤ ᠷᠠᠳᠢᠤ᠋ ᠲᠧᠯᠸᠢᠰ ᠬᠤᠷᠢᠶ᠎ᠠ 3 ︵ᠠᠯᠠᠱᠨ ᠠᠶᠢᠮᠠᠭ ᠤᠨ ᠷᠠᠳᠢᠣ᠋ ᠲᠧᠯᠸᠢᠰ ᠬᠤᠷᠢᠶ᠎ᠠ᠂ ᠠᠯᠠᠱᠨ ᠪᠠᠷᠠᠭᠤᠨ ᠬᠤᠰᠢᠭᠤᠨ ᠤ ᠷᠠᠳᠢᠤ᠋ ᠲᠧᠯᠸᠢᠰ ᠬᠤᠷᠢᠶ᠎ᠠ᠂ ᠡᠵᠡᠨ᠎ᠠ ᠬᠤᠰᠢᠭᠤᠨ ᠤ ᠷᠠᠳᠢᠤ᠋ ᠲᠧᠯᠸᠢᠰ ᠬᠤᠷᠢᠶ᠎ᠠ︶᠂ ᠲᠧᠯᠸᠢᠰ ᠬᠤᠷᠢᠶ᠎ᠠ 1 ︵ᠳ᠋ᠦᠩ ᠹᠧᠩ ᠲᠧᠯᠸᠢᠰ ᠬᠤᠷᠢᠶ᠎ᠠ︶ ᠪᠣᠢ︔ ᠷᠠᠳᠢᠤ᠋ ᠲᠧᠯᠸᠢᠰ ᠤᠨ ᠪᠢᠴᠢᠯ ᠲᠤᠯᠬᠢᠶᠠᠨ ᠤ ᠦᠷᠳᠡᠭᠡ 64 ᠪᠤᠢ︔  ᠪᠢᠴᠢᠯ ᠲᠤᠯᠬᠢᠶᠠᠨ ᠤ ᠳᠠᠮᠵᠢᠭᠤᠯᠬᠤ ᠱᠤᠭᠤᠮ ᠤᠨ ᠪᠦᠬᠦ ᠤᠷᠲᠤ ᠨᠢ 3141 ᠺᠢᠯᠤᠮᠧᠲᠷ ᠪᠣᠯᠣᠨ᠎ᠠ︔ ᠤᠳᠠᠰᠤᠲᠤ ᠷᠠᠳᠢᠤ᠋ ᠲᠧᠯᠸᠢᠰ ᠤᠨ ᠬᠡᠷᠡᠭᠯᠡᠭᠴᠢ 4.3 ᠲᠦᠮᠠᠨ ᠡᠷᠤᠭᠡ ᠪᠠᠶᠢᠨ᠎ᠠ︔ ︽ᠲᠤᠰᠬᠤᠨ ᠪᠤᠯᠭᠠᠨ ᠳᠤ ᠨᠠᠪᠳᠡᠷᠡᠬᠦ︾ ᠷᠠᠳᠢᠤ᠋ ᠲᠧᠯᠸᠢᠰ ᠤᠨ ᠬᠡᠷᠡᠭᠯᠡᠭᠴᠢ 7826 ᠡᠷᠤᠭᠡ ᠪᠤᠢ︔ ︽ᠡᠷᠤᠭᠡ ᠪᠤᠯᠭᠠᠨ ᠳᠤ ᠨᠠᠪᠳᠡᠷᠡᠬᠦ︾ ᠰᠢᠭᠤᠳ ᠨᠡᠪᠳᠡᠷᠡᠬᠦᠯᠭᠡ ᠶᠢᠨ ᠲᠠᠭᠠᠭᠤᠯᠢ ᠤᠲᠤᠨ ᠤ ᠭᠠᠵᠠᠷ ᠤᠨ ᠭᠠᠳᠠᠷᠭᠤ ᠶᠢᠨ ᠬᠦᠯᠢᠶᠠᠨ ᠠᠪᠣᠭᠴᠢ 26990 ᠡᠷᠦᠭᠡ ᠪᠣᠢ᠂ ᠤᠳᠠᠰᠤ ᠦᠭᠡᠢ᠂ ᠤᠳᠠᠰᠤᠲᠤ᠂ ᠪᠢᠴᠢᠯ ᠲᠤᠯᠬᠢᠶᠠᠨ᠂ ᠭᠡᠷᠡᠯᠯᠢᠭ ᠱᠣᠭᠤᠮ᠂ ᠲᠠᠭᠠᠭᠤᠯᠢ ᠣᠳᠣ ᠪᠠᠷ ᠬᠦᠯᠢᠶᠠᠨ ᠠᠪᠬᠤ ᠬᠠᠷᠢᠯᠴᠠᠨ ᠨᠦᠬᠦᠪᠦᠷᠢᠯᠡᠭᠰᠡᠨ ᠶᠠᠷᠤᠩᠭᠡᠶᠢᠯᠡᠭᠰᠡᠨ ᠪᠦᠷᠬᠦᠴᠡ  ᠶᠢᠨ ᠳᠣᠣᠷ ᠪᠤᠢ ᠪᠤᠯᠪᠠ᠃ ᠪᠦᠬᠦ ᠠᠶᠢᠮᠠᠭ ᠤᠨ ᠷᠠᠳᠢᠤ᠋᠂ ᠲᠧᠯᠸᠢᠰ ᠤᠨ ᠬᠦᠮᠦᠨ ᠠᠮᠨ ᠶᠢ ᠶᠡᠷᠦᠩᠬᠡᠶᠢᠯᠡᠨ ᠬᠠᠮᠣᠷᠣᠭᠰᠠᠨ ᠨᠤᠷᠮ᠎ᠠ ᠲᠤᠰ ᠲᠤᠰ 96.69% ᠪᠠ 98.31% ᠳᠤ ᠬᠦᠷᠪᠠ᠃
 
ᠢᠷᠡᠯᠲᠡ᠄ ᠠᠯᠠᠱᠠ ᠠᠶᠢᠮᠠᠭ ᠤᠨ ᠵᠠᠬᠢᠷᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号