ᠰᠤᠷᠤᠯᠭ᠎ᠠ ᠬᠤᠵᠢᠭᠳᠠᠭᠤᠯᠬᠤ ᠦᠭᠡᠢ ᠶᠢᠨ ᠲᠦᠯᠦᠭᠡ ᠲᠡᠳᠡ ᠢᠩᠬᠢᠵᠦ ᠴᠢᠷᠮᠠᠶᠢᠵᠦ ᠪᠠᠶᠢᠨ᠎ᠠ
ᠨᠡᠶᠢᠲᠡᠯᠡᠭᠰᠡᠨ ᠴᠠᠭ᠄
2020/3/13
         ᠰᠥᠯᠵᠢᠶᠡᠨ ᠬᠢᠴᠢᠶᠡᠯ ᠤᠷᠤᠵᠤ ᠪᠠᠶᠢᠭ᠎ᠠ ᠬᠥᠳᠡᠭᠡ ᠶᠢᠨ ᠭᠡᠤᠭᠡᠳ᠃ ︵ᠪᠤᠯᠤᠷᠰᠤᠪᠤᠳ ᠬᠠᠨᠭ᠍ᠭᠠᠪᠠ︶        ᠦᠷᠯᠦᠭᠡᠨ ᠤ ᠨᠠᠢᠮᠠ ᠬᠠᠭᠠᠰ ᠪᠤᠯᠬᠤ ᠳᠤ ᠭᠤᠸ᠎ᠠ ᠬᠦᠤ ᠠᠯᠮᠠᠰ ᠲᠠᠢ ᠪᠠᠨ ᠲᠡᠷᠭᠡ ᠪᠠᠨ ᠵᠢᠯᠤᠭᠤᠳᠴᠦ᠂ ᠠᠯᠠᠱᠠ ᠪᠠᠷᠠᠭᠤᠨ ᠬᠤᠰᠢᠭᠤᠨ ᠤ ᠲᠠᠩᠰᠤᠭᠪᠤᠯᠠᠭ ᠰᠤᠮᠤᠨ ᠤ ᠬᠡᠷᠡᠯᠲᠤ ᠭᠠᠴᠠᠭᠠᠨ ᠤ ᠤᠯᠤᠰᠤᠲᠠᠢ ᠭᠡᠬᠦ ᠭᠠᠵᠠᠷ ᠠᠴᠠ ᠭᠠᠷᠴᠤ ᠡᠯᠡᠰᠤᠨ ᠲᠤᠪᠤ ᠲᠤᠯᠤᠭᠠᠳ ᠢ ᠦᠭᠰᠦᠨ ᠤᠷᠤᠭᠤᠳᠠᠨ᠂ ᠭᠤᠴᠢ ᠰᠢᠬᠠᠭᠤ ᠭᠠᠵᠡᠷ ᠤᠨ ᠵᠠᠶᠢᠲᠠᠢ ᠵᠡᠷᠭᠡᠯᠡᠳᠡᠭᠡ ᠭᠠᠴᠠᠭ᠎ᠠ ᠪᠣᠯᠬᠤ ᠦᠷᠣᠨᠳᠣᠶᠠᠭ᠎ᠠ ᠭᠠᠴᠠᠭᠠᠨ ᠤ ᠰᠦᠯᠵᠢᠶ᠎ᠡ ᠲᠠᠢ ᠭᠠᠵᠠᠷ ᠲᠡᠷᠭᠡ ᠪᠠᠨ ᠵᠤᠭᠰᠤᠭᠠᠯ᠎ᠠ᠃ ᠬᠦᠦ ᠠᠯᠮᠠᠰ ᠨᠢ ᠭᠠᠷ ᠤᠳᠠᠰᠤ ᠪᠠᠨ ᠰᠦᠯᠵᠢᠶ᠎ᠡ ᠬᠤᠯᠪᠤᠭᠠᠳ᠂ ᠠᠪᠴᠦ ᠶᠠᠪᠤᠭ᠎ᠠ ᠪᠤᠭᠴᠤᠨ ᠠᠴᠠ ᠪᠠᠨ ᠬᠢᠴᠢᠶᠠᠯ ᠤᠨ ᠲᠡᠪᠲᠠᠷ ᠢᠶᠠᠨ ᠭᠠᠷᠭᠠᠵᠦ᠂ 9 ᠴᠠᠭ ᠪᠣᠯᠬᠤ ᠶᠢ ᠬᠦᠯᠢᠶᠡᠵᠦ ᠰᠠᠭᠤᠨ᠎ᠠ᠃ ᠡᠵᠢ ᠨᠢ ᠬᠦᠦ ᠶᠢᠨ ᠢᠶᠠᠨ ᠬᠢᠴᠢᠶᠠᠯ ᠤᠷᠣᠬᠤ ᠶᠢ ᠰᠠᠮ ᠬᠠᠷᠠᠵᠦ᠂ ᠨᠤᠭᠲᠤ ᠪᠤᠷᠠᠨᠲᠠᠭ ᠲᠠᠢ ᠪᠠᠨ ᠨᠤᠴᠦᠯᠳᠤᠵᠤ ᠡᠬᠢᠯᠡᠯ᠎ᠡ ᠁        ︽ᠰᠤᠷᠭᠠᠭᠤᠯᠢ ᠳᠠᠭᠠᠨ ᠤᠴᠢᠬᠤ ᠦᠭᠡᠢ ᠴᠤ ᠭᠡᠰᠡᠨ ᠬᠢᠴᠢᠶᠠᠯ ᠵᠤᠭᠰᠤᠬᠤ ᠦᠭᠡᠢ︾ ᠭᠡᠬᠦ ᠵᠢᠭᠠᠪᠤᠷᠢ ᠪᠠᠷ ᠮᠠᠨ ᠤ ᠠᠶᠢᠮᠠᠭ ᠤᠨ ᠡᠯ᠎ᠡ ᠰᠤᠷᠭᠠᠭᠤᠯᠢ ᠶᠢᠨ ᠬᠢᠨ ᠰᠦᠯᠵᠢᠶᠠᠨ ᠬᠢᠴᠢᠶᠠᠯ ᠢᠶᠠᠨ ᠡᠬᠢᠯᠡᠬᠦᠯᠵᠦ᠂ ᠰᠤᠷᠤᠭᠴᠢᠳ ᠤᠨ ᠬᠢᠴᠢᠶᠠᠯ ᠰᠤᠷᠤᠯᠭ᠎ᠠ ᠶᠢᠨ ᠠᠬᠢᠴᠠ ᠤᠷᠤᠭᠰᠢᠲᠠᠢ ᠶᠠᠪᠤᠭᠳᠠᠬᠤ ᠶᠢ ᠪᠠᠳᠤᠯᠠᠵᠦ ᠪᠤᠢ᠃ ᠰᠤᠷᠤᠭᠴᠢᠳ ᠤᠨ ᠰᠦᠯᠵᠢᠶᠠᠨ ᠬᠢᠴᠢᠶᠠᠯ ᠤᠨ ᠠᠬᠢᠴᠠ ᠶᠢ ᠰᠠᠶᠢᠵᠢᠷᠠᠭᠤᠯᠬᠤ ᠶᠢᠨ ᠲᠤᠯᠠᠳᠠ ᠠᠯᠠᠱᠠ ᠠᠶᠢᠮᠠᠭ ᠤᠨ ᠰᠤᠷᠭᠠᠨ ᠬᠦᠮᠦᠵᠢᠯ ᠤᠨ ᠰᠠᠯᠠᠭ᠎ᠠ ᠮᠦᠴᠢᠷ᠂ ᠰᠤᠷᠭᠠᠭᠤᠯᠢ ᠨᠤᠭᠤᠳ ᠰᠢᠯᠵᠢᠮᠠᠯ ᠬᠤᠯᠪᠤᠭ᠎ᠠ᠂ ᠨᠢᠭᠡᠳᠤᠮᠠᠯ ᠬᠤᠯᠪᠤᠭ᠎ᠠ᠂ ᠴᠠᠬᠢᠯᠭᠠᠨ ᠬᠤᠯᠪᠤᠭ᠎ᠠ ᠵᠡᠷᠭᠡ ᠴᠢᠮᠡᠭᠡ ᠨᠡᠪᠲᠡᠷᠡᠯᠭᠡ ᠶᠢᠨ ᠺᠤᠮᠫᠠᠨᠢ ᠲᠠᠢ ᠬᠤᠯᠪᠤᠭᠳᠠᠨ᠂ ᠰᠤᠷᠤᠭᠴᠢ ᠨᠢᠭᠡᠪᠤᠷᠢ ᠳᠤ ᠵᠤᠬᠢᠬᠤ ᠬᠡᠮᠵᠢᠶᠠᠨ ᠤ ᠦᠨ᠎ᠡ ᠲᠦᠯᠦᠪᠤᠷᠢ ᠦᠭᠡᠢ ᠰᠦᠯᠵᠢᠶᠠᠨ ᠤᠷᠤᠰᠴᠡ ᠬᠠᠩᠭᠠᠬᠤ ᠪᠠ ᠰᠦᠯᠵᠢᠶᠠᠨ ᠳᠤ ᠣᠷᠣᠬᠤ ᠬᠤᠷᠳᠤᠴᠠ ᠶᠢ ᠨᠢ ᠲᠦᠷᠭᠡᠳᠭᠡᠵᠦ ᠥᠭᠭᠦ ᠠᠷᠭ᠎ᠠ ᠠᠪᠴᠠᠯ ᠠᠪᠤᠭᠰᠠᠨ ᠪᠠᠶᠢᠨ᠎ᠠ᠃ ᠭᠡᠪᠡᠴᠦ ᠠᠯᠠᠱᠠ ᠨᠤᠲᠤᠭ ᠥᠷᠭᠡᠨ ᠠᠭᠤᠳᠠᠮ ᠪᠠᠶᠢᠳᠠᠭ ᠠᠴᠠ ᠰᠤᠷᠤᠭᠴᠢᠳ ᠤᠨ ᠢᠷᠡᠯᠳᠡ ᠲᠠᠷᠠᠬᠠᠢ ᠪᠤᠳᠠᠷᠬᠠᠢ ᠪᠠ ᠲᠤᠨᠤᠭ ᠲᠦᠭᠦᠭᠡᠷᠦᠮᠵᠢ ᠶᠢᠨ ᠬᠢᠵᠠᠭᠠᠷᠳᠠᠮᠠᠯ ᠪᠠᠶᠢᠳᠠᠯ ᠠᠴᠠ ᠰᠢᠯᠳᠠᠭᠠᠯᠠᠭᠳᠠᠵᠦ ᠴᠦᠭᠡᠨ ᠲᠤᠭᠠᠨ ᠤ ᠰᠤᠷᠤᠭᠴᠢᠳ ᠰᠦᠯᠵᠢᠶ᠎ᠡ ᠪᠠᠷ ᠬᠢᠴᠢᠶᠠᠯ ᠰᠤᠨᠤᠰᠬᠤ ᠳᠤᠨᠢ ᠰᠠᠭᠠᠳ ᠮᠦᠨ ᠤᠷᠤᠰᠢᠭᠰᠠᠭᠠᠷ᠃ ᠡᠨᠡ ᠪᠠᠶᠢᠳᠠᠯ ᠢ ᠠᠷᠭᠠᠴᠠᠭᠠᠵᠦ᠂ ᠰᠤᠷᠤᠭᠴᠢᠳ ᠤᠨ ᠢᠶᠠᠨ ᠬᠢᠴᠢᠶᠠᠯ ᠰᠤᠷᠤᠯᠭ᠎ᠠ ᠶᠢ ᠰᠠᠭᠠᠳᠠᠭᠠᠬᠤ ᠦᠭᠡᠢ ᠶᠢᠨ ᠲᠤᠯᠠᠲᠠ᠂ ᠪᠠᠭᠰᠢ ᠪᠠ ᠭᠡᠷ ᠤᠨ ᠠᠬᠠᠮᠠᠳ ᠦᠪᠡᠷᠰᠡᠳ ᠢᠶᠠᠨ ᠠᠰᠠᠭᠤᠳᠠᠯ ᠢᠶᠠᠨ ᠰᠢᠢᠳᠪᠤᠷᠢᠯᠡᠵᠡᠭᠡᠵᠦ᠂ ᠰᠤᠷᠤᠭᠴᠢᠳ ᠢᠶᠠᠨ ᠬᠢᠴᠢᠶᠠᠯ ᠰᠠᠭᠠᠳᠠᠭᠤᠯᠬᠤ ᠦᠭᠡᠢ ᠪᠠᠶᠢᠯᠭᠠᠬᠤ ᠪᠠᠷ ᠴᠢᠷᠮᠠᠶᠢᠵᠦ ᠪᠠᠶᠢᠨ᠎ᠠ᠃        ᠠᠯᠠᠱᠠ ᠵᠡᠬᠦᠨ ᠬᠤᠰᠢᠭᠤᠨ ᠤ ᠮᠤᠩᠭᠤᠯ ᠦᠨᠳᠦᠰᠦᠳᠡᠨ ᠤ ᠲᠤᠷᠰᠢᠯᠲᠠ ᠶᠢᠨ ᠪᠠᠭ᠎ᠠ ᠰᠤᠷᠭᠠᠭᠤᠯᠢ ᠶᠢᠨ ᠬᠤᠶᠠᠳᠤᠭᠠᠷ ᠣᠨ ᠤ ᠨᠢᠭᠡᠳᠤᠭᠡᠷ ᠠᠩᠬᠢ ᠶᠢᠨ ᠡᠷᠬᠢᠯᠡᠭᠴᠢ ᠰᠦᠮᠪᠤᠷ ᠡᠪᠤᠯ ᠤᠨ ᠠᠮᠠᠷᠠᠯᠲᠠ ᠪᠠᠷ ᠲᠦᠷᠦᠭᠰᠡᠨ ᠨᠤᠲᠤᠭ ᠤᠯᠠᠭᠠᠨᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠳᠠᠭᠠᠨ ᠬᠠᠷᠢᠵᠦ ᠴᠠᠭᠠᠯᠠᠭᠰᠠᠨ ᠪᠠᠶᠢᠵᠡᠢ᠃ 2 ᠰᠠᠷ᠎ᠠ ᠶᠢᠨ ᠬᠤᠷᠢᠳ ᠤᠨ ᠦᠶ᠎ᠡ ᠪᠠᠷ ᠰᠦᠯᠵᠢᠶ᠎ᠡ ᠪᠠᠷ ᠬᠢᠴᠢᠶᠠᠯᠯᠡᠬᠦ ᠮᠡᠳᠡᠭᠳᠡᠯ ᠢ ᠲᠤᠰᠤᠭᠠᠳ ᠬᠦᠳᠡᠭᠡ ᠭᠡᠷ ᠲᠡᠭᠡᠨ ᠪᠠᠶᠢᠭᠰᠠᠨ ᠰᠦᠮᠪᠦᠷ ᠰᠦᠯᠵᠢᠶᠠᠨ ᠳᠤ ᠬᠢᠴᠢᠶᠠᠯᠯᠡᠬᠦ ᠳᠤ ᠨᠡᠩ ᠲᠠᠳᠮᠠᠭᠠᠢ ᠪᠣᠯᠬᠤ ᠶᠢᠨ ᠲᠤᠯᠠᠲᠠ ᠰᠦᠯᠵᠢᠶ᠎ᠡ ᠲᠤᠬᠢᠶ᠎ᠠ ᠰᠠᠶᠢᠲᠠᠢ ᠬᠤᠰᠢᠭᠤᠨ ᠲᠥᠪ ᠲᠡᠭᠡᠨ ᠢᠷᠡᠵᠦ᠂ ᠨᠢᠭᠡ ᠲᠠᠯ᠎ᠠ ᠪᠠᠷ ᠪᠤᠯᠪᠠᠰᠤᠷᠠᠯ ᠳᠤ ᠤᠷᠤᠯᠴᠠᠵᠦ᠂ ᠨᠦᠭᠦᠭᠡ ᠲᠠᠯ᠎ᠠ ᠪᠠᠷ ᠰᠦᠯᠵᠢᠶᠠᠨ ᠤ ᠬᠢᠴᠢᠶᠠᠯ ᠤᠨ ᠪᠡᠯᠡᠳᠭᠡᠯ ᠢᠶᠠᠨ ᠬᠢᠵᠦ ᠡᠬᠢᠯᠡᠭᠰᠡᠨ ᠪᠠᠶᠢᠨ᠎ᠠ᠃ ᠦᠴᠦᠭᠡᠳᠤᠷ ᠠᠴᠠ ᠲᠡᠷᠡ ᠮᠠᠨᠢ ᠵᠢᠩᠬᠢᠨᠢ ᠪᠠᠷ ᠬᠢᠴᠢᠶᠠᠯᠯᠡᠵᠦ ᠡᠬᠢᠯᠡᠭᠰᠡᠨ ᠶᠤᠮ᠃ ︽ᠬᠡᠳᠦ᠋ᠢᠪᠡᠷ ᠬᠤᠶᠠᠳᠤᠭᠠᠷ ᠣᠨ ᠤ ᠰᠤᠷᠤᠭᠴᠢᠳ ᠲᠤ ᠰᠢᠨ᠎ᠡ ᠠᠭᠤᠯᠭ᠎ᠠ ᠵᠢᠭᠠᠬᠤ ᠦᠭᠡᠢ ᠪᠤᠯᠪᠠᠴᠦ ᠠᠩᠬᠢ ᠶᠢᠨ ᠡᠷᠬᠢᠯᠡᠭᠴᠢ ᠪᠠᠭᠰᠢ ᠪᠤᠯᠤᠭᠰᠠᠨ ᠤ ᠬᠤᠪᠢ ᠳᠤ ᠰᠤᠷᠤᠭᠴᠢ ᠪᠠᠨ ᠨᠡᠩ ᠰᠠᠶᠢᠨ ᠵᠢᠯᠤᠭᠤᠳᠬᠤ ᠰᠠᠨᠠᠭᠠᠲᠠᠢ᠂ ᠡᠨᠡ ᠬᠤᠶᠠᠷ ᠡᠳᠤᠷ ᠠᠯᠠᠱᠠ ᠳᠤ ᠪᠤᠴᠠᠨ᠎ᠠ᠂ ᠬᠠᠷᠢᠵᠦ ᠤᠴᠢᠭᠰᠠᠨ ᠤ ᠳᠠᠷᠠᠭ᠎ᠠ ᠪᠠᠷ ᠲᠤᠰᠠᠭᠠᠷᠯᠠᠯ ᠤᠨ ᠬᠤᠭᠤᠴᠠᠭ᠎ᠠ ᠪᠠᠨ ᠦᠩᠭᠡᠷᠡᠪᠡᠯ ᠰᠤᠷᠭᠠᠭᠤᠯᠢ ᠡᠬᠢᠯᠡᠬᠦ ᠪᠠᠶᠢᠬ᠎ᠠ︾ ᠭᠡᠵᠦ ᠰᠦᠮᠪᠦᠷ ᠶᠠᠷᠢᠵᠦ ᠪᠠᠶᠢᠯ᠎ᠠ᠃        ᠤᠨᠴᠠᠭᠠᠢ ᠴᠠᠭ ᠦᠶ᠎ᠡ ᠳᠤ ᠰᠤᠷᠭᠠᠭᠤᠯᠢ ᠡᠬᠢᠯᠡᠵᠦ ᠴᠢᠳᠠᠭ᠎ᠠ ᠦᠭᠡᠢ ᠪᠤᠯᠪᠠᠴᠦ ᠰᠤᠷᠤᠭᠴᠢᠳ ᠤᠨ ᠰᠤᠷᠤᠯᠴᠠᠬᠤ ᠢᠳᠡᠪᠬᠢᠵᠢᠯ ᠮᠠᠰᠢ ᠦᠨᠳᠦᠷ ᠪᠠᠶᠢᠨ᠎ᠠ᠃ ᠬᠦᠳᠡᠭᠡ ᠭᠡᠷ ᠲᠡᠭᠡᠨ ᠪᠠᠶᠢᠭ᠎ᠠ ᠰᠤᠷᠤᠭᠴᠢᠳ ᠰᠦᠯᠵᠢᠶ᠎ᠡ ᠲᠤᠬᠢᠶ᠎ᠠ᠂ ᠲᠤᠨᠤᠭ ᠲᠦᠬᠦᠭᠡᠷᠦᠮᠵᠢ ᠠᠨᠠᠢ ᠪᠠᠶᠢᠳᠠᠯ ᠢᠶᠠᠨ ᠰᠢᠢᠳᠪᠤᠷᠢᠯᠡᠵᠦ ᠬᠢᠴᠢᠶᠠᠯ ᠰᠤᠷᠤᠯᠭ᠎ᠠ ᠪᠠᠨ ᠰᠠᠭᠠᠳᠠᠭᠠᠯ ᠦᠭᠡᠢ ᠤᠷᠤᠵᠦ ᠪᠠᠶᠢᠨ᠎ᠠ᠃ ᠠᠯᠠᠱᠠ ᠵᠡᠬᠦᠨ ᠬᠤᠰᠢᠭᠤᠨ ᠤ ᠮᠤᠩᠭᠤᠯ ᠦᠨᠳᠦᠰᠦᠳᠡᠨ ᠤ ᠰᠤᠷᠭᠠᠭᠤᠯᠢ ᠶᠢᠨ ᠵᠢᠷᠭᠤᠳᠤᠭᠠᠷ ᠣᠨ ᠤ ᠰᠤᠷᠤᠭᠴᠢ ᠬᠠᠷᠭᠤᠢ ᠶᠢᠨ ᠬᠦᠳᠡᠭᠡ ᠭᠡᠷ ᠨᠢ ᠪᠠᠶᠠᠨᠬᠤᠳᠠ ᠪᠠᠯᠭᠠᠰᠤᠨ ᠤ ᠢᠩᠭᠡᠲᠤ ᠭᠠᠴᠠᠭᠠᠨ ᠤ ᠶᠡᠭᠡ ᠡᠯᠡᠰᠤᠨ ᠳᠤ ᠪᠠᠶᠢᠳᠠᠭ ᠪᠤᠯᠬᠤᠷ ᠰᠦᠯᠵᠢᠶ᠎ᠡ ᠲᠤᠬᠢᠶ᠎ᠠ ᠠᠨᠠᠢ᠃ ︽ᠬᠦᠳᠡᠭᠡ ᠲᠥᠯ ᠮᠠᠯ ᠭᠡᠳ ᠠᠵᠢᠯ ᠶᠠᠭᠠᠷᠠᠤ᠂ ᠰᠦᠯᠵᠢᠶ᠎ᠡ ᠲᠤᠬᠢᠶ᠎ᠠ ᠪᠠᠰᠠ ᠠᠨᠠᠢ᠃ ᠰᠦᠯᠵᠢᠶᠠᠨ ᠤ ᠬᠢᠴᠢᠶᠠᠯ ᠡᠬᠢᠯᠡᠬᠦ ᠠᠴᠠ ᠡᠮᠤᠨ᠎ᠡ ᠪᠠᠭᠰᠢ ᠶᠢᠨ ᠦᠯᠡᠳᠡᠭᠡᠭᠰᠡᠨ ᠤᠩᠰᠢᠯᠭ᠎ᠠ ᠶᠢᠨ ᠲᠠᠰᠬᠠᠯ ᠢ ᠪᠡᠶᠡᠯᠡᠬᠦᠯᠬᠦ ᠪᠠᠷ ᠮᠠᠨᠠᠶᠢᠬᠢᠨ ᠠᠷᠪᠠᠨ ᠤ ᠭᠠᠵᠠᠷ ᠶᠠᠪᠤᠵᠦ᠂ ᠸᠢᠴᠠᠲ ᠢᠶᠠᠷ ᠤᠩᠰᠢᠯᠭ᠎ᠠ ᠶᠢᠨ ᠲᠠᠰᠬᠠᠯ ᠢᠶᠠᠨ ᠪᠡᠶᠡᠯᠡᠭᠦᠯᠳᠡᠭ ᠪᠠᠶᠢᠭᠰᠠᠨ᠃ ᠰᠦᠯᠵᠢᠶᠠᠨ ᠤ ᠬᠢᠴᠢᠶᠠᠯ ᠡᠬᠢᠯᠡᠬᠦ ᠪᠠᠷ ᠡᠳᠤᠷ ᠪᠦᠷᠢ ᠠᠷᠪᠠᠨ ᠤ ᠭᠠᠵᠡᠷ ᠬᠤᠯᠠ ᠪᠠᠶᠢᠭ᠎ᠠ ᠰᠦᠯᠵᠢᠶ᠎ᠡ ᠲᠠᠢ ᠭᠠᠵᠠᠷ ᠬᠦᠷᠴᠦ ᠬᠢᠴᠢᠶᠠᠯ ᠤᠷᠣᠳᠠᠭ ᠪᠤᠯᠤᠯ᠎ᠠ︾ ᠭᠡᠵᠦ ᠬᠠᠷᠭᠤᠢ ᠶᠢᠨ ᠡᠵᠢ ᠨᠢ ᠶᠠᠷᠢᠨ᠎ᠠ᠃ ᠬᠠᠷᠭᠤᠢ ᠡᠳᠤᠷ ᠪᠦᠷᠢ ᠰᠢᠷᠡᠭᠡ ᠰᠠᠨᠳᠠᠯᠢ ᠪᠠᠨ ᠠᠪᠤᠭᠠᠳ ᠡᠯᠡᠰᠤᠨ ᠤᠷᠤᠢ ᠲᠡᠭᠡᠷ᠎ᠡ ᠬᠢᠴᠢᠶᠠᠯ ᠤᠷᠤᠨ᠎ᠠ᠃ ᠲᠡᠭᠷᠢ ᠭᠦᠢᠳᠡᠨ ᠦᠶ᠎ᠡ ᠳᠤ ᠲᠡᠷᠭᠡᠨ ᠲᠡᠭᠡᠷ᠎ᠡ ᠪᠠᠨ ᠬᠢᠴᠢᠶᠠᠯ ᠢᠶᠠᠨ ᠰᠤᠨᠤᠰᠳᠠᠭ ᠠᠵᠢ᠃ ᠮᠦᠨ ᠬᠠᠷᠭᠤᠢ ᠲᠠᠢ ᠨᠢᠭᠡ ᠠᠩᠬᠢ ᠶᠢᠨ ᠰᠤᠷᠤᠭᠴᠢ ᠪᠣᠯᠬᠤ ᠨᠠᠴᠢᠨ ᠤ ᠬᠦᠳᠡᠭᠡ ᠭᠡᠷ ᠨᠢ ᠶᠡᠭᠡ ᠡᠯᠡᠰᠤᠨ ᠳᠤ ᠪᠠᠶᠢᠳᠠᠭ ᠠᠴᠠ ᠰᠠᠯᠬᠢ ᠲᠠᠢ ᠡᠳᠤᠷ ᠰᠦᠯᠵᠢᠶ᠎ᠡ ᠲᠠᠰᠤᠷᠠᠬᠤ ᠶᠠᠪᠤᠳᠠᠯ ᠪᠠᠶᠢᠩᠭᠤ ᠭᠠᠷᠳᠠᠭ᠃     ︽ᠦᠴᠦᠭᠡᠳᠤᠷ ᠦᠷᠯᠦᠭᠡᠨ ᠤ ᠲᠤᠭᠠᠨ ᠤ ᠬᠢᠴᠢᠶᠠᠯ ᠢ ᠨᠠᠴᠢᠨ ᠤᠷᠤᠵᠦ ᠴᠢᠳᠠᠭᠰᠠᠨ ᠦᠭᠡᠢ᠂ ᠬᠢᠴᠢᠶᠠᠯ ᠤᠨ ᠳᠠᠷᠠᠭ᠎ᠠ ᠪᠠᠷ ᠭᠡᠷ ᠤᠨ ᠠᠬᠠᠮᠠᠳ ᠨᠢ ᠤᠳᠠᠰᠤ ᠢᠷᠡᠬᠦᠯᠵᠦ᠂ ᠰᠦᠯᠵᠢᠶ᠎ᠡ ᠲᠠᠰᠤᠷᠠᠭᠰᠠᠨ ᠠᠴᠠ ᠬᠢᠴᠢᠶᠠᠯ ᠰᠤᠨᠤᠰᠴᠦ ᠴᠢᠳᠠᠭᠰᠠᠨ ᠦᠭᠡᠢ᠂ ᠰᠦᠯᠵᠢᠶ᠎ᠡ ᠰᠠᠶᠢᠲᠠᠢ ᠭᠠᠵᠠᠷ ᠬᠦᠷᠪᠡᠯ ᠲᠤᠭᠠᠨ ᠤ ᠬᠢᠴᠢᠶᠠᠯ ᠢ ᠨᠢ ᠨᠦᠬᠦᠵᠦ ᠦᠭᠬᠦ ᠪᠤᠯᠪᠠᠤ ᠭᠡᠵᠦ ᠭᠤᠶᠤᠬᠤ ᠪᠠᠷ ᠪᠢ ᠦᠳᠡ ᠶᠢᠨ ᠴᠠᠭ ᠢᠶᠠᠨ ᠠᠰᠢᠭᠯᠠᠭᠠᠳ ᠨᠠᠴᠢᠨ ᠳᠤ ᠬᠢᠴᠢᠶᠠᠯ ᠢ ᠨᠢ ᠨᠦᠬᠦᠵᠡᠢ︾ ᠭᠡᠵᠦ ᠠᠩᠬᠢ ᠶᠢᠨ ᠡᠷᠬᠢᠯᠡᠭᠴᠢ ᠶᠠᠩ ᠲᠠᠢ ᠬᠤᠸᠠ ᠪᠠᠭᠰᠢ ᠶᠠᠷᠢᠵᠦ ᠪᠠᠶᠢᠯ᠎ᠠ᠃        ᠠᠯᠠᠱᠠ ᠵᠡᠬᠦᠨ ᠬᠤᠰᠢᠭᠤᠨ ᠤ ᠮᠤᠩᠭᠤᠯ ᠦᠨᠳᠦᠰᠦᠳᠡᠨ ᠤ ᠲᠤᠷᠰᠢᠯᠲᠠ ᠶᠢᠨ ᠪᠠᠭ᠎ᠠ ᠰᠤᠷᠭᠠᠭᠤᠯᠢ ᠶᠢᠨ ᠵᠢᠷᠭᠤᠳᠤᠭᠠᠷ ᠣᠨ ᠤ ᠬᠤᠶᠠᠳᠤᠭᠠᠷ ᠠᠩᠬᠢ ᠳᠤ ᠰᠦᠯᠵᠢᠶ᠎ᠡ ᠲᠤᠬᠢᠶ᠎ᠠ᠂ ᠲᠤᠨᠤᠭ ᠲᠦᠭᠦᠭᠡᠷᠦᠮᠵᠢ ᠠᠨᠠᠢ ᠵᠡᠷᠭᠡ ᠠᠷᠪᠢᠨ ᠬᠦᠴᠢᠷᠳᠠᠯ ᠢ ᠠᠷᠭᠠᠴᠠᠭᠠᠵᠦ ᠬᠢᠴᠢᠶᠠᠯ ᠢᠶᠠᠨ ᠰᠠᠭᠠᠲᠠᠭᠠᠬᠤ ᠦᠭᠡᠢ ᠤᠷᠤᠵᠦ ᠪᠠᠶᠢᠭ᠎ᠠ ᠰᠤᠷᠤᠭᠴᠢ ᠭᠤᠷᠪᠠ ᠪᠠᠶᠢᠨ᠎ᠠ ᠭᠡᠳᠡᠭ ᠢ ᠠᠩᠬᠢ ᠶᠢᠨ ᠡᠷᠬᠢᠯᠡᠭᠴᠢ ᠤᠶᠤᠩᠭᠤᠸ᠎ᠠ ᠪᠠᠭᠰᠢ ᠨᠢ ᠶᠠᠷᠢᠵᠤ ᠪᠠᠶᠢᠯ᠎ᠠ᠃ ᠤᠶᠤᠩᠭᠤᠸ᠎ᠠ ᠪᠠᠭᠰᠢ ᠶᠢᠨ ᠠᠩᠬᠢ ᠶᠢᠨ ᠰᠤᠷᠤᠭᠴᠢ ᠠᠮᠢᠨ᠎ᠠ᠂ ᠠᠰᠤᠷᠤ᠂ ᠠᠪᠢᠶᠠᠰ ᠵᠡᠷᠭᠡ ᠭᠤᠷᠪᠠᠨ ᠬᠡᠤᠬᠡᠳ ᠤᠨ ᠬᠦᠳᠡᠭᠡ ᠭᠡᠷ ᠨᠢ ᠪᠦᠷ ᠰᠦᠯᠵᠢᠶ᠎ᠡ ᠲᠤᠬᠢᠶ᠎ᠠ ᠦᠭᠡᠢ ᠭᠠᠵᠠᠷ ᠪᠠᠶᠢᠳᠠᠭ ᠪᠤᠯᠬᠤᠷ ᠭᠡᠷ ᠤᠨ ᠠᠬᠠᠮᠠᠳ ᠨᠢ ᠪᠦᠷ ᠦᠪᠡᠷ ᠦᠪᠡᠷ ᠤᠨ ᠠᠷᠭ᠎ᠠ ᠪᠠᠷ ᠢᠶᠠᠨ ᠰᠦᠯᠵᠢᠶ᠎ᠡ ᠵᠠᠯᠭᠠᠵᠦ ᠬᠡᠤᠬᠡᠳ ᠤᠨ ᠢᠶᠠᠨ ᠬᠢᠴᠢᠶᠠᠯ ᠰᠤᠷᠤᠯᠭ᠎ᠠ ᠶᠢ ᠨᠢ ᠬᠤᠵᠢᠭᠳᠠᠭᠤᠯᠬᠤ ᠦᠭᠡᠢ ᠪᠠᠷ ᠴᠢᠷᠮᠠᠶᠢᠵᠦ ᠪᠠᠶᠢᠨ᠎ᠠ᠃ ᠠᠮᠢᠨ᠎ᠠ ᠶᠢᠨ ᠬᠦᠳᠡᠭᠡ ᠭᠡᠷ ᠨᠢ ᠠᠯᠠᠱᠠ ᠵᠡᠬᠦᠨ ᠬᠤᠰᠢᠭᠤᠨ ᠤ ᠢᠩᠭᠡᠨ ᠰᠤᠮᠤᠨ ᠤ ᠬᠦᠪᠡᠭᠡ ᠭᠠᠴᠠᠭᠠᠨ ᠤ ᠰᠦᠯᠵᠢᠶ᠎ᠡ ᠬᠠᠷᠢᠴᠠᠩᠭᠤᠢ ᠠᠨᠠᠢ ᠭᠠᠵᠠᠷ ᠲᠤ ᠪᠠᠶᠢᠳᠠᠭ᠃ ᠬᠢᠴᠢᠶᠠᠯᠯᠡᠬᠦ ᠠᠩᠬᠠᠨ ᠤ ᠡᠳᠤᠷ ᠠᠮᠢᠨ᠎ᠠ ᠭᠡᠷ ᠠᠴᠠ ᠪᠠᠨ ᠬᠤᠷᠢ ᠭᠠᠷᠤᠢ ᠭᠠᠵᠠᠷ ᠤᠨ ᠵᠠᠶᠢᠲᠠᠢ ᠰᠦᠯᠵᠢᠶ᠎ᠡ ᠲᠠᠢ ᠭᠠᠵᠠᠷ ᠪᠠᠭᠰᠢ ᠪᠠ ᠬᠠᠮᠲᠤ ᠰᠤᠷᠤᠯᠭᠠᠳᠠᠳ ᠲᠠᠢ ᠪᠠᠨ ᠣᠯᠣᠰ ᠤᠨ ᠲᠤᠭ ᠢᠶᠠᠨ ᠮᠠᠨᠳᠤᠭᠤᠯᠵᠦ᠂ ᠠᠩᠬᠠᠨ ᠤ ᠬᠢᠴᠢᠶᠠᠯ ᠢᠶᠠᠨ ᠤᠷᠤᠭᠰᠠᠨ ᠪᠠᠶᠢᠨ᠎ᠠ᠃ ᠠᠰᠤᠷᠤ ᠪᠠ ᠠᠪᠢᠶᠠᠰ ᠬᠤᠶᠠᠷ ᠤᠨ ᠭᠡᠷ ᠤᠨ ᠠᠬᠠᠮᠠᠳ ᠨᠢ ᠪᠠᠭᠰᠢ ᠶᠢᠨ ᠬᠢᠨᠢ ᠰᠠᠨᠠᠭᠤᠯᠭ᠎ᠠ ᠪᠠᠷ ᠡᠷᠲᠠᠨ ᠠᠴᠠ ᠪᠡᠯᠡᠳᠭᠡᠯ ᠠᠵᠢᠯ ᠢᠶᠠᠨ ᠬᠢᠵᠦ᠂ ᠰᠦᠯᠵᠢᠶᠠᠨ ᠬᠢᠴᠢᠶᠠᠯ ᠳᠤ ᠲᠤᠰᠬᠠᠢ ᠵᠤᠷᠢᠭᠤᠯᠤᠨ᠂ ᠬᠦᠳᠡᠭᠡ ᠭᠡᠷ ᠲᠡᠭᠡᠨ WIFI ᠤᠭᠰᠠᠷᠠᠵᠤ᠂ ᠬᠡᠤᠬᠡᠳ ᠤᠨ ᠢᠶᠠᠨ ᠬᠢᠴᠢᠶᠠᠯ ᠢᠶᠠᠨ ᠴᠠᠭ ᠲᠠᠭᠠᠨ ᠤᠷᠤᠬᠤ ᠶᠢ ᠪᠠᠲᠤᠯᠠᠭᠰᠠᠨ ᠪᠠᠶᠢᠯ᠎ᠠ᠃ ᠠᠪᠢᠶᠠᠰ ᠤᠨ ᠰᠦᠯᠵᠢᠶ᠎ᠡ ᠰᠠᠶᠢᠵᠢᠷᠠᠭᠰᠠᠨ ᠴᠤ ᠭᠠᠷ ᠤᠳᠠᠰᠤ ᠨᠢ ᠪᠠᠶᠢᠩᠭᠤ ᠬᠠᠯᠠᠭᠠᠳ ᠪᠠᠶᠢᠬᠤ ᠪᠠᠷ ᠨᠢ ᠠᠪᠤ ᠡᠵᠢ ᠨᠢ ᠬᠠᠵᠠᠭᠤ ᠠᠶᠢᠯ ᠤᠨ ᠺᠤᠮᠫᠢᠦ᠋ᠲ᠋ᠧᠷ ᠢ ᠵᠢᠭᠡᠯᠡᠵᠦ ᠠᠪᠴᠢᠷᠠᠭᠠᠳ ᠰᠦᠯᠵᠢᠶᠠᠨ ᠬᠢᠴᠢᠶᠠᠯ ᠤᠷᠤᠵᠦ ᠪᠠᠶᠢᠨ᠎ᠠ᠃ ᠬᠦᠴᠢᠷᠳᠡᠯ ᠠᠷᠪᠢᠨ ᠴᠤ ᠬᠢᠴᠢᠶᠠᠯ ᠰᠠᠭᠠᠳᠠᠭᠤᠯᠬᠤ ᠦᠭᠡᠢ ᠭᠡᠮᠡᠨ ᠪᠠᠭᠰᠢ᠂ ᠭᠡᠷ ᠤᠨ ᠠᠬᠠᠮᠠᠳ᠂ ᠰᠤᠷᠤᠭᠴᠢ ᠬᠠᠮᠳᠤᠪᠡᠷ ᠴᠢᠷᠮᠠᠶᠢᠭᠰᠠᠭᠠᠷ ᠁                                                 (ᠵᠣᠬᠢᠶᠠᠭᠴᠢ᠄ ᠪᠤᠯᠤᠷᠰᠤᠪᠤᠳ)
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号