| | ᠰᠢᠨ᠎ᠠ ᠲᠢᠲᠢᠮᠯᠢᠭ ᠠᠭᠤᠰᠬᠢᠨ ᠦᠷᠪᠢᠰᠦᠯ ᠢ ᠰᠡᠷᠬᠡᠶᠢᠯᠡᠨ ᠲᠠᠷᠤᠵᠤ ᠪᠠᠶᠢᠭ᠎ᠠ ᠵᠠᠩᠭᠢᠯᠠᠭ᠎ᠠ ᠶᠢᠨ ᠦᠶ᠎ᠠ ᠳᠤ | ᠬᠡᠦᠬᠡᠳ ᠢᠶᠠᠨ ᠬᠡᠷᠬᠢᠨ ᠬᠠᠮᠠᠭᠠᠯᠠᠬᠤ ᠪᠤᠢ ᠬᠡᠳᠡᠭ ᠠᠰᠠᠭᠤᠳᠠᠯ ᠤᠯᠠᠨ ᠤ ᠠᠩᠬᠠᠷᠤᠯ ᠢ ᠲᠠᠲᠠᠵᠤ ᠪᠠᠶᠢᠨ᠎ᠠ᠃ ᠬᠡᠷ ᠤᠨ | ᠠᠬᠠᠮᠠᠳ ᠪᠤᠯᠤᠭᠰᠠᠳ ᠡᠨᠡ 8 ᠵᠦᠢᠯ ᠤᠨ ᠰᠠᠨᠠᠭᠤᠯᠭ᠎ᠠ ᠶᠢ ᠠᠩᠬᠠᠷᠤᠯ ᠳᠠᠭᠠᠨ ᠠᠪᠤᠨ᠎ᠠ ᠤᠤ︕ | 1᠂ ᠬᠦᠮᠦᠨ ᠤᠯᠠᠨ ᠭᠠᠵᠠᠷ ᠲᠤ ᠬᠡᠦᠬᠡᠳ ᠢᠶᠠᠨ ᠲᠠᠭᠠᠭᠤᠯᠵᠤ ᠤᠴᠢᠬᠤ ᠦᠬᠡᠢ︕ | ᠭᠠᠳᠠᠭᠰᠢ ᠭᠠᠷᠬᠤ ᠪᠠᠨ ᠴᠦᠬᠡᠳᠬᠡᠨ᠎ᠡ︔ ᠬᠡᠷᠪᠡ ᠭᠠᠳᠠᠭᠰᠢ ᠭᠠᠷᠬᠤ ᠴᠢᠬᠤᠯᠠᠳᠠᠢ ᠪᠤᠯ ᠬᠡᠦᠬᠡᠳ ᠢᠶᠠᠨ | ᠡᠷᠬᠡᠪᠰᠢ ᠰᠡᠶᠢᠨ ᠬᠠᠷᠠᠭᠠᠯᠵᠠᠵᠤ᠂ ᠠᠮᠠᠪᠴᠢ ᠵᠡᠬᠦᠯᠬᠡᠬᠦ ᠬᠡᠷᠡᠭᠳᠡᠢ︔ ᠬᠡᠬᠡᠷ᠎ᠡ ᠬᠦᠳᠡᠭᠡ᠂ ᠠᠭᠠᠷ ᠨᠡᠪᠳᠡᠷᠡᠭᠰᠡᠨ᠂ | ᠬᠦᠮᠦᠨ ᠴᠦᠬᠡᠨ ᠭᠠᠵᠠᠷ ᠬᠦᠳᠡᠯᠬᠡᠬᠡᠨ ᠬᠢᠬᠦ ᠬᠡᠷᠡᠭᠳᠡᠢ︔ ᠪᠤᠯᠤᠮᠵᠢ ᠶᠢᠨ ᠲᠤᠲᠤᠷ᠎ᠠ ᠨᠡᠶᠢᠳᠡ ᠶᠢᠨ ᠵᠠᠮ | ᠬᠠᠷᠢᠯᠴᠠᠭ᠎ᠠ ᠪᠠᠷ ᠶᠠᠪᠤᠵᠤ ᠰᠠᠭᠤᠬᠤ ᠦᠬᠡᠢ᠃ ᠭᠠᠳᠠᠭ᠎ᠠ ᠭᠠᠷᠪᠠᠯ ᠦᠪᠡᠷ ᠪᠤᠰᠤᠳ ᠤᠨ ᠬᠤᠭᠤᠷᠤᠨᠳᠤᠬᠢ ᠵᠠᠢ ᠶᠢ | ᠨᠢᠬᠡ ᠮᠧᠳ᠋ᠷ ᠠᠴᠠ ᠢᠯᠡᠬᠦᠦ ᠪᠠᠶᠢᠯᠭᠠᠬᠤ ᠬᠡᠷᠡᠭᠳᠡᠢ︔ ᠬᠡᠷ ᠲᠡᠭᠡᠨ ᠬᠠᠷᠢᠪᠠᠯ ᠲᠠᠷᠦ᠋ᠢᠬᠠᠨ ᠬᠤᠪᠴᠠᠰᠤ ᠪᠠᠨ ᠰᠤᠯᠢᠵᠤ | ᠂ ᠠᠷᠢᠭᠤᠳᠬᠠᠬᠤ ᠬᠡᠷᠡᠭᠳᠡᠢ᠃ | 2᠂ ᠭᠠᠷ ᠢᠶᠠᠨ ᠤᠬᠢᠶᠠᠬᠤ ᠦᠬᠡᠢ ᠪᠠᠷ ᠬᠡᠦᠬᠡᠳ ᠢ ᠲᠡᠪᠡᠷᠢᠵᠦ ᠪᠤᠯᠬᠤ ᠦᠬᠡᠢ︕ | ᠬᠡᠦᠬᠡᠳ ᠲᠠᠢ ᠲᠤᠭᠯᠠᠬᠤ ᠪᠤᠶᠤ ᠬᠡᠦᠬᠡᠳ ᠢ ᠲᠡᠪᠡᠷᠢᠬᠦ ᠠᠴᠠ ᠡᠮᠦᠨ᠎ᠡ ᠭᠠᠷ ᠢᠶᠠᠨ ᠤᠬᠢᠶᠠᠬᠤ ᠬᠡᠷᠡᠭᠳᠡᠢ︔ | ᠬᠡᠷ ᠤᠨ ᠠᠬᠠᠮᠠᠳ ᠬᠡᠷ ᠲᠡᠭᠡᠨ ᠬᠠᠷᠢᠪᠠᠯ ᠬᠤᠪᠴᠠᠰᠤ ᠪᠠᠨ ᠰᠤᠯᠢᠵᠤ᠂ ᠭᠠᠷ ᠢᠶᠠᠨ ᠤᠬᠢᠶᠠᠭᠰᠠᠨ ᠤ ᠲᠠᠷᠠᠭ᠎ᠠ | ᠬᠡᠦᠬᠡᠳ ᠢᠶᠠᠨ ᠲᠡᠪᠡᠷᠢᠨᠠ᠃ | 3᠂ ᠬᠡᠦᠬᠡᠳ ᠲᠡᠭᠡᠨ ᠲᠤᠮᠤᠴᠤᠤᠯ ᠤᠨ ᠠᠮᠠᠪᠴᠢ ᠵᠡᠬᠦᠯᠬᠡᠵᠦ ᠪᠤᠯᠬᠤ ᠦᠬᠡᠢ︕ | ᠬᠡᠦᠬᠡᠳ ᠤᠨ ᠠᠮᠠᠪᠴᠢ ᠵᠡᠬᠦᠬᠦ ᠠᠷᠭ᠎ᠠ ᠨᠢ ᠲᠤᠮᠤᠴᠤᠤᠯ ᠲᠠᠢ ᠠᠳᠠᠯᠢ︔ ᠬᠡᠷ ᠤᠨ ᠠᠬᠠᠮᠠᠳ ᠡᠷᠬᠡᠪᠰᠢ | ᠬᠡᠦᠬᠡᠳ ᠤᠨ ᠲᠤᠰᠬᠠᠢ ᠬᠡᠷᠡᠭᠯᠡᠬᠡᠨ ᠤ ᠭᠠᠭᠴᠠ ᠤᠳᠠᠭ᠎ᠠ ᠬᠡᠷᠡᠭᠯᠡᠬᠦ ᠠᠮᠠᠪᠴᠢ ᠶᠢ ᠵᠡᠬᠦᠯᠬᠡᠬᠦ ᠬᠡᠷᠡᠭᠳᠡᠢ︔ ᠨᠢᠬᠡ ᠤᠢ | ᠪᠤᠯᠤᠭ᠎ᠠ ᠦᠬᠡᠢ ᠬᠡᠦᠬᠡᠳ ᠲᠤ ᠠᠮᠠᠪᠴᠢ ᠵᠡᠬᠦᠯᠬᠡᠬᠦ ᠨᠢ ᠵᠤᠬᠢᠰ ᠦᠬᠡᠢ ᠪᠤᠯᠬᠤᠷ ᠬᠡᠷ ᠤᠨ ᠠᠬᠠᠮᠠᠳ ᠤᠨᠴᠠᠭᠠᠢ | ᠠᠩᠬᠠᠷᠬᠤ ᠬᠡᠷᠡᠭᠳᠡᠢ᠃ | 4᠂ ᠬᠡᠦᠬᠡᠳ ᠤᠨ ᠡᠰᠡᠷᠬᠦ ᠬᠠᠨᠳᠤᠵᠤ ᠨᠠᠶᠢᠳᠠᠭᠠᠵᠤ ᠪᠤᠯᠬᠤ ᠦᠬᠡᠢ︕ | ᠬᠡᠦᠬᠡᠳ ᠢᠶᠠᠨ ᠰᠠᠭᠠᠳᠠᠭᠤᠯᠬᠤ ᠦᠶᠡᠰ ᠠᠮᠠᠪᠴᠢ ᠵᠡᠬᠦᠬᠦ ᠬᠡᠷᠡᠭᠳᠡᠢ᠂ ᠨᠡᠩ ᠴᠤ ᠬᠡᠦᠬᠡᠳ ᠡᠰᠡᠷᠬᠦ ᠬᠠᠨᠳᠤᠵᠤ | ᠨᠠᠶᠢᠳᠠᠭᠠᠵᠤ ᠪᠤᠯᠬᠤ ᠦᠬᠡᠢ︔ ᠨᠠᠶᠢᠳᠠᠭᠠᠬᠤ ᠦᠶ᠎ᠡ ᠳᠤ ᠡᠷᠬᠡᠪᠰᠢ ᠴᠠᠭᠠᠰᠤ ᠪᠠᠷ ᠠᠮᠠ ᠬᠠᠮᠠᠷ ᠢᠶᠠᠨ ᠲᠠᠭᠯᠠᠨ᠎ᠠ᠂ | ᠬᠡᠷᠡᠭᠯᠡᠭᠰᠡᠨ ᠴᠠᠭᠠᠰᠤ ᠪᠠᠨ ᠲᠠᠷᠤᠢ ᠳᠤᠨᠢ ᠬᠠᠶᠠᠬᠤ ᠬᠡᠷᠡᠭᠳᠡᠢ︔ | 5᠂ ᠬᠤᠭᠤᠯᠠᠨ ᠤ ᠰᠠᠪᠠ ᠬᠡᠷᠡᠭᠰᠡᠯ ᠢ ᠬᠡᠦᠬᠡᠳ ᠲᠠᠢ ᠪᠠᠨ ᠬᠠᠮᠳᠤ ᠬᠡᠷᠡᠭᠯᠡᠵᠦ ᠪᠤᠯᠬᠤ ᠦᠬᠡᠢ︕ | ᠠᠶᠠᠭ᠎ᠠ ᠬᠠᠯᠪᠠᠭ᠎ᠠ ᠵᠡᠷᠬᠡ ᠶᠢ ᠬᠡᠦᠬᠡᠳ ᠲᠠᠢ ᠪᠠᠨ ᠬᠠᠮᠳᠤ ᠬᠡᠷᠡᠭᠯᠡᠵᠦ ᠪᠤᠯᠬᠤ ᠦᠬᠡᠢ᠃ | 6᠂ ᠦᠷᠦᠬᠡᠨ ᠳᠡᠭᠡᠨ ᠡᠳᠦᠷ ᠪᠦᠷᠢ ᠠᠭᠠᠷ ᠨᠡᠪᠳᠡᠷᠡᠬᠦᠯᠵᠦ ᠪᠠᠶᠢᠭᠠᠷᠠᠢ︕ | ᠬᠡᠷ ᠦᠷᠦᠬᠡᠨ ᠳᠡᠭᠡᠨ ᠡᠳᠦᠷ ᠪᠦᠷᠢ 2~3 ᠤᠳᠠᠭ᠎ᠠ ᠠᠭᠠᠷ ᠨᠡᠪᠳᠡᠷᠡᠬᠦᠯᠵᠦ᠂ ᠤᠳᠠᠭ᠎ᠠ ᠪᠦᠷᠢ 20~30 | ᠮᠢᠨᠦ᠋ᠲ ᠠᠭᠠᠷ ᠨᠡᠪᠳᠡᠷᠡᠬᠦᠯᠦᠨ᠎ᠠ︔ ᠴᠤᠩᠬᠤ ᠪᠠᠨ ᠤᠡᠭᠭᠤᠢᠢᠯᠭᠠᠭᠰᠠᠨ ᠦᠷᠦᠬᠡᠨ ᠳᠤ ᠬᠡᠦᠬᠡᠳ ᠢ ᠤᠳᠠᠭᠠᠨ | ᠰᠠᠭᠤᠯᠭᠠᠵᠤ ᠪᠤᠯᠬᠤ ᠦᠬᠡᠢ᠃ ᠡᠶᠢᠮᠦ ᠠᠴᠠ᠂ ᠦᠷᠦᠬᠡᠨ ᠳᠡᠭᠡᠨ ᠡᠬᠡᠯᠵᠢᠯᠡᠬᠦᠯᠦᠨ ᠠᠭᠠᠷ ᠨᠡᠪᠳᠡᠷᠡᠬᠦᠯᠦᠨ᠎ᠠ᠃ | 7᠂ ᠭᠠᠷ ᠤᠳᠠᠰᠤ ᠪᠤᠯᠤᠨ ᠲᠦᠯᠬᠢᠬᠦᠷ ᠢᠶᠠᠨ ᠬᠡᠦᠬᠡᠳ ᠲᠡᠭᠡᠨ ᠪᠢᠳᠡᠬᠡᠢ ᠪᠠᠷᠢᠭᠤᠯ︔ ᠬᠡᠦᠬᠡᠳ ᠤᠨ | ᠨᠠᠭᠠᠳᠤᠮ ᠲᠤᠭᠯᠠᠭᠠᠮ ᠤᠨ ᠡᠳ᠋ ᠬᠡᠷᠡᠭᠰᠡᠯ᠂ ᠠᠶᠠᠭ᠎ᠠ ᠰᠠᠪᠠ ᠶᠢ ᠰᠠᠶᠢᠳᠤᠷ ᠠᠷᠢᠭᠤᠳᠬᠠᠵᠤ ᠪᠠᠶᠢᠬᠤ ᠬᠡᠷᠡᠭᠳᠡᠢ᠃ | 8᠂ ᠠᠶᠤᠵᠤ ᠰᠠᠨᠳᠤᠷᠤᠭᠰᠠᠨ ᠰᠡᠳᠬᠢᠯᠬᠡ ᠪᠠᠨ ᠬᠡᠦᠬᠡᠳ ᠤᠨ ᠡᠮᠦᠨ᠎ᠠ ᠪᠢᠳᠡᠬᠡᠢ ᠢᠯᠡᠷᠡᠬᠦᠯᠦᠬᠡᠷᠡᠢ︕ | ᠬᠡᠷ ᠤᠨ ᠬᠦᠮᠦᠰ ᠪᠤᠯᠤᠨ ᠨᠠᠶᠢᠵᠠ ᠨᠦᠬᠦᠳ ᠲᠠᠢ ᠪᠠᠨ ᠢᠯᠡᠬᠦᠬᠡᠨ ᠬᠠᠷᠢᠯᠴᠠᠵᠤ ᠲᠠᠷᠤᠭᠠᠰᠤ ᠪᠠᠨ | ᠬᠦᠡᠭᠭᠡᠯᠡᠵᠦ ᠪᠠᠶᠢᠭᠠᠷᠠᠢ︔ ᠡᠷᠬᠡ ᠰᠦᠷᠳᠦ ᠮᠡᠳᠡᠬᠡᠯᠡᠯ ᠢ ᠦᠵᠡᠨ᠎ᠡ︔ ᠴᠤᠤᠷᠬᠠᠯ ᠲᠡᠭᠳᠡᠬᠡᠬᠦ ᠦᠬᠡᠢ︔ ᠬᠡᠪ ᠤᠨ | ᠠᠮᠢᠳᠤᠷᠠᠯ ᠤᠨ ᠲᠠᠳᠬᠠᠯ ᠪᠤᠯᠤᠨ ᠡᠷᠡᠬᠦᠯ ᠰᠠᠷᠠᠭᠤᠯ ᠠᠮᠢᠳᠤᠷᠠᠯ ᠤᠨ ᠠᠷᠭ᠎ᠠ ᠬᠡᠯᠪᠡᠷᠢ ᠪᠠᠨ ᠪᠠᠷᠢᠮᠳᠠᠯᠠᠨ᠎ᠠ︔ | ᠬᠢᠵᠢᠭ ᠢ ᠰᠡᠷᠬᠡᠶᠢᠯᠡᠨ ᠲᠠᠷᠤᠬᠤ ᠬᠤᠭᠤᠴᠠᠭᠠᠨ ᠳᠤ ᠬᠡᠦᠬᠡᠳ ᠢ ᠡᠩ ᠤᠨ ᠦᠶ᠎ᠡ ᠠᠴᠠ ᠪᠠᠨ ᠢᠯᠡᠬᠦᠦ ᠬᠠᠷᠠᠭᠠᠯᠵᠠᠬᠤ | ᠬᠡᠷᠡᠭᠳᠡᠢ᠃ | | |