ᠠᠯᠠᠱᠠ ᠶᠢᠨ ᠪᠢᠴᠢᠬᠠᠨ ᠰᠢᠳᠠᠷᠠᠴᠢᠨ ᠮᠦᠰᠢᠶ᠎ᠠ ᠠᠩᠬᠠᠳᠦᠭᠠᠷ ᠤᠳᠠᠭᠠᠠ ᠤ ︽ᠦᠪ︾ ᠬᠤᠨᠳᠠᠭᠠᠳᠦ ᠲᠡᠯᠡᠬᠡᠢ ᠶᠢᠨ ᠰᠢᠳᠠᠷ᠎ᠠ ᠶᠢᠨ ᠲᠡᠰ ᠤᠯᠭᠤᠬᠤ ᠤᠷᠤᠯᠳᠦᠭᠠᠨ ᠳᠤ ᠲᠡᠷᠢᠭᠦᠯᠡᠪᠡ
ᠨᠡᠶᠢᠲᠡᠯᠡᠭᠰᠡᠨ ᠴᠠᠭ᠄
2020/11/27
       11 ᠰᠠᠷ᠎ᠠ ᠶᠢᠨ 21 ᠤ ᠡᠳᠦᠷ ᠬᠦᠬᠡᠬᠤᠳᠡ ᠳᠤ ᠶᠠᠪᠤᠭᠳᠠᠭᠰᠠᠠ ᠠᠩᠬᠠᠳᠦᠭᠠᠷ ᠤᠳᠠᠭᠠᠨ ᠤ ︽ᠦᠪ︾ ᠬᠤᠨᠳᠠᠭᠠᠳᠦ ᠲᠡᠯᠡᠬᠡᠢ ᠶᠢᠨ ᠰᠢᠳᠠᠷ᠎ᠠ ᠶᠢᠨ ᠲᠡᠰ ᠤᠯᠭᠤᠬᠤ ᠤᠷᠤᠯᠳᠦᠭᠠᠨ ᠳᠤ ᠠᠯᠠᠱᠠ ᠵᠡᠭᠦᠨ ᠬᠤᠰᠢᠭᠤᠨ ᠤ ᠮᠤᠩᠭᠤᠯ ᠦᠨᠳᠦᠰᠦᠳᠡᠨ ᠤ ᠲᠤᠷᠰᠢᠯᠳᠡ ᠶᠢᠨ ᠪᠠᠭ᠎ᠠ ᠰᠤᠷᠭᠠᠭᠤᠯᠢ ᠶᠢᠨ ᠲᠦᠷᠪᠡᠳᠦᠭᠡᠷ ᠤᠨ ᠤ ᠨᠢᠭᠡᠳᠦᠭᠡᠷ ᠠᠩᠬᠢ ᠶᠢᠨ ᠮᠦᠰᠢᠶ᠎ᠠ ᠲᠦᠷᠪᠡᠳᠦᠭᠡᠷ᠂ ᠲᠠᠪᠦᠳᠦᠭᠠᠷ ᠲᠡᠰ ᠤᠨ ᠤᠷᠤᠯᠳᠦᠭᠠᠨ ᠤ ᠲᠤᠭᠤᠢᠢᠯᠡᠩ ᠳᠤ ᠨᠢᠭᠡᠳᠦᠭᠡᠷ ᠲᠡᠰ ᠲᠤ ᠲᠤᠳᠦᠷᠠᠵᠦ᠂ ᠲᠦᠷᠪᠡᠳᠦᠭᠡᠷ ᠲᠡᠰ ᠠᠴᠠ ᠭᠤᠷᠪᠠᠳᠦᠭᠠᠷ ᠲᠡᠰ ᠤᠷᠤᠭᠤ ᠲᠠᠪᠰᠢᠨ ᠤᠷᠤᠵᠦ᠂ ᠭᠤᠷᠪᠠᠳᠦᠭᠠᠷ ᠲᠡᠰ ᠤᠨ ᠰᠢᠳᠠᠷᠠᠴᠢᠨ ᠪᠤᠯᠤᠭᠰᠠᠠ ᠪᠠᠶᠢᠨ᠎ᠠ᠃        9 ᠨᠠᠰᠦᠳᠠᠢ ᠮᠦᠰᠢᠶ᠎ᠠ ᠪᠤᠯ ᠠᠯᠠᠱᠠ ᠵᠡᠭᠦᠨ ᠬᠤᠰᠢᠭᠤᠨ ᠤ ᠮᠤᠩᠭᠤᠯ ᠦᠨᠳᠦᠰᠦᠳᠡᠨ ᠤ ᠲᠤᠷᠰᠢᠯᠳᠡ ᠶᠢᠨ ᠪᠠᠭ᠎ᠠ ᠰᠤᠷᠭᠠᠭᠤᠯᠢ ᠶᠢᠨ ᠲᠦᠷᠪᠡᠳᠦᠭᠡᠷ ᠤᠨ ᠤ ᠨᠢᠭᠡᠳᠦᠭᠡᠷ ᠠᠩᠬᠢ ᠶᠢᠨ ᠰᠤᠷᠤᠭᠴᠢ ᠪᠤᠯᠤᠨ᠎ᠠ᠃ ︽ᠤᠷᠮ᠎ᠠ ᠪᠠᠬ᠎ᠠ ᠪᠤᠯ ᠬᠠᠮᠤᠭ ᠤᠨ ᠰᠠᠶᠢᠨ ᠪᠠᠭᠰᠢ︾ ᠬᠡᠳᠡᠭᠴᠢᠯᠡᠨ ᠨᠢᠭᠡᠳᠦᠭᠡᠷ ᠤᠨ ᠠᠴᠠ ᠡᠬᠢᠯᠡᠡ ᠰᠢᠳᠠᠷ᠎ᠠ ᠲᠠᠢ ᠠᠩᠬ᠎ᠠ ᠬᠠᠨᠢᠯᠠᠭᠰᠠᠠ ᠲᠡᠷᠡ ᠰᠢᠳᠡᠷ᠎ᠠ ᠶᠢᠨ ᠲᠦᠷᠤᠯ ᠳᠤ ᠣᠨᠴᠠ ᠪᠠᠭ᠋ᠠᠳᠠᠢ ᠪᠠᠶᠢᠵᠦ᠂ ᠤᠷᠳᠦᠰ᠂ ᠪᠤᠭᠤᠳᠦ᠂ ᠬᠦᠬᠡᠬᠤᠳᠡ ᠵᠡᠷᠭᠡ ᠤᠷᠤᠨ᠂ ᠠᠶᠢᠮᠠᠭ᠂ ᠬᠤᠰᠢᠭᠤᠨ ᠤ ᠲᠡᠰ ᠤᠨ ᠰᠢᠳᠠᠷ᠎ᠠ ᠶᠢᠨ ᠤᠷᠤᠯᠳᠦᠭᠠᠨ ᠳᠤ ᠤᠯᠡᠨᠳᠡ ᠤᠷᠤᠯᠴᠠᠵᠦ ᠱᠠᠩᠨᠠᠯ ᠬᠦᠬᠢᠭᠦᠯᠦᠯ ᠬᠦᠷᠳᠡᠭᠰᠡᠭᠡᠷ ᠢᠷᠡᠭᠰᠡᠡ ᠪᠢᠯᠡ᠃ ᠦᠢᠯᠠᠭᠠᠭᠰᠠᠠ ᠢᠶᠠᠷ᠂ ᠲᠤᠰ ᠤᠳᠠᠭᠠᠨ ᠤ ᠤᠷᠤᠯᠳᠦᠭᠠᠨ ᠳᠤ ᠨᠡᠶᠢᠳᠡ 65 ᠬᠦᠮᠦᠨ ᠤᠷᠤᠯᠴᠠᠵᠦ᠂ ᠲᠠᠪᠦᠨ ᠲᠤᠭᠤᠢᠢᠯᠡᠩ ᠬᠤᠪᠢᠶᠠᠡ ᠤᠷᠤᠯᠳᠦᠵᠤ᠂ ᠡᠭᠦᠨ ᠳᠤ ᠲᠦᠷᠪᠡᠳᠦᠭᠡᠷ᠂ ᠲᠠᠪᠤᠳᠦᠭᠠᠷ ᠲᠡᠰ ᠤᠨ ᠲᠤᠭᠤᠢᠢᠯᠡᠩ ᠳᠤ 14 ᠬᠦᠮᠦᠨ ᠦᠷᠢᠰᠦᠯᠳᠦᠵᠦ᠂ ᠲᠤᠯᠤᠭᠠᠨ ᠡᠭᠡᠯᠵᠢ ᠶᠢᠨ ᠤᠷᠤᠯᠳᠦᠭᠠᠨ ᠳᠤ ᠮᠦᠰᠢᠶ᠎ᠠ ᠲᠠᠪᠤ ᠬᠤᠨᠵᠢᠵᠦ ᠬᠤᠶᠡᠷ ᠠᠯᠳᠠᠭᠠᠳ ᠲᠠᠪᠤᠨ ᠤᠨᠤᠭ᠎ᠠ ᠲᠠᠢ ᠲᠡᠷᠢᠭᠦᠯᠡᠭᠰᠡᠡ ᠪᠠᠶᠢᠨ᠎ᠠ᠃                                                          ︵ᠵᠣᠬᠢᠶᠠᠭᠴᠢ᠄ ᠭᠤᠸ᠎ᠠ︶
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号