ᠰᠢᠬᠢᠷ ᠢᠳᠡᠬᠦ ᠨᠢ ᠬᠡᠤᠬᠡᠳ ᠤᠨ ᠰᠢᠳᠤ ᠬᠤᠷᠤᠬᠠᠢᠢᠳᠤᠬᠤ ᠶᠢᠨ ᠭᠤᠤᠯ ᠰᠢᠯᠳᠠᠭᠠᠨ ᠪᠢᠰᠢ
ᠨᠡᠶᠢᠲᠡᠯᠡᠭᠰᠡᠨ ᠴᠠᠭ᠄
2020/11/30
      ︽ᠰᠢᠬᠢᠷ ᠢᠯᠡᠬᠦᠤ ᠢᠳᠡᠬᠦ ᠨᠢ ᠠᠮᠠᠷᠬᠠᠨ ᠰᠢᠳᠤ ᠬᠤᠷᠤᠬᠠᠢᠢᠳᠤᠨ᠎ᠠ ᠬᠡᠬᠦ ᠠᠴᠠ ᠠᠷᠪᠢᠨ ᠰᠤᠯᠠ ᠢᠳᠡᠬᠡᠨ ᠢᠳᠡᠬᠦ ᠨᠢ ᠬᠡᠤᠬᠡᠳ ᠤᠨ ᠰᠢᠳᠤ ᠶᠢ ᠨᠠᠩ ᠬᠡᠮᠳᠤᠬᠡᠨ᠎ᠠ︾ ᠬᠡᠵᠤ ᠪᠡᠬᠡᠵᠢᠩ ᠤᠨ ᠠᠮᠠᠨ ᠬᠦᠨᠳᠡᠢ ᠶᠢᠨ ᠡᠮᠨᠡᠯᠬᠡ ᠶᠢᠨ ᠤᠬᠠᠭᠠᠨ ᠤ ᠨᠠᠶᠢᠬᠡᠮᠯᠢᠭ ᠤᠨ ᠳᠤᠰᠬᠠᠢ ᠮᠡᠷᠬᠡᠵᠢᠯᠳᠠᠨ ᠬᠡᠯᠡᠵᠤ ᠪᠠᠶᠢᠨ᠎ᠠ᠃ ᠰᠤᠳᠤᠯᠭᠠᠨ ᠳᠤ 5 ᠨᠠᠰᠤᠳᠠᠢ ᠬᠡᠤᠬᠡᠳ ᠤᠨ 60% ᠶᠢᠨ ᠰᠢᠳᠤ ᠨᠢ ᠬᠤᠷᠤᠬᠠᠢᠢᠳᠤᠭᠰᠠᠨ ᠪᠠᠶᠢᠬᠤ ᠶᠢ ᠢᠯᠡᠷᠡᠬᠦᠯᠪᠠ᠃ ᠡᠬᠦᠨ ᠤ ᠭᠤᠤᠯ ᠰᠢᠯᠳᠠᠭᠠᠨ ᠨᠢ᠂ ᠰᠢᠬᠢᠷ ᠠᠷᠪᠢᠨ ᠢᠳᠡᠭᠰᠡᠨ ᠠᠴᠠ ᠪᠢᠰᠢ᠂ ᠬᠠᠷᠢᠨ ᠠᠷᠪᠢᠨ ᠤᠳᠠᠭ᠎ᠠ ᠬᠤᠭᠤᠯᠠ ᠢᠳᠡᠵᠤ᠂ ᠰᠢᠬᠢᠷᠯᠢᠭ ᠠᠮᠳᠠᠳᠠᠢ ᠰᠤᠯᠠ ᠢᠳᠡᠬᠡᠨ ᠢ ᠢᠳᠡᠭᠰᠡᠨ ᠠᠴᠠ ᠪᠤᠯᠵᠠᠢ︔ ᠪᠠᠰᠠ ᠬᠤᠭᠤᠯᠠ ᠢᠳᠡᠭᠰᠡᠨ ᠤ ᠳᠠᠷᠠᠭ᠎ᠠ ᠠᠮᠠᠨ ᠬᠦᠨᠳᠡᠢ ᠪᠠᠨ ᠳᠠᠷᠦ᠋ᠢᠬᠠᠨ ᠠᠷᠢᠭᠤᠳᠬᠠᠬᠤ ᠦᠬᠡᠢ ᠠᠴᠠ ᠪᠤᠯᠵᠤ᠂ ᠬᠡᠤᠬᠡᠳ ᠠᠮᠠᠷᠬᠠᠨ ᠠᠮᠠᠨ ᠬᠦᠨᠳᠡᠢ ᠶᠢᠨ ᠡᠪᠡᠳᠴᠢᠨ ᠳᠤ ᠨᠡᠷᠪᠡᠭᠳᠡᠵᠤ᠂ ᠰᠢᠳᠤ ᠨᠢ ᠬᠡᠮᠳᠤᠳᠡᠭ᠃ ᠬᠡᠤᠬᠡᠳ ᠤᠨ ᠰᠢᠳᠤ ᠬᠤᠷᠤᠬᠠᠢᠢᠳᠤᠬᠤ ᠶᠢ ᠰᠡᠷᠬᠡᠶᠢᠯᠡᠬᠦ ᠳᠤ ᠬᠤᠭᠤᠯᠠ ᠢᠳᠡᠬᠦ ᠶᠢ ᠳᠦᠷᠢᠮᠵᠢᠬᠦᠯᠵᠦ᠂ ᠰᠢᠬᠢᠷᠯᠢᠭ ᠢᠳᠡᠬᠡᠨ ᠢ ᠳᠤᠳᠠᠭᠤ ᠢᠳᠡᠵᠤ᠂ ᠬᠤᠭᠤᠯᠠᠨ ᠤ ᠳᠠᠷᠠᠭ᠎ᠠ ᠠᠮᠠᠨ ᠬᠦᠨᠳᠡᠢ ᠪᠠᠨ ᠠᠷᠢᠭᠤᠳᠬᠠᠵᠤ᠂ ᠠᠮᠠ ᠪᠠᠨ ᠵᠠᠶᠢᠯᠠᠵᠦ᠂ ᠰᠢᠳᠤ ᠪᠠᠨ ᠤᠬᠢᠶᠠᠬᠤ ᠬᠡᠷᠡᠭᠳᠡᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号