ᠵᠢᠵᠢᠭᠭᠡᠨ ︽ᠠᠮᠠᠷᠠᠤ︾ ᠠᠴᠠ ᠪᠤᠯᠵᠤ ᠶᠡᠭᠡ ᠠᠰᠠᠭᠤᠳᠠᠯ ᠭᠠᠷᠴᠤ ᠮᠡᠳᠡᠨ᠎ᠡ
ᠨᠡᠶᠢᠲᠡᠯᠡᠭᠰᠡᠨ ᠴᠠᠭ᠄
2020/11/18
       ᠡᠪᠡᠳᠬᠦ ᠢᠯᠡᠷᠡᠯ ᠰᠢᠨᠵᠢ ᠦᠭᠡᠢ ᠠᠮᠠᠨ ᠬᠥᠨᠳᠡᠶ ᠶᠢᠨ ᠰᠢᠷᠬᠠᠯᠠᠭ᠎ᠠ ᠶᠢ ᠨᠠᠩ ᠰᠡᠷᠡᠮᠵᠢᠯᠡᠬᠦ ᠬᠡᠷᠡᠭᠲᠡᠶ        68 ᠨᠠᠰᠤᠲᠠᠶ ᠸᠠᠩ ᠨᠠᠰᠤᠳᠠᠨ ᠤ ᠬᠡᠯᠡᠨ ᠤ ᠤᠭ ᠤᠨ ᠵᠡᠬᠦᠨ ᠲᠠᠯ᠎ᠠ ᠳᠤᠨᠢ ᠮᠠᠨ ᠤ ᠠᠮᠢᠳᠤᠷᠠᠯ ᠳᠤ ᠦᠷᠭᠦᠯᠵᠢ ᠲᠣᠬᠢᠶᠠᠯᠳᠤᠳᠠᠭ ᠠᠮᠠᠨ ᠤ ᠬᠥᠨᠳᠡᠶ ᠶᠢᠨ ᠰᠢᠷᠬᠠᠯᠠᠭ᠎ᠠ ᠲᠠᠢ ᠠᠳᠠᠯᠢ ᠦᠭᠡᠢ ᠨᠢᠭᠡᠨ ᠰᠢᠷᠬᠠᠯᠠᠭ᠎ᠠ ᠭᠠᠷᠤᠬᠰᠠᠨ ᠪᠠᠶᠢᠯ᠎ᠠ᠃ ᠡᠮᠴᠢ ᠠᠴᠠ ᠸᠠᠩ ᠨᠠᠰᠤᠳᠠᠨ ᠳᠤ ᠠᠮᠢᠳᠤ ᠨᠡᠬᠡᠳᠡᠰᠦ ᠶᠢᠨ ᠰᠤᠳᠤᠯᠤᠯ ᠤᠨ ᠪᠠᠶᠢᠴᠠᠭᠠᠯᠳᠠ ᠬᠢᠭᠰᠡᠨ ᠳᠤ᠂ ᠲᠡᠭᠦᠨ ᠤ ᠬᠡᠯᠡᠨ ᠤ ᠤᠭ ᠤᠨ ᠵᠡᠭᠦᠨ ᠲᠠᠯ᠎ᠠ ᠳᠤᠨᠢ ᠭᠠᠷᠤᠬᠰᠠᠨ ᠰᠢᠷᠬᠠᠯᠠᠭ᠎ᠠ ᠨᠢ ᠨᠢᠭᠡᠨᠲᠡ ︽ᠠᠮᠠᠨ ᠬᠥᠨᠳᠡᠶ ᠶᠢᠨ ᠬᠠᠶᠢᠷᠰᠤᠯᠢᠭ ᠡᠰ ᠤᠨ ᠥᠮᠡᠨ︾ ᠪᠣᠯᠵᠤ ᠬᠤᠪᠢᠷᠠᠬᠰᠠᠨ ᠬᠡᠳᠡᠭ ᠡᠪᠡᠳᠴᠢᠨ ᠤ ᠵᠦᠢ ᠶᠢᠨ ᠦᠷ᠎ᠡ ᠳ᠋ᠦᠩ ᠢ ᠤᠯᠵᠡᠢ᠂ ᠥᠭᠡᠷ᠎ᠡ ᠪᠠᠷ ᠬᠡᠯᠡᠪᠡᠯ ᠠᠮᠠᠨ ᠬᠥᠨᠳᠡᠶ ᠶᠢᠨ ᠥᠮᠡᠨ ᠪᠤᠯᠤᠨ᠎ᠠ᠃ ᠲᠠᠬᠢᠬᠤ ᠴᠢᠨᠠᠷᠲᠠᠢ ᠠᠮᠠᠨ ᠤ ᠬᠥᠨᠳᠡᠢ ᠶᠢᠨ ᠰᠢᠷᠬᠠᠯᠠᠭ᠎ᠠ ᠪᠤᠯ ︽ᠰᠢᠷ᠎ᠠ᠂ ᠤᠯᠠᠭᠠᠨ᠂ ᠬᠤᠲᠣᠭᠤᠷ᠂ ᠡᠪᠡᠷᠰᠢᠶᠡᠯ︾ ᠲᠠᠢ ᠪᠠᠶᠢᠳᠠᠭ ᠨᠡᠶᠢᠲᠡᠯᠢᠭ ᠢᠯᠡᠷᠡᠯ ᠰᠢᠨᠵᠢ ᠲᠠᠢ ᠶᠤᠮ᠃ ᠲᠤᠬᠠᠶᠢᠯᠠᠪᠠᠯ ᠰᠢᠷᠬᠠᠯᠠᠭ᠎ᠠ ᠶᠢᠨ ᠭᠠᠳᠠᠷᠭᠤ ᠳᠡᠭᠡᠷ᠎ᠡ ᠰᠢᠷ᠎ᠠ ᠥᠩᠭᠡ ᠲᠠᠢ ᠪᠦᠷᠬᠦᠪᠴᠢ ᠲᠠᠢ᠂ ᠡᠷᠭᠢᠨ ᠲᠣᠭᠤᠷᠢᠨ ᠳᠤᠨᠢ ᠤᠯᠠᠭᠠᠨ ᠥᠩᠭᠡ ᠶᠢᠨ ᠴᠠᠭᠠᠷᠢᠭ ᠲᠠᠢ᠂ ᠭᠤᠤᠯ ᠨᠢ ᠬᠤᠲᠦ᠋ᠢᠭ᠌ᠰᠠᠨ ᠪᠠ ᠡᠪᠡᠳᠬᠦ ᠨᠢ ᠢᠯᠡᠷᠬᠡᠢ ᠪᠠᠶᠢᠵᠤ᠂ ᠶᠡᠷᠦᠳᠡᠭᠡᠨ ᠠᠷᠪᠠ ᠠᠴᠠ ᠠᠷᠪᠠᠨ ᠳᠥᠷᠪᠡᠨ ᠡᠳᠦᠷ ᠲᠤ ᠥᠪᠡᠰᠦᠪᠡᠨ ᠡᠳᠡᠭᠡᠷᠡᠳᠡᠭ᠃ ᠭᠡᠲᠡᠯ᠎ᠡ ᠸᠠᠩ ᠨᠠᠰᠤᠳᠠᠨ ᠤ ᠠᠮᠠᠨ ᠬᠥᠨᠳᠡᠢ ᠶᠢᠨ ᠰᠢᠷᠬᠠᠯᠠᠭ᠎ᠠ ᠨᠢ ᠬᠡᠯᠡᠨ ᠤ ᠤᠭ ᠤᠨ ᠵᠡᠬᠦᠨ ᠲᠠᠯ᠎ᠠ ᠳᠠᠬᠢ ᠰᠢᠳᠦᠨ ᠤ ᠤᠭ ᠢᠯᠵᠢᠷᠡᠬᠰᠡᠨ ᠠᠴᠠ ᠪᠤᠯᠵᠤ ᠤᠳᠠᠭᠠᠨ ᠬᠤᠭᠤᠴᠠᠭ᠎ᠠ ᠪᠠᠷ ᠰᠡᠳᠦᠯᠲᠡ ᠦᠭᠭᠦᠭᠰᠡᠨ ᠠᠴᠠ ᠪᠣᠯᠤᠭᠰᠠᠨ ᠶᠤᠮ᠃ ᠡᠶᠢᠮᠦ ᠰᠢᠷᠬᠠᠯᠠᠭ᠎ᠠ ᠨᠢ ᠡᠬᠢᠨ ᠤ ᠦᠶ᠎ᠡ ᠳᠤ ᠣᠯᠠᠩᠬᠢ ᠳᠠᠭᠠᠨ ᠭᠠᠳᠠᠷ ᠬᠡᠯᠪᠡᠷᠢ ᠨᠢ ᠡᠮᠬᠢ ᠵᠠᠮᠪᠠᠷᠠᠭ᠎ᠠ ᠦᠭᠡᠢ᠂ ᠡᠷᠭᠢᠨ ᠲᠣᠭᠤᠷᠢᠨ ᠨᠢ ᠴᠠᠶᠢᠵᠤ᠂ ᠡᠪᠡᠳᠬᠦ ᠨᠢ ᠢᠯᠡᠷᠬᠡᠶ ᠦᠭᠡᠢ ᠪᠠᠶᠢᠳᠠᠭ᠃ ᠢᠯᠵᠢᠷᠡᠭᠰᠡᠨ ᠰᠢᠳᠦᠨ ᠤ ᠤᠭ ᠢ ᠴᠠᠭ ᠲᠤᠬᠠᠶ ᠳᠤᠨᠢ ᠠᠪᠴᠤ ᠬᠠᠶᠠᠭᠰᠠᠨ‌ᠥᠬᠡᠶ᠂ ᠬᠡᠯᠡᠨ ᠤ ᠤᠭ ᠲᠤ ᠪᠠᠶᠢᠨ ᠳᠠᠬᠢᠨ ᠰᠡᠳᠡᠯᠲᠡ ᠥᠭᠭᠦᠭᠰᠡᠨ ᠠᠴᠠ ᠪᠤᠯᠵᠤ ᠰᠢᠷᠬᠠᠯᠠᠭ᠎ᠠ ᠨᠢ ᠥᠮᠡᠨ ᠪᠤᠯᠵᠤ ᠬᠤᠪᠢᠷᠠᠳᠠᠭ᠃ ᠰᠢᠷᠬᠠᠯᠠᠭ᠎ᠠ ᠨᠢ ᠭᠦᠨ ᠪᠣᠯᠵᠤ ᠶᠡᠬᠡᠳᠬᠦ ᠲᠤᠰᠤᠮ ᠢᠶᠠᠨ ᠥᠪᠡᠷ ᠢᠶᠠᠨ ᠡᠳᠡᠭᠡᠷᠡᠬᠦ ᠶᠢᠨ ᠠᠷᠭ᠎ᠠ ᠦᠭᠡᠢ ᠪᠣᠯᠳᠠᠭ ᠶᠤᠮ᠃ ᠸᠠᠩ ᠨᠠᠰᠤᠳᠠᠨ ᠲᠠᠢ ᠠᠳᠠᠯᠢᠪᠳᠤᠷ ᠡᠪᠡᠳᠴᠢᠨ ᠲᠠᠢ ᠬᠦᠮᠦᠰ ᠠᠮᠠᠨ ᠬᠥᠨᠳᠡᠶ ᠶᠢᠨ ᠰᠠᠯᠢᠰᠤᠲᠤ ᠪᠦᠷᠬᠦᠪᠴᠢ ᠶᠢᠨ ᠰᠠᠯᠠᠭᠠᠨ ᠤ ᠡᠬᠦᠳᠡᠨ ᠡᠮᠨᠡᠯᠭᠡ ᠳᠤ ᠵᠥᠩᠳᠡᠭᠡᠨ ᠡᠪᠡᠳᠴᠢᠨ ᠢᠶᠠᠨ ᠦᠵᠡᠬᠦᠯᠵᠦ ᠪᠤᠢ᠂ ᠲᠡᠳᠡᠨ ᠤ ᠣᠯᠠᠩᠬᠢ ᠨᠢ ᠠᠮᠠᠨ ᠬᠥᠨᠳᠡᠢ ᠶᠢᠨ ᠰᠠᠯᠢᠰᠤᠲᠤ ᠪᠦᠷᠬᠦᠪᠴᠢ ᠶᠢᠨ ᠡᠪᠡᠳᠴᠢᠨ ᠤ ᠲᠤᠬᠠᠢ ᠲᠠᠨᠢᠯᠲᠠ ᠪᠠᠷ ᠲᠤᠳᠠᠮᠠᠭ ᠪᠤᠶᠤ ᠡᠪᠡᠳᠴᠢᠨ ᠢᠶᠠᠨ ᠴᠢᠬᠤᠯᠠᠴᠢᠯᠠᠬᠤ ᠪᠠᠷ ᠬᠦᠷᠦᠯᠴᠡᠭᠦ ᠦᠭᠡᠢ ᠠᠴᠠ ᠪᠤᠯᠵᠤ ᠡᠪᠡᠳᠴᠢᠨ ᠢᠶᠠᠨ ᠡᠮᠨᠡᠬᠦᠯᠦᠨ ᠵᠠᠰᠠᠭᠤᠯᠬᠤ ᠬᠠᠮᠤᠭ ᠤᠨ ᠰᠠᠶᠢᠨ ᠴᠠᠭ ᠲᠣᠬᠢᠶᠠᠯ ᠢ ᠠᠯᠲᠠᠵᠦ ᠶᠠᠪᠤᠭᠤᠯᠵᠠᠢ᠃       ᠨᠠᠰᠤᠳᠠᠶᠢᠴᠤᠳ ᠲᠤ ᠠᠮᠠᠨ ᠬᠥᠨᠳᠡᠶ ᠶᠢᠨ ᠰᠠᠯᠢᠰᠤᠲᠤ ᠪᠦᠷᠬᠦᠪᠴᠢ ᠶᠢᠨ ᠡᠪᠡᠳᠴᠢᠨ ᠣᠯᠠᠨ ᠡᠭᠦᠰᠳᠡᠭ       ᠠᠮᠠᠨ ᠬᠥᠨᠳᠡᠢ ᠶᠢᠨ ᠰᠠᠯᠢᠰᠤᠲᠤ ᠪᠦᠷᠬᠦᠪᠴᠢ ᠶᠢᠨ ᠡᠪᠡᠳᠴᠢᠨ ᠭᠡᠳᠡᠭ ᠨᠢ ᠤᠷᠤᠭᠤᠯ᠂ ᠬᠠᠴᠠᠷ᠂ ᠬᠡᠯᠡ᠂ ᠪᠤᠶᠢᠯᠠ ᠵᠡᠷᠭᠡ ᠠᠮᠠᠨ ᠬᠥᠨᠳᠡᠢ ᠲᠤᠳᠤᠷᠠᠬᠢ ᠰᠢᠳᠦᠨ ᠠᠴᠠ ᠪᠤᠰᠤᠳ ᠵᠥᠭᠡᠯᠡᠨ ᠨᠡᠬᠡᠳᠡᠰᠦ ᠶᠢᠨ ᠥᠩᠭᠡᠨ ᠲᠠᠯ᠎ᠠ ᠳᠤ ᠡᠭᠦᠰᠦᠭᠰᠡᠨ ᠡᠪᠡᠳᠴᠢᠨ ᠢ ᠵᠢᠭᠠᠵᠤ ᠪᠠᠶᠢᠨ᠎ᠠ᠃ ᠨᠠᠰᠤᠲᠠᠶᠢᠴᠤᠳ ᠲᠤ ᠡᠨᠡᠬᠦ ᠡᠪᠡᠳᠴᠢᠨ ᠣᠯᠠᠨ ᠡᠭᠦᠰᠳᠡᠭ᠃ ᠰᠢᠯᠲᠠᠭᠠᠨ ᠢ ᠨᠢ ᠤᠬᠤᠴᠢᠯᠠᠪᠡᠯ᠂ ᠨᠢᠭᠡ ᠲᠠᠯ᠎ᠠ ᠪᠠᠷ ᠨᠠᠰᠤ ᠨᠡᠮᠡᠭᠳᠡᠬᠦ ᠶᠢ ᠲᠠᠭᠠᠯᠳᠤᠨ ᠪᠡᠶ᠎ᠡ ᠮᠠᠬᠠᠪᠣᠳ ᠤᠨ ᠬᠢᠨᠢ ᠡᠭᠡᠯᠢᠯᠡᠭᠡ ᠶᠢᠨ ᠴᠢᠳᠠᠪᠤᠷᠢ ᠪᠣᠯᠤᠨ ᠠᠮᠠᠨ ᠬᠥᠨᠳᠡᠢ ᠶᠢᠨ ᠰᠠᠯᠢᠰᠤᠲᠤ ᠪᠦᠷᠬᠦᠪᠴᠢ ᠶᠢᠨ ᠡᠳᠡᠭᠡᠷᠡᠬᠦ ᠴᠢᠳᠠᠪᠤᠷᠢ ᠨᠢ ᠪᠠᠭᠤᠷᠠᠬᠰᠠᠨ ᠠᠴᠠ ᠪᠤᠯᠵᠤ᠂ ᠨᠠᠰᠤᠲᠠᠶᠢᠴᠤᠳ ᠠᠮᠠᠨ ᠬᠥᠨᠳᠡᠢ ᠶᠢᠨ ᠰᠠᠯᠢᠰᠤᠲᠤ ᠪᠦᠷᠬᠦᠪᠴᠢ ᠶᠢᠨ ᠡᠪᠡᠳᠴᠢᠨ ᠠᠮᠠᠷᠬᠠᠨ ᠤᠯᠳᠠᠭ᠃ ᠨᠥᠭᠦᠭᠡ ᠲᠠᠯ᠎ᠠ ᠪᠠᠷ ᠨᠠᠰᠤᠲᠠᠶᠢᠴᠤᠳ ᠤᠨ ᠠᠮᠠᠨ ᠬᠥᠨᠳᠡᠶ ᠶᠢᠨ ᠣᠷᠴᠢᠨ ᠲᠣᠭᠤᠷᠢᠨ ᠪᠤᠳᠤᠯᠢᠶᠠᠨᠲᠠᠶ᠂ ᠣᠯᠠᠩᠬᠢ ᠨᠠᠰᠤᠲᠠᠶᠢᠴᠤᠳ ᠤᠨ ᠠᠮᠠᠨ ᠬᠥᠨᠳᠡᠢ ᠳᠤ ᠰᠢᠳᠦᠨ ᠤ ᠦᠯᠡᠳᠡᠭᠳᠡᠯ ᠤᠭ᠂ ᠡᠮᠳᠡᠷᠡᠭᠰᠡᠨ ᠰᠢᠳᠦ ᠲᠠᠢ ᠪᠠᠶᠢᠵᠤ᠂ ᠠᠮᠠᠨ ᠬᠥᠨᠳᠡᠢ ᠶᠢᠨ ᠡᠷᠡᠭᠦᠯ ᠬᠠᠮᠠᠭᠠᠯᠠᠯ ᠢᠶᠠᠷ ᠠᠨᠠᠢ ᠪᠠᠶᠢᠳᠠᠭ ᠤᠨ ᠲᠡᠭᠡᠷ᠎ᠡ ᠨᠢ ᠡᠮ ᠬᠡᠷᠡᠭᠯᠡᠬᠦ ᠪᠠᠷ ᠠᠷᠪᠢᠨ᠂ ᠬᠢᠮᠡᠯ ᠰᠢᠳᠦ ᠵᠡᠭᠦᠬᠦ ᠳᠡᠭᠡᠨ ᠠᠷᠢᠭᠤᠨ ᠴᠡᠪᠡᠷ ᠢ ᠡᠷᠬᠢᠮᠯᠡᠬᠦ ᠪᠠᠷ ᠪᠠᠷᠤᠬᠳᠠᠢ᠂ ᠤᠷᠲᠤ ᠬᠤᠭᠤᠴᠠᠭ᠎ᠠ ᠪᠠᠷ ᠲᠠᠮᠠᠬᠢ ᠲᠠᠲᠠᠵᠤ ᠠᠷᠢᠬᠢ ᠤᠤᠭᠤᠬᠤ ᠵᠡᠷᠭᠡ ᠠᠴᠠ ᠪᠤᠯᠵᠤ ᠠᠮᠠᠨ ᠬᠥᠨᠳᠡᠢ ᠶᠢᠨ ᠰᠠᠯᠢᠰᠤᠲᠤ ᠪᠦᠷᠬᠦᠪᠴᠢ ᠶᠢᠨ ᠡᠪᠡᠳᠴᠢᠨ ᠠᠮᠠᠷᠬᠠᠨ ᠡᠭᠦᠰᠳᠡᠭ᠃ ᠡᠶᠢᠮᠦ ᠠᠴᠠ ᠨᠠᠰᠤᠲᠠᠶᠢᠴᠤᠳ ᠤᠨ ᠠᠮᠠᠨ ᠬᠥᠨᠳᠡᠶ ᠶᠢᠨ ᠰᠠᠯᠢᠰᠤᠲᠤ ᠪᠦᠷᠬᠦᠪᠴᠢ ᠶᠢ ᠡᠷᠡᠭᠦᠯ ᠪᠠᠶᠢᠯᠭᠠᠬᠤ ᠶᠢᠨ ᠲᠤᠰᠠᠳᠠ ᠨᠡᠶᠢᠭᠡᠮ ᠨᠡᠶᠢᠳᠡ  ᠪᠠᠷ ᠢᠶᠠᠨ ᠨᠠᠩ ᠥᠷᠭᠡᠨ ᠢᠶᠠᠷ ᠠᠩᠬᠠᠷᠤᠯ ᠢᠶᠠᠨ ᠲᠠᠯᠪᠢᠬᠤ ᠬᠡᠷᠡᠭᠲᠡᠶ᠃       ᠡᠮᠴᠢ ᠠᠴᠠ ᠤᠯᠠᠨ ᠳᠤ᠄ ᠬᠡᠷᠪᠡ ᠠᠮᠠᠨ ᠬᠥᠨᠳᠡᠢ ᠳᠣᠲᠣᠷᠠᠬᠢ ᠠᠯᠢ ᠨᠢᠭᠡ ᠭᠠᠵᠠᠷ ᠲᠤ ᠴᠢᠨᠢ ᠰᠢᠷᠬᠠᠯᠠᠭ᠎ᠠ ᠭᠠᠷᠤᠭᠠᠳ ᠬᠤᠶᠠᠷ ᠭᠠᠷᠠᠭ ᠪᠤᠯᠤᠬᠰᠠᠨ ᠪᠤᠯᠪᠠᠴᠤ ᠶᠡᠷᠦ ᠨᠢ ᠡᠳᠡᠭᠡᠷᠡᠬᠦ ᠦᠭᠡᠢ ᠳᠤ ᠬᠦᠷᠪᠡᠯ᠂ ᠡᠷᠬᠡᠪᠰᠢ ᠰᠣᠨᠣᠷ ᠰᠡᠷᠡᠮᠵᠢ ᠪᠠᠨ ᠳᠡᠭᠡᠭᠰᠢᠯᠡᠭᠦᠯᠵᠦ᠂ ᠡᠷᠲᠡᠬᠡᠨ ᠡᠮᠨᠡᠭᠦᠯᠬᠦ ᠬᠡᠷᠡᠭᠲᠡᠶ᠃ ᠡᠭᠦᠨ ᠠᠴᠠ ᠭᠠᠳᠠᠨ᠎ᠠ᠂ ᠨᠠᠰᠤᠲᠠᠶᠢᠴᠤᠳ ᠤᠨ ᠠᠮᠠᠨ ᠬᠥᠨᠳᠡᠢ ᠶᠢᠨ ᠰᠠᠯᠢᠰᠤᠲᠤ ᠪᠦᠷᠬᠦᠪᠴᠢ ᠨᠢ ᠡᠪᠡᠳᠬᠦ᠂ ᠬᠠᠭᠤᠷᠠᠶᠢᠰᠢᠬᠤ᠂ ᠴᠥᠪᠥᠷᠢᠭᠦᠦ ᠭᠠᠷᠬᠤ᠂ ᠬᠠᠭᠠᠷᠠᠬᠤ᠂ ᠥᠩᠭᠡ  ᠨᠢ ᠬᠤᠪᠢᠷᠠᠬᠤ ᠵᠡᠷᠭᠡ ᠠᠰᠠᠭᠤᠳᠠᠯ ᠭᠠᠷᠤᠭᠰᠠᠭᠠᠷ ᠴᠠᠭ ᠲᠤᠬᠠᠢ ᠳᠤᠨᠢ ᠡᠮᠨᠡᠭᠦᠯᠵᠦ᠂ ᠣᠨᠣᠪᠴᠢᠲᠠᠢ ᠪᠥᠭᠡᠳ ᠪᠦᠲᠦᠮᠵᠢᠲᠡᠢ ᠣᠨᠣᠰᠢᠯᠠᠨ ᠲᠤᠳᠤᠯᠠᠭᠤᠯᠬᠤ ᠪᠠ ᠡᠮᠨᠠᠬᠦᠯᠦᠨ ᠵᠠᠰᠠᠭᠤᠯᠬᠤ ᠬᠡᠷᠡᠭᠳᠡᠢ ᠬᠡᠵᠦ ᠰᠠᠨᠠᠭᠤᠯᠵᠤ ᠪᠠᠶᠢᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号